2022 ᠣᠨ ᠤ ︽ᠣᠯᠠᠨ ᠤᠯᠤᠰ ᠤᠨ ᠦᠢᠯᠡ ᠠᠵᠢᠯᠯᠠᠭᠠᠨ ᠤ ᠰᠢᠮ᠎ᠡ ᠲᠡᠵᠢᠭᠡᠯ ᠬᠢᠭᠡᠳ ᠪᠡᠶ᠎ᠡ ᠶᠢᠨ | ᠲᠠᠮᠢᠷ ᠤᠨ ᠬᠥᠳᠡᠯᠭᠡᠭᠡᠨ︾ ᠰᠡᠳᠬᠦᠯ ᠳᠤ ᠨᠡᠶᠢᠲᠡᠯᠡᠭᠰᠡᠨ ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠪᠡᠶ᠎ᠡ ᠶᠢᠨ | ᠬᠥᠳᠡᠯᠭᠡᠭᠡᠨ ᠢᠯᠡᠭᠦᠦ ᠬᠢᠬᠦ ᠨᠢ ᠥᠮᠡᠨ᠂ ᠠᠭᠤᠰᠬᠢᠨ ᠥᠮᠡᠨ᠂ ᠬᠤᠲᠣᠷᠢᠩᠬᠠᠢ ᠭᠡᠳᠡᠰᠦ ᠰᠢᠯᠤᠭᠤᠨ ᠭᠡᠳᠡᠰᠦᠨ ᠤ | ᠥᠮᠡᠨ ᠤ ᠲᠦᠭᠰᠢᠭᠦᠷᠢ ᠶᠢ ᠪᠠᠭᠤᠷᠠᠭᠤᠯᠬᠤ ᠲᠠᠢ ᠬᠤᠯᠪᠣᠭ᠎ᠠ ᠲᠠᠢ ᠪᠠᠶᠢᠳᠠᠭ᠃ | ᠡᠨᠡ ᠬᠦ ᠰᠤᠳᠤᠯᠭᠠᠨ ᠳᠤ᠂ 30 ᠠᠴᠠ 79 ᠨᠠᠰᠤᠨ ᠤ ᠮᠠᠨ ᠤ ᠤᠯᠤᠰ ᠤᠨ 5 ᠲᠦᠮᠡ ᠭᠠᠷᠤᠢ | ᠣᠷᠣᠯᠴᠠᠭᠴᠢ ᠶᠢ ᠣᠷᠣᠭᠤᠯᠵᠤ᠂ ᠣᠯᠠᠨ ᠤ ᠪᠡᠶ᠎ᠡ ᠶᠢᠨ ᠬᠥᠳᠡᠯᠭᠡᠭᠡᠨ ᠤ ᠪᠠᠶᠢᠳᠠᠯ ᠤᠨ ᠪᠦᠷᠢᠳᠬᠡᠯ ᠬᠢᠭᠰᠡᠨ ᠢᠶᠠᠷ | ᠪᠠᠷᠠᠬᠤ ᠦᠭᠡᠢ᠂ ᠪᠠᠰᠠ ᠢᠳᠡᠭᠡᠨ ᠤᠮᠳᠠᠭᠠᠨ᠂ ᠠᠷᠢᠬᠢ ᠤᠤᠭᠤᠬᠤ᠂ ᠲᠠᠮᠠᠬᠢ ᠲᠠᠲᠠᠬᠤ᠂ ᠪᠡᠶ᠎ᠡ ᠶᠢᠨ ᠬᠦᠨᠳᠦ ᠵᠡᠷᠭᠡ | ᠠᠮᠢᠳᠤᠷᠠᠯ ᠤᠨ ᠠᠷᠭ᠎ᠠ ᠮᠠᠶ᠋ᠢᠭ ᠪᠠ ᠲᠥᠷᠥᠯ ᠤᠭᠰᠠᠭ᠎ᠠ ᠶᠢᠨ ᠥᠮᠡᠨ ᠡᠪᠡᠳᠴᠢᠨ ᠤ ᠮᠡᠳᠡᠭᠡ ᠵᠠᠩᠭᠢ ᠶᠢᠨ ᠲᠤᠬᠠᠢ | ᠪᠦᠷᠢᠳᠬᠡᠯ ᠬᠢᠵᠡᠢ᠃ | ᠪᠦᠷᠢᠳᠬᠡᠯ ᠬᠢᠭᠰᠡᠨ ᠳ᠋ᠦᠩ ᠠᠴᠠ ᠦᠵᠡᠪᠡᠯ᠂ 25.1% ᠬᠥᠮᠥᠰ ᠨᠢ ᠲᠥᠷᠥᠯ ᠤᠭᠰᠠᠭ᠎ᠠ ᠶᠢᠨ ᠥᠮᠡᠨ | ᠡᠪᠡᠳᠴᠢᠨ ᠤ ᠲᠡᠦᠬᠡ ᠲᠠᠢ᠃ ᠪᠤᠰᠤᠳ ᠬᠦᠴᠦᠨ ᠵᠦᠢᠯ ᠤᠨ ᠨᠥᠯᠥᠭᠡ ᠶᠢ ᠭᠠᠷᠭᠠᠪᠠᠯ᠂ ᠪᠡᠶ᠎ᠡ ᠶᠢᠨ ᠬᠥᠳᠡᠯᠭᠡᠭᠡᠨ | ᠢᠯᠡᠭᠦᠦ ᠬᠢᠬᠦ ᠨᠢ ᠣᠷᠣᠯᠴᠠᠭᠰᠠᠳ ᠤᠨ ᠥᠮᠡᠨ ᠡᠪᠡᠳᠴᠢᠨ ᠤ ᠲᠦᠭᠰᠢᠭᠦᠷᠢ ᠶᠢ ᠪᠠᠭᠤᠷᠠᠭᠤᠯᠬᠤ ᠲᠠᠢ | ᠬᠤᠯᠪᠣᠭ᠎ᠠ ᠲᠠᠢ ᠪᠠᠶᠢᠬᠤ ᠶᠢ ᠰᠤᠳᠤᠯᠤᠭᠴᠢᠳ ᠣᠯᠵᠤ ᠮᠡᠳᠡᠵᠡᠢ᠃ | ᠬᠥᠳᠡᠯᠭᠡᠭᠡᠨ ᠬᠢᠬᠦ ᠨᠢ ᠥᠮᠡᠨ ᠡᠪᠡᠳᠴᠢᠨ ᠢ ᠰᠡᠷᠭᠡᠶᠢᠯᠡᠬᠦ ᠳᠤ ᠴᠢᠬᠤᠯᠠ ᠦᠢᠯᠡᠳᠦᠯ ᠲᠠᠢ ᠭᠡᠳᠡᠭ ᠢ | ᠡᠭᠦᠨ ᠠᠴᠠ ᠮᠡᠳᠡᠵᠦ ᠪᠣᠯᠣᠨ᠎ᠠ᠃ ᠬᠥᠳᠡᠯᠭᠡᠭᠡᠨ ᠬᠢᠬᠦ ᠳᠠᠳᠬᠠᠯ ᠠᠴᠠ ᠭᠠᠳᠠᠨ᠎ᠠ᠂ ᠥᠮᠡᠨ ᠤ ᠡᠰ ᠨᠢ ᠪᠠᠰᠠ ᠡᠳᠡᠭᠡᠷ | ᠳᠠᠳᠬᠠᠯ ᠠᠴᠠ ᠠᠶᠤᠳᠠᠭ᠃ | 1. ᠥᠮᠡᠨ ᠤ ᠡᠰ ᠨᠢ ᠰᠠᠶᠢᠨ ᠤᠨᠲᠠᠬᠤ ᠠᠴᠠ ᠠᠶᠤᠳᠠᠭ | 2. ᠥᠮᠡᠨ ᠤ ᠡᠰ ᠨᠢ ᠡᠷᠲᠡ ᠲᠠᠮᠠᠬᠢ ᠵᠣᠭᠰᠣᠬᠤ ᠠᠴᠠ ᠠᠶᠤᠳᠠᠭ | 3. ᠥᠮᠡᠨ ᠤ ᠡᠰ ᠨᠢ ᠰᠡᠳᠬᠢᠯ ᠤᠨ ᠪᠠᠶᠢᠳᠠᠯ ᠰᠠᠶᠢᠨ ᠪᠠᠶᠢᠬᠤ ᠠᠴᠠ ᠠᠶᠤᠳᠠᠭ | 4. ᠥᠮᠡᠨ ᠤ ᠡᠰ ᠨᠢ ᠮᠢᠬ᠎ᠠ ᠲᠣᠰᠣ ᠦᠭᠡᠢ ᠬᠤᠭᠤᠯᠠ ᠢᠳᠡᠬᠦ ᠠᠴᠠ ᠠᠶᠤᠳᠠᠭ | 5. ᠥᠮᠡᠨ ᠤ ᠡᠰ ᠨᠢ ᠨᠠᠢᠮᠠᠨ ᠬᠤᠪᠢ ᠴᠠᠳᠬᠤ ᠠᠴᠠ ᠠᠶᠤᠳᠠᠭ | 6. ᠥᠮᠡᠨ ᠤ ᠡᠰ ᠨᠢ ᠪᠡᠶ᠎ᠡ ᠶᠢᠨ ᠪᠠᠶᠢᠴᠠᠭᠠᠯᠲᠠ ᠬᠢᠬᠦ ᠠᠴᠠ ᠠᠶᠤᠳᠠᠭ |