ᠬᠡᠷᠡᠮ ᠨᠠᠭᠠᠯᠳᠤᠨ ᠵᠣᠭᠰᠣᠬᠤ ᠨᠢ ᠶᠠᠮᠠᠷ ᠶᠠᠮᠠᠷ ᠰᠠᠶᠢᠨ ᠲᠠᠯ᠎ᠠ ᠲᠠᠢ ᠪᠤᠶ︖ ᠬᠡᠷᠡᠮ ᠨᠠᠭᠠᠯᠳᠤᠨ | ᠵᠣᠭᠰᠣᠬᠤ ᠶᠢ ᠴᠢᠮᠠᠯᠠᠵᠤ ᠪᠣᠯᠬᠤ ᠦᠭᠡᠢ᠂ ᠡᠨᠡ ᠪᠣᠯ ᠨᠢᠭᠡ ᠵᠦᠢᠯ ᠤᠨ ︽ᠤᠷᠲᠤ ᠨᠠᠰᠤᠯᠠᠬᠤ ᠬᠥᠳᠡᠯᠭᠡᠭᠡᠨ︾ | ᠮᠥᠨ︕ 1. ᠬᠡᠷᠡᠮ ᠨᠠᠭᠠᠯᠳᠤᠨ ᠵᠣᠭᠰᠣᠬᠤ ᠨᠢ ᠮᠠᠷᠢᠶ᠎ᠠ ᠰᠢᠭᠤᠷᠠᠭᠤᠯᠵᠤ ᠰᠢᠩᠭᠡᠭᠡᠯᠲᠡ ᠶᠢ ᠰᠠᠶᠢᠵᠢᠷᠠᠭᠤᠯᠤᠨ᠎ᠠ | ᠬᠤᠭᠤᠯᠠ ᠪᠠᠨ ᠢᠳᠡᠵᠦ ᠪᠠᠷᠠᠭᠰᠠᠨ ᠤ ᠳᠠᠷᠠᠭ᠎ᠠ ᠰᠠᠭᠤᠵᠤ ᠬᠡᠪᠲᠡᠬᠦ ᠨᠢ ᠰᠢᠩᠭᠡᠭᠡᠯᠲᠡ ᠶᠢ ᠨᠥᠯᠥᠭᠡᠯᠡᠬᠦ ᠪᠠᠷ ᠪᠠᠷᠠᠬᠤ | ᠦᠭᠡᠢ ᠪᠠᠰᠠ ᠭᠡᠳᠡᠰᠦᠨ ᠳᠤ ᠮᠠᠷᠢᠶ᠎ᠠ ᠰᠠᠭᠤᠯᠭᠠᠨ᠎ᠠ᠃ ᠬᠤᠭᠤᠯᠠᠨ ᠤ ᠳᠠᠷᠠᠭ᠎ᠠ ᠬᠡᠷᠡᠮ ᠨᠠᠭᠠᠯᠳᠤᠨ ᠵᠢᠭᠠᠬᠠᠨ | ᠵᠣᠭᠰᠣᠪᠠᠯ ᠰᠢᠩᠭᠡᠭᠡᠯᠲᠡ ᠳᠤ ᠲᠤᠰᠠᠲᠠᠢ ᠮᠥᠷᠲᠡᠭᠡᠨ ᠮᠠᠷᠢᠶ᠎ᠠ ᠰᠢᠭᠤᠷᠠᠭᠤᠯᠵᠤ ᠲᠠᠶᠢᠯᠤᠨ᠎ᠠ᠃ ᠡᠬᠢᠨ ᠳᠤ ᠪᠠᠨ 5 | ᠮᠢᠨᠦ᠋ᠲ ᠵᠣᠭᠰᠣᠵᠤ᠂ ᠶᠠᠪᠤᠭᠠᠨ ᠳᠠᠭᠠᠨ 10 ~15 ᠮᠢᠨᠦ᠋ᠲ ᠪᠣᠯᠭᠠᠨ ᠤᠷᠲᠤᠳᠬᠠᠵᠤ ᠪᠣᠯᠣᠨ᠎ᠠ᠃ | ᠵᠣᠭᠰᠣᠬᠤ ᠳᠠᠭᠠᠨ ᠲᠡᠭᠰᠢ ᠤᠯᠠ ᠲᠠᠢ ᠱᠠᠬᠠᠢ ᠡᠮᠦᠰᠬᠦ ᠶᠢ ᠠᠩᠬᠠᠷᠬᠤ ᠬᠡᠷᠡᠭᠲᠡᠢ᠃ ᠬᠡᠷᠡᠮ ᠨᠠᠭᠠᠯᠳᠤᠨ ᠵᠣᠭᠰᠣᠬᠤ ᠨᠢ | ᠪᠦᠬᠦ ᠪᠡᠶ᠎ᠡ ᠶᠢᠨ ᠪᠤᠯᠴᠢᠩ ᠢ ᠪᠣᠯᠪᠠᠰᠤᠷᠠᠭᠤᠯᠵᠤ᠂ ᠨᠡᠩ ᠠᠷᠪᠢᠨ ᠢᠯᠴᠢ ᠵᠠᠷᠤᠴᠠᠭᠤᠯᠵᠤ᠂ ᠪᠡᠶ᠎ᠡ ᠶᠢ | ᠴᠢᠩᠭᠠᠷᠠᠭᠤᠯᠬᠤ ᠶᠢᠨ ᠬᠠᠮᠲᠤ ᠮᠠᠷᠢᠶ᠎ᠠ ᠰᠢᠭᠤᠷᠠᠭᠤᠯᠬᠤ ᠪᠠ ᠥᠭᠡᠬᠦ ᠶᠢ ᠪᠠᠭᠤᠷᠠᠭᠤᠯᠬᠤ ᠦᠷ᠎ᠡ ᠳ᠋ᠦᠩ ᠳᠤ ᠬᠦᠷᠳᠡᠭ᠃ | 2. ᠬᠡᠷᠡᠮ ᠨᠠᠭᠠᠯᠳᠤᠨ ᠵᠣᠭᠰᠣᠬᠤ ᠨᠢ ᠪᠦᠰᠡᠯᠡᠭᠦᠷ ᠰᠡᠭᠡᠷ ᠪᠠ ᠬᠦᠵᠦᠭᠦᠦ ᠰᠡᠭᠡᠷ ᠢ ᠰᠤᠯᠠ ᠲᠠᠯᠪᠢᠬᠤ ᠳᠤ | ᠲᠤᠰᠠᠯᠠᠨ᠎ᠠ ᠬᠡᠷᠡᠮ ᠨᠠᠭᠠᠯᠳᠤᠨ ᠵᠣᠭᠰᠣᠬᠤ ᠦᠶ᠎ᠡ ᠳᠤ᠂ ᠬᠦᠵᠦᠭᠦᠦ ᠰᠡᠭᠡᠷ ᠪᠠ ᠪᠦᠰᠡᠯᠡᠭᠦᠷ ᠰᠡᠭᠡᠷ ᠬᠡᠪ ᠤᠨ | ᠮᠤᠷᠦ᠋ᠢᠯᠲᠠ ᠪᠠᠨ ᠪᠠᠲᠤᠯᠠᠵᠤ᠂ ᠬᠦᠵᠦᠭᠦᠦ ᠰᠡᠭᠡᠷ ᠡᠮᠦᠨᠡᠰᠢ ᠪᠥᠬᠦ᠋ᠢᠬᠦ ᠪᠠ ᠪᠦᠰᠡᠯᠡᠭᠦᠷ ᠰᠡᠭᠡᠷ ᠡᠮᠦᠨᠡᠰᠢ | ᠪᠥᠬᠦ᠋ᠢᠬᠦ ᠠᠴᠠ ᠪᠣᠯᠣᠭᠰᠠᠨ ᠳᠠᠷᠤᠯᠲᠠ ᠶᠢ ᠡᠭᠦᠰᠬᠡᠬᠦ ᠠᠴᠠ ᠵᠠᠶᠢᠯᠠᠰᠬᠢᠵᠤ ᠴᠢᠳᠠᠨ᠎ᠠ᠃ 3. ᠬᠡᠷᠡᠮ ᠨᠠᠭᠠᠯᠳᠤᠨ | ᠵᠣᠭᠰᠣᠬᠤ ᠨᠢ ᠪᠠᠭᠠᠨ᠎ᠠ ᠨᠢᠷᠤᠭᠤ ᠶᠢ ᠵᠠᠰᠠᠨ᠎ᠠ ᠬᠡᠷᠡᠮ ᠨᠠᠭᠠᠯᠳᠤᠨ ᠵᠣᠭᠰᠣᠬᠤ ᠪᠠᠷ ᠳᠠᠮᠵᠢᠵᠤ᠂ ᠪᠠᠭᠠᠨ᠎ᠠ ᠨᠢᠷᠤᠭᠤ ᠶᠢ | ᠵᠣᠬᠢᠬᠤ ᠬᠡᠮᠵᠢᠶ᠎ᠡ ᠪᠠᠷ ᠲᠡᠭᠰᠢᠯᠡᠬᠦ ᠪᠠ ᠵᠠᠯᠠᠷᠠᠭᠤᠯᠬᠤ ᠦᠢᠯᠡᠳᠦᠯ ᠲᠠᠢ᠃ 4. ᠬᠡᠷᠡᠮ ᠨᠠᠭᠠᠯᠳᠤᠨ ᠵᠣᠭᠰᠣᠬᠤ ᠨᠢ | ᠪᠥᠭᠲᠥᠷ ᠢ ᠵᠠᠯᠠᠷᠠᠭᠤᠯᠤᠨ᠎ᠠ ᠬᠡᠷᠡᠮ ᠨᠠᠭᠠᠯᠳᠤᠨ ᠵᠣᠭᠰᠣᠬᠤ ᠨᠢ ᠪᠦᠭᠲᠦᠷ ᠢ ᠵᠠᠰᠠᠬᠤ ᠦᠢᠯᠡᠳᠦᠯ ᠲᠠᠢ ᠪᠠᠶᠢᠳᠠᠭ᠃ 5. | ᠬᠡᠷᠡᠮ ᠨᠠᠭᠠᠯᠳᠤᠨ ᠵᠣᠭᠰᠣᠬᠤ ᠨᠢ ᠠᠯᠬᠤᠬᠤ ᠬᠡᠯᠪᠡᠷᠢ ᠶᠢ ᠵᠠᠯᠠᠷᠠᠭᠤᠯᠤᠨ᠎ᠠ ᠲᠣᠯᠣᠭᠠᠢ ᠪᠠᠨ ᠡᠷᠭᠦᠨ ᠴᠡᠭᠡᠵᠢ ᠪᠠᠨ | ᠲᠡᠨᠢᠢᠯᠭᠡᠨ᠂ ᠵᠥᠪ ᠣᠨᠣᠪᠴᠢᠲᠠᠶ ᠬᠡᠯᠪᠡᠷᠢ ᠪᠠᠷ ᠠᠯᠬᠤᠪᠠᠯ ᠰᠠᠶ᠋ᠢ ᠬᠥᠮᠥᠨ ᠤ ᠪᠡᠶ᠎ᠡ ᠶᠢᠨ 13 ᠲᠣᠮᠣ ᠪᠤᠯᠴᠢᠩ ᠤᠨ | ᠰᠦᠷᠦᠭ ᠢ ᠳᠠᠶᠢᠴᠢᠯᠠᠨ ᠬᠠᠮᠲᠤ ᠳᠤᠨᠢ ᠬᠥᠳᠡᠯᠭᠡᠭᠡᠨ ᠬᠢᠯᠭᠡᠵᠦ᠂ ᠪᠡᠶ᠎ᠡ ᠮᠠᠬᠠᠪᠤᠳ ᠢ ᠴᠢᠭᠢᠷᠠᠭᠵᠢᠭᠤᠯᠤᠨ᠂ ᠡᠭᠡᠯᠢᠯᠡᠬᠦ | ᠴᠢᠳᠠᠯ ᠢ ᠳᠡᠭᠡᠭᠰᠢᠯᠡᠭᠦᠯᠵᠦ ᠴᠢᠳᠠᠨ᠎ᠠ᠃ ᠣᠳᠣᠬᠠᠨ ᠳᠤ ᠮᠠᠰᠢ ᠣᠯᠠᠨ ᠬᠥᠮᠥᠨ ᠵᠥᠪ ᠠᠯᠬᠤᠵᠤ ᠴᠢᠳᠠᠬᠤ ᠦᠭᠡᠢ᠂ | ᠦᠷᠭᠦᠯᠵᠢ ᠬᠡᠷᠡᠮ ᠨᠠᠭᠠᠯᠳᠤᠨ ᠵᠣᠭᠰᠣᠬᠤ ᠪᠣᠯ ᠨᠢᠭᠡᠨ ᠮᠠᠰᠢ ᠰᠠᠶᠢᠨ ᠪᠣᠯᠪᠠᠰᠤᠷᠠᠬᠤ ᠠᠷᠭ᠎ᠠ ᠪᠣᠯᠣᠨ᠎ᠠ᠃ 6. ᠬᠡᠷᠡᠮ | ᠨᠠᠭᠠᠯᠳᠤᠨ ᠵᠣᠭᠰᠣᠬᠤ ᠨᠢ ᠶᠠᠰᠤᠨ ᠤ ᠡᠳ᠋ ᠰᠡᠶᠢᠷᠡᠭᠵᠢᠬᠦ ᠶᠢ ᠰᠡᠷᠭᠡᠶᠢᠯᠡᠬᠦ ᠳᠤ ᠲᠤᠰᠠᠲᠠᠢ ᠨᠠᠰᠤᠲᠠᠨ ᠦᠷᠭᠦᠯᠵᠢ | ᠬᠡᠷᠡᠮ ᠲᠦᠰᠢᠨ ᠵᠣᠭᠰᠣᠪᠠᠯ ᠪᠠᠭᠠᠨ᠎ᠠ ᠨᠢᠷᠤᠭᠤ ᠶᠢ ᠬᠠᠮᠠᠭᠠᠯᠠᠵᠤ᠂ ᠶᠠᠰᠤᠨ ᠤ ᠪᠡᠷᠲᠡᠯ ᠢ ᠪᠠᠭᠠᠰᠬᠠᠨ᠎ᠠ᠃ | ᠵᠣᠭᠰᠣᠬᠤ ᠳᠠᠭᠠᠨ ᠡᠷᠬᠡᠪᠰᠢ ᠬᠤᠶᠠᠷ ᠮᠥᠷᠥ ᠪᠠᠨ ᠰᠤᠯᠠ ᠲᠠᠯᠪᠢᠵᠤ᠂ ᠴᠡᠭᠡᠵᠢ ᠲᠡᠨᠢᠢᠨ ᠭᠡᠳᠡᠰᠦ ᠪᠠᠨ ᠬᠤᠮᠢᠬᠤ | ᠬᠡᠷᠡᠭᠲᠡᠢ᠃ ᠬᠡᠷᠡᠮ ᠨᠠᠭᠠᠯᠳᠤᠨ ᠵᠣᠭᠰᠣᠬᠤ ᠳᠤ ᠶᠠᠭᠤ ᠶᠢ ᠠᠩᠬᠠᠷᠬᠤ ᠴᠢᠬᠤᠯᠠᠲᠠᠢ ᠪᠤᠢ︖ ᠬᠡᠷᠡᠮ ᠨᠠᠭᠠᠯᠳᠤᠨ | ᠵᠣᠭᠰᠣᠬᠤ ᠳᠤ ᠪᠣᠷᠪᠢ᠂ ᠭᠡᠳᠡᠰᠦ᠂ ᠥᠭᠡᠵᠡᠭ᠂ ᠨᠢᠷᠤᠭᠤ᠂ ᠲᠣᠬᠤ ᠵᠡᠷᠭᠡ ᠲᠠᠪᠤᠨ ᠬᠡᠰᠡᠭ ᠢ ᠬᠡᠷᠡᠮ ᠲᠠᠢ ᠨᠢᠭᠲᠠ | ᠨᠠᠭᠠᠯᠳᠤᠭᠤᠯᠤᠨ᠎ᠠ᠂ ᠵᠣᠭᠰᠣᠬᠤ ᠳᠠᠭᠠᠨ ᠵᠠᠪᠠᠯ ᠬᠥᠳᠡᠯᠭᠡᠭᠡᠨ ᠤ ᠪᠠᠷᠢᠮᠵᠢᠶ᠎ᠠ ᠶᠢ ᠠᠩᠬᠠᠷᠬᠤ ᠬᠡᠷᠡᠭᠲᠡᠢ᠂ ᠢᠩᠭᠢᠪᠡᠯ | ᠰᠠᠶ᠋ᠢ ᠨᠡᠩ ᠰᠠᠶᠢᠨ ᠦᠢᠯᠡᠳᠦᠯ ᠭᠠᠷᠭᠠᠵᠤ ᠴᠢᠳᠠᠨ᠎ᠠ᠃ ᠰᠠᠨᠠᠭᠤᠯᠬᠤ ᠨᠢ᠄ ᠡᠳᠦᠷ ᠪᠦᠷᠢ 5~10 ᠮᠢᠨᠦ᠋ᠲ | ᠵᠣᠭᠰᠣᠵᠤ ᠪᠣᠯᠣᠨ᠎ᠠ᠂ ᠬᠠᠭᠠᠰ ᠴᠠᠭ ᠠᠴᠠ ᠬᠡᠲᠦᠷᠡᠵᠦ ᠪᠣᠯᠬᠤ ᠦᠭᠡᠢ᠃ ᠤᠷᠳᠦ ᠬᠤᠭᠤᠴᠠᠭ᠎ᠠ ᠪᠠᠷ ᠪᠠᠷᠢᠮᠲᠠᠯᠠᠪᠠᠯ | ᠦᠷ᠎ᠡ ᠪᠦᠲᠦᠮᠵᠢ ᠲᠠᠢ ᠪᠣᠯᠵᠤ ᠴᠢᠳᠠᠨ᠎ᠠ᠃ ᠬᠡᠷᠡᠮ ᠨᠠᠭᠠᠯᠳᠤᠨ ᠵᠣᠭᠰᠣᠭᠰᠠᠨ ᠤ ᠳᠠᠷᠠᠭ᠎ᠠ ᠬᠠᠮᠤᠭ ᠰᠠᠶᠢᠨ ᠨᠢ 5 | ᠮᠢᠨᠦ᠋ᠲ ᠠᠭᠠᠵᠢᠮᠬᠠᠨ ᠠᠯᠬᠤᠬᠤ ᠬᠡᠷᠡᠭᠲᠡᠢ᠂ ᠤᠴᠢᠷ ᠨᠢ ᠵᠣᠭᠰᠣᠬᠤ ᠦᠶ᠎ᠡ ᠳᠤ ᠰᠢᠯᠪᠢ ᠶᠢᠨ ᠪᠤᠯᠴᠢᠩ ᠨᠢ | ᠮᠠᠰᠢ ᠬᠦᠴᠦ ᠠᠪᠴᠤ᠂ ᠠᠮᠠᠷᠬᠠᠨ ᠪᠤᠯᠴᠢᠩ ᠱᠠᠷᠬᠢᠷᠠᠨ ᠡᠪᠡᠳᠬᠦ ᠦᠵᠡᠭᠳᠡᠯ ᠭᠠᠷᠳᠠᠭ᠂ ᠰᠤᠯᠠ ᠠᠯᠬᠤᠪᠠᠯ | ᠡᠨᠡ ᠬᠦ ᠦᠵᠡᠭᠳᠡᠯ ᠢ ᠨᠠᠮᠳᠠᠭᠠᠨ᠎ᠠ᠃ | |