3 ᠰᠠᠷ᠎ᠠ ᠶᠢᠨ 1 ᠠᠴᠠ 3 ᠤ ᠡᠳᠣᠷ ᠣᠯᠠᠭᠠᠢ ᠬᠠᠮᠢᠶᠠᠷᠣᠯᠳᠠ ᠶᠢᠨ ᠣᠷᠣᠨ ᠤ ᠣᠯᠣᠰ ᠲᠦᠷᠦ ᠶᠢᠨ | ᠵᠦᠪᠯᠡᠯᠬᠡᠨ ᠤ ᠬᠤᠯᠪᠤᠭᠠᠨ ᠤ ᠠᠯᠪᠠᠨ ᠭᠡᠷ ᠤᠨ ᠡᠷᠬᠢᠯᠡᠭᠴᠢ ᠵᠠᠩ ᠫᠢᠩ ᠠᠩᠬᠢ ᠲᠠᠭᠠᠭᠤᠯᠣᠨ ᠱᠠᠨᠳᠦ᠋ᠩ ᠮᠣᠵᠢ ᠶᠢᠨ | ᠸᠧᠢ ᠹᠠᠩ ᠬᠤᠳᠠ ᠶᠢᠨ ᠱᠠᠨᠳᠦ᠋ᠩ ᠤᠨ ᠱᠧᠩ ᠪᠣᠣ ᠪᠦᠯᠦᠭᠯᠡᠯ ᠳᠤ ᠬᠦᠷᠴᠦ᠂ ᠲᠣᠬᠠᠢ ᠶᠢᠨ ᠭᠠᠵᠠᠷ ᠲᠤᠨᠢ ᠬᠥᠷᠴᠤ | ᠬᠤᠳᠠᠯᠳᠣᠭᠠᠴᠢᠨ ᠣᠷᠢᠵᠦ ᠪᠡᠯᠡ ᠣᠷᠣᠭᠤᠯᠬᠤ ᠠᠵᠢᠯ ᠢ ᠪᠠᠶᠢᠴᠠᠭᠠᠪᠠ᠃ | ᠬᠤᠳᠠᠯᠳᠤᠭᠠᠴᠢᠨ ᠤᠷᠢᠬᠤ ᠳᠤᠭᠤᠶᠢᠯᠠᠩ ᠤᠨ ᠬᠢᠨ ᠦᠢᠯᠡᠳᠪᠦᠷᠢ ᠶᠢᠨ ᠲᠠᠰᠤᠭ ᠤᠨ ᠨᠢᠭᠡᠳᠦᠭᠡᠷ | ᠹᠷᠣᠨᠲ ᠲᠤ ᠭᠦᠨᠵᠡᠭᠡᠶᠢᠷᠡᠨ᠂ ᠰᠢᠯ ᠪᠣᠯᠣᠳ ᠬᠤᠭᠤᠯᠠᠶ᠂ ᠡᠯᠡᠰᠦ ᠬᠤᠯᠢᠬᠤ ᠬᠤᠭᠤᠯᠠᠶ᠂ ᠢᠯᠵᠢᠷᠡᠬᠦ ᠶᠢ ᠰᠡᠷᠭᠡᠶᠢᠯᠡᠬᠦ | ᠪᠣᠯᠣᠳ ᠬᠤᠭᠤᠯᠠᠶ᠂ ᠤᠳᠤᠭᠠᠨ ᠤ ᠬᠦᠬᠦᠷ ᠢ ᠥᠬᠡᠶᠢᠳᠡᠭᠦᠯᠬᠦ᠂ ᠤᠳᠤᠭᠠᠨ ᠤ ᠱᠡᠦ ᠥᠬᠡᠶᠢᠳᠡᠭᠦᠯᠬᠦ ᠵᠡᠷᠭᠡ | ᠦᠢᠯᠡᠳᠪᠦᠷᠢ ᠶᠢᠨ ᠲᠠᠰᠤᠭ ᠢ ᠲᠣᠭᠤᠷᠢᠨ ᠦᠵᠡᠵᠦ᠂ ᠦᠢᠯᠡᠳᠬᠦᠨ ᠤ ᠣᠨᠴᠠᠯᠢᠭ᠂ ᠦᠢᠯᠡᠳᠬᠦ ᠶᠠᠪᠤᠴᠠ ᠵᠢᠴᠢ | ᠭᠤᠤᠯ ᠵᠠᠬ᠎ᠠ ᠳᠡᠯᠭᠡᠭᠦᠷ ᠤᠨ ᠲᠠᠷᠬᠠᠯᠲᠠ ᠵᠡᠷᠭᠡ ᠪᠠᠶᠢᠳᠠᠯ ᠢ ᠨᠠᠷᠢᠨ ᠣᠶᠢᠯᠠᠭᠠᠪᠠ᠃ | ᠰᠢᠨᠵᠢᠯᠡᠨ ᠪᠠᠶᠢᠴᠠᠭᠠᠬᠤ ᠲᠣᠮᠳᠠ᠂ ᠬᠤᠳᠠᠯᠳᠣᠭᠠᠴᠢᠨ ᠤᠷᠢᠬᠤ ᠲᠣᠭᠤᠶᠢᠯᠠᠩ ᠣᠯᠠᠭᠠᠢ ᠬᠠᠮᠢᠶᠠᠷᠣᠯᠳᠠ ᠶᠢᠨ | ᠣᠷᠣᠨ ᠤ ᠣᠷᠣᠨ ᠪᠠᠶᠢᠷᠢ ᠶᠢᠨ ᠲᠠᠪᠠᠭᠤᠯᠢᠭ᠂ ᠠᠵᠦ ᠦᠢᠯᠡᠰ ᠤᠨ ᠲᠦᠷᠦ ᠶᠢᠨ ᠪᠣᠳᠣᠯᠭ᠎ᠠ ᠵᠢᠴᠢ ᠪᠡᠯᠡ | ᠣᠷᠣᠭᠤᠯᠣᠯᠳᠠ ᠶᠢᠨ ᠳᠠᠪᠠᠭᠤᠯᠢᠭ ᠣᠷᠴᠢᠨ ᠲᠣᠭᠤᠷᠢᠨ ᠢ ᠨᠠᠷᠢᠨ ᠲᠠᠨᠢᠯᠴᠠᠭᠤᠯᠵᠦ᠂ ᠣᠯᠠᠭᠠᠢ ᠬᠠᠮᠢᠶᠠᠷᠣᠯᠳᠠ ᠶᠢᠨ | ᠣᠷᠣᠨ ᠤ ᠬᠦᠭᠵᠢᠯᠳᠡ ᠶᠢᠨ ᠣᠳᠣᠬᠢ ᠪᠠᠶᠢᠳᠠᠯ᠂ ᠠᠵᠦ ᠦᠢᠯᠡᠰ ᠤᠨ ᠲᠦᠯᠦᠪᠵᠢᠬᠦᠯᠭᠡ᠂ ᠬᠤᠳᠠᠯᠳᠤᠭ᠎ᠠ ᠡᠵᠡᠩᠨᠡᠬᠦ | ᠣᠷᠴᠢᠨ ᠲᠣᠭᠤᠷᠢᠨ ᠪᠠ ᠬᠤᠳᠠᠯᠳᠣᠭᠠᠴᠢᠨ ᠣᠷᠢᠵᠦ ᠰᠠᠭᠤᠷᠢᠰᠢᠭᠤᠯᠬᠤ ᠲᠦᠷᠦ ᠶᠢᠨ ᠪᠣᠳᠣᠯᠭ᠎ᠠ ᠵᠡᠷᠭᠡ ᠶᠢ | ᠲᠠᠨᠢᠯᠴᠠᠭᠤᠯᠵᠦ᠂ ᠠᠵᠦ ᠠᠬᠤᠶᠢᠯᠠᠯ ᠢ ᠦᠨᠡᠨ ᠰᠡᠳᠬᠢᠯ ᠠᠴᠠ ᠪᠠᠨ ᠣᠷᠢᠵᠦ ᠣᠯᠠᠭᠠᠢ ᠳᠤ ᠬᠦᠷᠴᠦ ᠰᠢᠨᠵᠢᠯᠡᠨ | ᠪᠠᠶᠢᠴᠠᠭᠠᠵᠦ᠂ ᠬᠠᠮᠳᠣᠷᠠᠯᠴᠠᠭ᠎ᠠ ᠬᠢᠵᠦ᠂ ᠬᠠᠮᠳᠦ ᠪᠠᠷ ᠠᠰᠢᠭ ᠬᠦᠷᠳᠡᠬᠦ ᠬᠦᠭᠵᠢᠯᠳᠡ ᠶᠢ ᠲᠦᠯᠬᠢᠨ ᠠᠬᠢᠭᠤᠯᠣᠭᠰᠠᠨ | ᠪᠠᠶᠢᠨ᠎ᠠ᠃ | ᠱᠠᠨᠳᠦ᠋ᠩ ᠤᠨ ᠱᠧᠩ ᠪᠦᠦ 1987 ᠣᠨ ᠠᠴᠠ ᠡᠬᠢᠯᠡᠵᠦ᠂ ᠶᠡᠷᠦᠩᠬᠡᠶ ᠵᠠᠬᠢᠷᠭ᠎ᠠ ᠨᠢ ᠠᠨ ᠴᠢᠤ | ᠬᠤᠲᠠ ᠶᠢᠨ ᠡᠨᠧᠷᠭᠢ ᠠᠷᠪᠢᠯᠠᠵᠤ ᠣᠷᠴᠢᠨ ᠲᠣᠭᠤᠷᠢᠨ ᠢ ᠬᠠᠮᠠᠭᠠᠯᠠᠬᠤ ᠠᠵᠤ ᠦᠢᠯᠡᠰ ᠤᠨ ᠬᠦᠷᠢᠶᠡᠯᠡᠩ ᠳᠤ | ᠪᠠᠶᠢᠷᠢᠯᠠᠵᠤ᠂ ᠶᠡᠷᠦᠩᠬᠡᠶ ᠭᠠᠵᠠᠷ ᠨᠢ 590 ᠮᠥ ᠲᠠᠯᠠᠪᠠᠶ ᠲᠠᠢ᠂ ᠶᠡᠷᠦᠩᠬᠡᠶ ᠳᠠᠩᠰᠠᠯᠠᠭᠤᠯᠤᠭᠰᠠᠨ ᠪᠠᠯᠠ ᠮᠥᠩᠭᠦ 3. | 48 ᠳ᠋ᠦᠩᠰᠢᠭᠤᠷ ᠲᠥᠭᠦᠷᠢᠭ᠂ ᠶᠡᠷᠦᠩᠬᠡᠶ ᠬᠥᠷᠥᠩᠭᠡ ᠨᠢ 13 ᠳ᠋ᠦᠩᠰᠢᠭᠤᠷ ᠲᠥᠭᠦᠷᠢᠭ᠂ ᠣᠲᠣ 1000 ᠭᠠᠷᠤᠶ | ᠠᠵᠢᠯᠲᠠᠨ ᠲᠠᠢ᠂ ᠵᠢᠯ ᠤᠨ ᠦᠢᠯᠡᠳᠬᠦᠨ ᠤ ᠥᠷᠲᠡᠭ ᠨᠢ 6 ᠳ᠋ᠦᠩᠰᠢᠭᠤᠷ ᠭᠠᠷᠤᠶ ᠲᠥᠭᠦᠷᠢᠭ ᠪᠠᠶᠢᠵᠤ᠂ ᠪᠥᠬᠦ | ᠤᠯᠤᠰ ᠤᠨ ᠬᠡᠪᠴᠢᠶᠡᠨ ᠳᠤ ᠰᠢᠯ ᠪᠣᠯᠣᠳ ᠲᠡᠮᠦᠷ ᠤᠨ ᠪᠦᠲᠦᠭᠡᠭᠳᠡᠬᠦᠨ᠂ ᠣᠷᠴᠢᠨ ᠲᠣᠭᠤᠷᠢᠨ ᠤ | ᠬᠠᠮᠠᠭᠠᠯᠠᠯᠲᠠ ᠶᠢᠨ ᠦᠢᠯᠡᠳᠬᠦᠨ᠂ ᠠᠵᠤ ᠦᠢᠯᠡᠳᠪᠦᠷᠢ ᠶᠢᠨ ᠢᠯᠴᠢ ᠰᠣᠯᠢᠬᠤ ᠦᠢᠯᠡᠳᠬᠦᠨ᠂ ᠨᠤᠨᠲᠠᠭ ᠤᠨ | ᠦᠢᠯᠡᠳᠬᠦᠨ᠂ ᠱᠤᠷᠠᠭ ᠢ ᠵᠠᠬᠢᠷᠤᠨ ᠬᠠᠮᠢᠶᠠᠷᠬᠤ ᠦᠢᠯᠡᠳᠬᠦᠨ ᠵᠡᠷᠭᠡ ᠰᠤᠳᠤᠯᠤᠨ ᠨᠡᠭᠡᠭᠡᠬᠦ᠂ ᠵᠢᠷᠤᠵᠤ ᠲᠥᠯᠥᠪᠯᠡᠬᠦ᠂ | ᠦᠢᠯᠡᠳᠪᠦᠷᠢᠯᠡᠬᠦ᠂ ᠪᠣᠷᠣᠯᠠᠭᠤᠯᠬᠤ ᠶᠢ ᠨᠢᠭᠡ ᠴᠣᠭᠴᠠᠵᠢᠭᠤᠯᠤᠭᠰᠠᠨ ᠪᠣᠳᠠᠲᠤ ᠴᠣᠭᠴᠠ ᠶᠢᠨ ᠳᠡᠭᠡᠳᠦ ᠰᠢᠨ᠎ᠡ | ᠮᠡᠷᠭᠡᠵᠢᠯ ᠤᠨ ᠠᠵᠤ ᠠᠬᠤᠶᠢᠯᠠᠯ ᠪᠣᠯᠤᠨ᠎ᠠ᠃ ᠲᠤᠰ ᠺᠣᠮᠫᠠᠨᠢ ᠭᠤᠷᠪᠠᠨ ᠬᠤᠪᠢᠶᠠᠷᠢ ᠺᠣᠮᠫᠠᠨᠢ ᠭᠠᠷᠭᠠᠪᠠ᠄ ᠱᠧᠩ ᠪᠦᠦ | ᠨᠡᠶᠢᠯᠡᠮᠡᠯ ᠮᠠᠲ᠋ᠧᠷᠢᠶᠠᠯ᠂ ᠱᠧᠩ ᠪᠦᠦ ᠢᠯᠴᠢ ᠳᠠᠮᠵᠢᠭᠤᠯᠬᠤ ᠰᠢᠨᠵᠢᠯᠡᠬᠦ ᠤᠬᠠᠭᠠᠨ ᠮᠡᠷᠭᠡᠵᠢᠯ᠂ ᠱᠧᠩ ᠪᠦᠦ | ᠬᠤᠭᠤᠯᠠᠶ ᠶᠢᠨ ᠰᠢᠨᠵᠢᠯᠡᠬᠦ ᠤᠬᠠᠭᠠᠨ ᠮᠡᠷᠭᠡᠵᠢᠯ ᠵᠡᠷᠭᠡ ᠪᠣᠯᠤᠨ᠎ᠠ᠃ | ᠬᠠᠮᠢᠶᠠᠷᠣᠯᠳᠠ ᠶᠢᠨ ᠣᠷᠣᠨ ᠤ ᠠᠵᠦ ᠦᠢᠯᠡᠳᠪᠦᠷᠢ ᠪᠠ ᠮᠡᠳᠡᠭᠡ ᠵᠠᠩᠬᠢᠴᠢᠯᠠᠯᠳᠠ ᠶᠢᠨ ᠲᠣᠪᠴᠢᠶ᠎ᠠ᠂ | ᠵᠠᠰᠠᠭ ᠤᠨ ᠣᠷᠳᠣᠨ ᠤ ᠲᠤᠭ᠎ᠠ ᠪᠦᠷᠢᠳᠬᠡᠯ ᠤᠨ ᠲᠣᠪᠴᠢᠶ᠎ᠠ᠂ ᠣᠷᠣᠨ ᠰᠠᠭᠤᠴᠠ ᠪᠠ ᠬᠤᠳᠠ ᠬᠦᠳᠡᠭᠡ ᠶᠢᠨ | ᠪᠦᠳᠦᠬᠡᠨ ᠪᠠᠶᠢᠭᠤᠯᠣᠯᠳᠠ ᠶᠢᠨ ᠲᠣᠪᠴᠢᠶ᠎ᠠ᠂ ᠲᠠᠷᠢᠶᠠᠯᠠᠩ ᠤᠨ ᠰᠢᠨᠵᠢᠯᠡᠬᠦ ᠤᠬᠠᠭᠠᠨ ᠤ ᠲᠣᠪᠴᠢᠶ᠎ᠠ᠂ ᠡᠳ᠋ | ᠬᠦᠷᠦᠩᠭᠡ ᠶᠢᠨ ᠡᠵᠡᠩᠨᠡᠯᠳᠡ ᠶᠢᠨ ᠬᠢᠵᠠᠭᠠᠷᠲᠤ ᠺᠣᠮᠫᠠᠨᠢ ᠶᠢᠨ ᠬᠠᠮᠢᠶ᠎ᠠ ᠪᠦᠬᠦᠢ ᠬᠠᠷᠢᠭᠤᠴᠠᠯᠭᠠᠳᠠᠨ ᠲᠣᠰ ᠣᠳᠠᠭᠠᠨ ᠤ | ᠬᠤᠳᠠᠯᠳᠣᠭᠠᠴᠢᠨ ᠤᠷᠢᠬᠤ ᠠᠵᠢᠯᠯᠠᠭ᠎ᠠ ᠳᠤ ᠣᠷᠣᠯᠴᠠᠪᠠ᠃ |