ᠬᠦᠭᠵᠢᠶᠡᠨ ᠨᠠᠷᠭᠢᠶᠠᠨ ᠲᠠᠢ ᠴᠠᠭᠠᠨ ᠰᠠᠷ᠎ᠠ ᠪᠠᠷ ᠠᠶᠢᠯ ᠭᠡᠷ ᠢᠶᠠᠷ ᠢᠶᠠᠨ ᠠᠶᠠᠲᠠᠶᠢᠬᠠᠨ ᠰᠢᠨᠡᠯᠡᠵᠤ᠂ ᠠᠬᠠᠮᠠᠳ | ᠲᠦᠷᠦᠯ ᠰᠠᠳᠤᠨ ᠳᠠᠭᠠᠨ ᠠᠶᠢᠯᠴᠢᠯᠠᠨ ᠵᠣᠯᠭᠠᠵᠤ᠂ ᠠᠮᠢᠳᠤᠷᠠᠯ ᠠᠵᠢᠯ ᠢᠶᠠᠨ ᠠᠯᠢ ᠶᠢ ᠴᠦ ᠤᠰᠤᠯᠳᠠᠭᠤᠯᠤᠯ ᠦᠭᠡᠢ | ᠶᠠᠭᠠᠷᠠᠵᠤ ᠶᠠᠪᠤᠭ᠎ᠠ ᠡᠨᠡ ᠬᠤᠶᠠᠷ ᠬᠦᠮᠦᠨ ᠪᠣᠯ ᠰᠤᠳᠦᠪᠢᠯᠢᠭ ᠭᠡᠷᠭᠡᠢ ᠣᠳᠤᠨᠵᠠᠶᠠᠭ᠎ᠠ ᠲᠠᠢ ᠪᠠᠨ ᠪᠠᠶᠢᠭ᠎ᠠ ᠪᠢᠯᠡ᠃ | ᠰᠤᠳᠥᠪᠢᠯᠢᠭ ᠪᠣᠯ ᠪᠠᠷᠠᠭᠤᠨ ᠦᠵᠦᠮᠦᠴᠢᠨ ᠬᠤᠰᠢᠭᠤᠨ ᠤ ᠬᠦᠮᠦᠨ᠂ ᠣᠳᠤᠨᠵᠠᠶᠠᠭ᠎ᠠ ᠪᠣᠯ ᠪᠠᠷᠠᠭᠤᠨ ᠦᠵᠦᠮᠦᠴᠢᠨ | ᠬᠤᠰᠢᠭᠤᠨ ᠤ ᠵᠢᠷ ᠤᠨ ᠭᠤᠣᠯ ᠪᠠᠯᠭᠠᠰᠤᠨ ᠤ ᠵᠢᠷ ᠭᠠᠴᠠᠭᠠᠨ ᠤ ᠮᠠᠯᠴᠢᠨ ᠶᠤᠮ᠃ 2002 ᠣᠨ ᠳᠤ ᠬᠠᠨᠢ ᠶᠢᠨ | ᠵᠠᠶᠠᠭ᠎ᠠ ᠬᠤᠯᠪᠤᠭᠰᠠᠨ ᠰᠤᠳᠤᠪᠢᠯᠢᠭ ᠣᠳᠤᠨᠵᠠᠶᠠᠭ᠎ᠠ ᠬᠤᠶᠠᠷ ᠵᠢᠩᠬᠢᠨᠢ ᠠᠵᠢᠯ ᠰᠢᠯᠭᠠᠭᠤᠯᠬᠤ ᠨᠦᠬᠦᠴᠡᠯ ᠦᠭᠡᠢ᠂ | ᠨᠤᠲᠤᠭ ᠪᠡᠯᠴᠢᠭᠡᠷ ᠪᠠᠭ᠎ᠠ᠂ ᠮᠠᠯ ᠤᠨᠤᠭᠠᠨ ᠤ ᠢᠷᠡᠯᠲᠡ ᠴᠦᠬᠡᠨ ᠵᠡᠷᠭᠡ ᠠᠬᠤᠢ ᠨᠦᠬᠦᠴᠡᠯ ᠠᠴᠠ ᠪᠠᠨ ᠪᠣᠯᠵᠣ᠂ | ᠬᠤᠷᠰᠢᠶ᠎ᠡ ᠡᠷᠬᠢᠯᠡᠬᠦ᠂ ᠬᠤᠭᠤᠯᠠᠨ ᠭᠡᠷ ᠡᠷᠬᠢᠯᠡᠬᠦ᠂ ᠲᠦᠷᠢᠶᠡᠰᠦᠨ ᠲᠡᠷᠭᠡ ᠪᠠᠷᠢᠬᠤ ᠭᠡᠳ ᠣᠯᠠᠨ ᠵᠢᠯ ᠤᠨ ᠲᠤᠷᠰᠢ | ᠮᠦᠨᠴᠦ ᠣᠯᠠᠨ ᠠᠵᠢᠯ ᠲᠦᠷᠦᠯ ᠰᠤᠯᠢᠵᠤ ᠢᠷᠡᠵᠡᠢ᠃ ᠬᠤᠶᠠᠭᠤᠯᠠ ᠶᠡᠷᠦᠨᠢ ᠴᠠᠭ ᠥᠩᠭᠡᠷᠡᠭᠡᠵᠦ ᠬᠢᠳᠡᠯ ᠠᠯᠳᠠᠵᠤ | ᠰᠠᠭᠤᠳᠠᠭ ᠦᠭᠡᠢ ᠪᠤᠯᠬᠤᠷ ᠣᠶᠢᠷ᠎ᠠ ᠬᠠᠪᠢ ᠶᠢᠨ ᠢᠶᠠᠨ ᠠᠵᠢᠯ ᠤᠨ ᠴᠢᠮᠡᠭᠡ ᠵᠠᠩᠭᠢ ᠶᠢ ᠴᠠᠭ ᠦᠷᠭᠦᠯᠵᠢ ᠠᠩᠬᠠᠷᠴᠦ | ᠶᠠᠪᠤᠳᠠᠭ᠃ ᠵᠢᠷ ᠤᠨ ᠭᠤᠣᠯ ᠤᠨ ᠪᠠᠶᠠᠨᠴᠠᠭᠠᠨ ᠣᠪᠣᠭ᠎ᠠ ᠶᠢ ᠳᠡᠭᠡᠲᠦ ᠱᠠᠲᠤᠨ ᠠᠴᠠ ᠪᠡᠯᠡ ᠤᠷᠤᠭᠤᠯᠤᠨ ᠪᠦᠲᠦᠭᠡᠨ | ᠪᠠᠶᠢᠭᠤᠯᠤᠯᠲᠠ ᠬᠢᠭᠰᠡᠨ ᠠᠴᠠ ᠴᠦᠭᠡᠪᠦᠷ ᠬᠦᠮᠦᠨ ᠬᠡᠷᠡᠭᠯᠡᠬᠦ ᠭᠡᠰᠡᠨ ᠴᠢᠮᠡᠭᠡ ᠶᠢ ᠤᠯᠤᠮᠠᠭᠴᠠ ᠰᠤᠳᠥᠪᠢᠯᠢᠭ | ᠭᠡᠷᠭᠡᠢ ᠲᠠᠢ ᠪᠠᠨ ᠲᠡᠨᠳᠡ ᠬᠦᠷᠦᠭᠰᠡᠨ ᠶᠤᠮ᠃ 2016 ᠣᠨ ᠠᠴᠠ ᠡᠬᠢᠯᠡᠨ ᠠᠵᠢᠯᠯᠠᠵᠤ᠂ ᠤᠳᠤ ᠪᠣᠯᠬᠤ ᠳᠤ | ᠪᠠᠶᠠᠨᠴᠠᠭᠠᠨ ᠳᠤ ᠶᠢᠰᠦᠳᠡᠬᠢ ᠵᠢᠯ ᠢᠶᠠᠨ ᠤᠭᠲᠤᠵᠤ ᠪᠠᠶᠢᠨ᠎ᠠ᠃ ᠰᠤᠳᠦᠪᠢᠯᠢᠭ ᠪᠠᠶᠠᠨᠴᠠᠭᠠᠨ ᠣᠪᠣᠭᠠᠨ ᠤ ᠡᠷᠬᠢᠨ | ᠲᠤᠭᠤᠷᠢᠨ ᠤ ᠮᠣᠳᠣ ᠤᠷᠭᠤᠮᠠᠯ ᠢ ᠤᠰᠤᠯᠠᠨ ᠠᠷᠠᠴᠢᠯᠠᠬᠤ ᠪᠠᠷ ᠭᠤᠣᠯᠳᠠᠭᠤᠯᠤᠭᠰᠠᠨ ᠠᠵᠢᠯ ᠳᠡᠭᠡᠷ᠎ᠡ | ᠲᠤᠬᠢᠷᠠᠭᠤᠯᠤᠭᠳᠠᠵᠤ᠂ ᠭᠡᠷᠬᠡᠢ ᠨᠢ ᠠᠵᠢᠯᠲᠠᠳ ᠤᠨ ᠬᠤᠭᠤᠯᠠ ᠬᠤᠰᠢ ᠶᠢ ᠪᠡᠯᠡᠳᠭᠡᠬᠦ ᠠᠵᠢᠯ ᠳᠡᠭᠡᠷ᠎ᠡ | ᠲᠤᠬᠢᠷᠠᠭᠤᠯᠤᠭᠳᠠᠵᠠᠢ᠃ ᠠᠵᠢᠯ ᠲᠦᠷᠦᠯ ᠢ ᠬᠦᠨᠳᠤᠴᠡ ᠲᠠᠢ᠂ ᠨᠦᠬᠦᠴᠡᠯ ᠪᠠᠷᠤᠭᠲᠠᠢ ᠭᠡᠵᠦ ᠲᠡᠳᠡ ᠬᠤᠶᠠᠷ ᠶᠠᠷᠦᠨᠢ | ᠭᠤᠯᠤᠵᠤ ᠪᠠᠶᠢᠭ᠎ᠠ ᠦᠭᠡᠢ᠂ ᠠᠵᠢᠯ ᠤᠯᠳᠠᠵᠤ ᠯᠠ ᠪᠠᠶᠢᠪᠠᠯ ᠴᠢᠷᠮᠠᠶᠢᠵᠤ ᠯᠠ ᠪᠠᠶᠢᠳᠠᠭ᠃ ᠪᠠᠶᠠᠨᠴᠠᠭᠠᠨ ᠣᠪᠣᠭᠠᠨ ᠤ | ᠠᠵᠢᠯ ᠨᠢ ᠵᠢᠯ ᠪᠦᠷᠢ ᠶᠢᠨ ᠳᠦᠷᠪᠡᠨ ᠰᠠᠷ᠎ᠠ ᠠᠴᠠ ᠡᠬᠢᠯᠡᠵᠦ᠂ ᠠᠷᠪᠠᠨ ᠰᠠᠷ᠎ᠠ ᠶᠢᠨ ᠦᠶ᠎ᠡ ᠪᠠᠷ ᠬᠦᠢᠲᠡᠡ | ᠣᠷᠣᠬᠤ ᠳᠤ ᠵᠤᠭᠰᠤᠳᠠᠭ᠃ ᠬᠠᠭᠠᠰ ᠵᠢᠯ ᠨᠢ ᠲᠤᠭᠲᠠᠪᠤᠷᠢᠲᠠᠢ ᠠᠵᠢᠯ ᠲᠠᠢ ᠪᠣᠯᠣᠭᠰᠠᠨ ᠴᠤ ᠠᠷᠪᠠᠨ ᠰᠠᠷ᠎ᠠ ᠠᠴᠠ | ᠳᠦᠷᠪᠡᠨ ᠰᠠᠷ᠎ᠠ ᠬᠦᠷᠲᠡᠯᠡᠬᠢ ᠬᠠᠭᠠᠰ ᠵᠢᠯ ᠳᠤ ᠠᠵᠢᠯ ᠦᠭᠡᠢ ᠲᠤᠯᠠ ᠣᠳᠤᠨᠵᠠᠶᠠᠭ᠎ᠠ ᠬᠤᠭᠤᠯᠠᠨ ᠭᠡᠷ ᠲᠤ | ᠬᠠᠪᠰᠤᠷᠬᠤ᠂ ᠭᠡᠷ ᠲᠡᠭᠡᠨ ᠪᠤᠤᠵᠠ ᠪᠠᠩᠰᠢ ᠪᠠᠷᠢᠵᠦ ᠬᠤᠳᠠᠯᠳᠤᠬᠤ ᠭᠡᠬᠦ ᠮᠡᠲᠦ ᠠᠵᠢᠯ ᠬᠢᠵᠦ᠂ ᠰᠤᠳᠥᠪᠢᠯᠢᠭ ᠠᠳᠡ | ᠲᠡᠨᠳᠡ ᠬᠦᠴᠦᠨ ᠤ ᠠᠵᠢᠯ ᠬᠢᠬᠦ ᠪᠠᠷ ᠳᠠᠮᠵᠢᠨ ᠣᠷᠣᠯᠭ᠎ᠠ ᠪᠠᠨ ᠪᠠᠲᠤᠯᠠᠵᠤ ᠪᠠᠶᠢᠵᠠᠢ᠃ ᠤᠯᠠᠩᠭᠢ ᠬᠦᠮᠦᠨ ᠬᠡᠷᠡᠭᠯᠡᠬᠦ | ᠭᠠᠵᠠᠷ ᠨᠢ ᠤᠳᠠᠭᠠᠨ ᠠᠵᠢᠯᠯᠠᠬᠤ ᠠᠵᠢᠯᠲᠠᠨ ᠱᠠᠭᠠᠷᠳᠠᠳᠠᠭ ᠪᠣᠯᠬᠤᠷ ᠪᠠᠶᠠᠨᠴᠠᠭᠠᠨ ᠤ ᠠᠵᠢᠯ ᠢᠶᠠᠨ ᠳᠠᠭᠤᠰᠬᠠᠨ | ᠬᠤᠰᠢᠭᠤᠨ ᠳᠤ ᠢᠷᠡᠵᠦ ᠠᠵᠢᠯ ᠡᠷᠢᠳᠡᠭ ᠡᠳᠡ ᠬᠤᠶᠠᠷ ᠲᠤ ᠵᠣᠬᠢᠬᠤ ᠬᠡᠮᠵᠢᠶᠡᠨ ᠤ ᠬᠦᠴᠢᠷᠲᠡᠯ ᠲᠣᠯᠭᠠᠷᠠᠳᠠᠭ᠃ | ᠵᠢᠯ ᠪᠣᠯᠭᠠᠨ ᠠᠵᠢᠯ ᠡᠷᠢᠨ᠎ᠡ ᠬᠡᠮᠡᠨ ᠲᠦᠪᠡᠭᠳᠡᠳᠡᠭ ᠪᠣᠯᠬᠤᠷ 2024 ᠣᠨ ᠤ ᠨᠠᠮᠤᠷ ᠠᠴᠠ ᠬᠤᠶᠠᠭᠤᠯᠠ | ᠵᠦᠪᠳᠡᠯᠴᠡᠵᠦ ᠲᠦᠷᠢᠶᠡᠰᠦᠨ ᠲᠡᠷᠭᠡ ᠬᠤᠳᠠᠯᠳᠤᠨ ᠠᠪᠴᠤ᠂ ᠡᠭᠡᠯᠵᠢᠯᠡᠨ ᠪᠠᠷᠢᠬᠤ ᠪᠠᠷ ᠰᠡᠳᠭᠢᠯ ᠰᠢᠭᠤᠳᠪᠠ᠃ | ᠡᠶᠢᠮᠦ ᠰᠢᠢᠳᠪᠦᠷᠢ ᠭᠠᠷᠭᠠᠭᠰᠠᠨ ᠳᠣᠣᠷ᠎ᠠ ᠪᠠᠨ ᠠᠳᠡ ᠲᠡᠨᠳᠡ ᠠᠴᠠ ᠵᠤᠭᠤᠰ ᠮᠦᠩᠭᠦ ᠭᠦᠢᠴᠡᠯᠳᠦᠭᠦᠯᠵᠦ᠂ ᠰᠢᠨ᠎ᠡ | ᠲᠡᠷᠭᠡ ᠵᠠᠬᠢᠶᠠᠯᠠᠨ᠂ ᠲᠦᠷᠢᠶᠡᠰᠦᠨ ᠲᠡᠷᠭᠡ ᠬᠦᠶᠦᠬᠦ ᠬᠠᠮᠢᠶ᠎ᠠ ᠪᠦᠬᠦᠢ ᠭᠠᠷ ᠭᠦᠢᠴᠡᠳᠭᠡᠯ ᠢ ᠪᠦᠷᠢᠨᠰᠢᠭᠦᠯᠦᠭᠰᠡᠨ | ᠨᠦᠬᠦᠴᠡᠯ ᠳᠣᠣᠷ᠎ᠠ ᠠᠵᠢᠯ ᠢᠶᠠᠨ ᠡᠬᠢᠯᠡᠭᠦᠯᠦᠭᠰᠡᠨ ᠪᠠᠶᠢᠨ᠎ᠠ᠃ ᠤᠤᠯ ᠨᠢ ᠡᠳᠡ ᠬᠤᠶᠠᠭᠤᠯᠠ ᠲᠦᠷᠢᠶᠠᠰᠦᠨ ᠲᠡᠷᠭᠡ | ᠪᠠᠷᠢᠵᠦ ᠪᠠᠶᠢᠭᠰᠠᠨ ᠪᠣᠯᠪᠠᠴᠤ ᠬᠦᠮᠦᠨ ᠤ ᠲᠡᠷᠭᠡ ᠶᠢ ᠲᠦᠷᠢᠶᠡᠰᠦᠯᠡᠵᠦ ᠪᠠᠶᠢᠭᠰᠠᠨ ᠪᠣᠯᠬᠤᠷ ᠳᠠᠷᠤᠭᠠᠰᠤ ᠪᠠᠭᠠᠲᠠᠢ | ᠪᠠᠶᠢᠪᠠ᠃ ᠰᠢᠨ᠎ᠠ ᠲᠡᠷᠭᠡ ᠪᠠᠷ ᠲᠦᠷᠢᠶᠡᠰᠦᠨ ᠲᠡᠷᠭᠡ ᠬᠦᠶᠦᠭᠰᠡᠨ ᠪᠣᠯᠬᠤᠷ ᠲᠡᠷᠭᠡ ᠠᠪᠤᠭᠰᠠᠨ ᠵᠤᠭᠤᠰ ᠢᠶᠠᠨ | ᠴᠢᠷᠮᠠᠶᠢᠨ ᠪᠠᠶᠢᠵᠤ ᠣᠯᠵᠣ ᠠᠪᠴᠢᠷᠠᠨ᠂ ᠲᠡᠭᠦᠨ ᠤ ᠤᠯᠠᠮ ᠠᠴᠠ ᠢᠯᠡᠭᠦᠴᠡ ᠣᠷᠣᠯᠭ᠎ᠠ ᠣᠯᠬᠤ ᠴᠢᠬᠤᠯᠠᠲᠠᠢ | ᠪᠣᠯᠬᠤᠷ ᠡᠳᠡ ᠬᠤᠶᠠᠷ ᠬᠠᠮᠤᠭ ᠬᠦᠴᠦ ᠪᠠᠷ ᠢᠶᠠᠨ ᠴᠢᠷᠮᠠᠶᠢᠵᠤ ᠡᠬᠢᠯᠡᠪᠡ᠃ ᠰᠢᠨ᠎ᠠ ᠨᠢᠭᠡᠨ ᠠᠵᠢᠯ ᠲᠠᠢ | ᠪᠤᠯᠤᠭᠰᠠᠨ ᠠᠴᠠ ᠲᠤᠩ ᠶᠠᠭᠠᠷᠠᠯᠲᠠᠢ ᠪᠠᠷ ᠴᠠᠭᠠᠨ ᠰᠠᠷ᠎ᠠ ᠪᠠᠨ ᠤᠭᠲᠤᠨ ᠥᠩᠭᠡᠷᠡᠭᠦᠯᠵᠦ ᠪᠠᠶᠢᠭᠰᠠᠨ ᠴᠦ ᠴᠢᠷᠮᠠᠶᠢᠬᠤ | ᠵᠦᠭ ᠴᠢᠭ ᠢᠶᠠᠨ ᠣᠯᠣᠭᠰᠠᠨ ᠪᠣᠯᠬᠤᠷ ᠰᠤᠳᠥᠪᠢᠯᠢᠭ ᠣᠳᠤᠨᠵᠠᠶᠠᠭ᠎ᠠ ᠬᠤᠶᠠᠷ ᠰᠡᠳᠭᠢᠯ ᠬᠠᠨᠤᠮᠵᠢᠲᠠᠢ ᠪᠠᠶᠢᠯ᠎ᠠ᠃ ︽ | ᠲᠦᠷᠢᠶᠡᠰᠦᠨ ᠲᠡᠷᠭᠡ ᠭᠦᠶᠦᠯᠭᠡᠵᠦ ᠡᠬᠢᠯᠡᠭᠰᠡᠨ ᠠᠴᠠ ᠨᠠᠭᠠᠰᠢ᠂ ᠪᠢᠳᠡ ᠬᠤᠶᠠᠷ ᠲᠡᠷᠭᠡ ᠪᠠᠨ ᠵᠤᠭᠰᠤᠭᠠᠯ ᠦᠭᠡᠢ | ᠰᠢᠬᠠᠮ ᠠᠵᠢᠯᠯᠠᠳᠠᠭ᠂ ᠬᠤᠭᠤᠯᠠᠨ ᠤ ᠴᠠᠭ ᠴᠦ ᠡᠭᠡᠯᠵᠢᠯᠡᠵᠦ ᠬᠤᠭᠤᠯᠠ ᠪᠠᠨ ᠢᠳᠡᠵᠦ᠂ ᠨᠢᠭᠡ ᠨᠢ ᠲᠡᠷᠭᠡ ᠪᠠᠨ | ᠬᠦᠶᠦᠯᠭᠡᠳᠡᠭ︾ ᠭᠡᠵᠦ ᠤᠳᠤᠨᠵᠠᠶᠠᠭᠠ ᠶᠠᠷᠢᠵᠦ ᠪᠠᠶᠢᠯ᠎ᠠ᠃ ᠰᠤᠳᠥᠪᠢᠯᠢᠭ ᠣᠳᠤᠨᠵᠠᠶᠠᠭ᠎ᠠ ᠶᠢᠨ ᠬᠦᠦ | ᠰᠡᠴᠡᠨᠵᠤᠷᠢᠭ ᠨᠢ ᠶᠡᠭᠡ ᠰᠤᠷᠭᠠᠭᠤᠯᠢ ᠶᠢᠨ ᠨᠢᠭᠡᠳᠦᠭᠡᠷ ᠠᠩᠭᠢ ᠶᠢᠨ ᠤᠶᠤᠲᠠᠨ᠂ ᠪᠤᠭᠤᠲᠤ ᠬᠤᠲᠠ ᠶᠢᠨ ᠠᠨᠠᠭᠠᠬᠤ | ᠤᠬᠠᠭᠠᠨ ᠤ ᠶᠡᠭᠡ ᠰᠤᠷᠭᠠᠭᠤᠯᠢ ᠳᠤ ᠰᠤᠷᠤᠯᠴᠠᠵᠤ ᠪᠤᠢ᠃ ᠳᠡᠭᠡᠲᠦ ᠳᠤᠮᠳᠠᠳᠤ ᠪᠠᠨ ᠲᠡᠭᠦᠰᠦᠭᠰᠡᠨ ᠵᠢᠯ ᠳᠡᠭᠡᠨ | ᠵᠢᠯᠤᠭᠤᠴᠢ ᠶᠢᠨ ᠦᠨᠡᠮᠯᠡᠯ ᠢᠶᠠᠨ ᠰᠢᠯᠭᠠᠨ ᠠᠪᠤᠭᠰᠠᠨ ᠪᠣᠯᠬᠤᠷ ᠡᠪᠦᠯ ᠤᠨ ᠠᠮᠠᠷᠠᠯᠲᠠ ᠪᠠᠷ ᠭᠡᠷ ᠲᠡᠭᠡᠨ ᠲᠤᠰᠠ | ᠪᠣᠯᠵᠣ᠂ ᠠᠪᠤ ᠡᠵᠢ ᠲᠠᠢ ᠪᠠᠨ ᠡᠭᠡᠯᠵᠢᠯᠡᠨ ᠲᠦᠷᠢᠶᠠᠰᠦᠨ ᠲᠡᠷᠭᠡ ᠪᠠᠨ ᠪᠠᠷᠢᠵᠦ᠂ ᠪᠠᠭ᠎ᠠ ᠴᠤ ᠭᠡᠰᠡᠨ ᠠᠪᠤ ᠡᠵᠢ ᠪᠠᠨ | ᠬᠥᠯ ᠠᠮᠠᠷᠠᠭᠠᠵᠤ᠂ ᠰᠡᠳᠭᠢᠯ ᠢ ᠨᠢ ᠪᠠᠶᠠᠰᠬᠠᠨ᠎ᠠ᠃ ︽ᠳᠡᠮ ᠳᠡᠮ ᠳᠡᠭᠡᠨ᠂ ᠳᠡᠭᠡᠰᠦ ᠡᠷᠴᠢᠮ ᠳᠡᠭᠡᠨ︾ ᠭᠡᠳᠡᠭᠴᠢᠯᠡᠨ | ᠰᠡᠳᠭᠢᠯ ᠲᠠᠭᠠᠷᠠᠭᠰᠠᠨ ᠬᠤᠶᠠᠷ ᠤᠨ ᠰᠦᠨᠢ ᠡᠳᠦᠷ ᠢᠯᠭᠠᠯ ᠦᠭᠡᠢ ᠴᠢᠷᠮᠠᠶᠢᠨ ᠠᠵᠢᠯᠯᠠᠭᠰᠠᠨ ᠤ ᠰᠠᠶᠢᠨ ᠢᠶᠠᠷ | ᠤᠷᠤᠯᠭ᠎ᠠ ᠨᠢ ᠲᠤᠭᠲᠠᠪᠤᠷᠢ ᠲᠠᠢ ᠪᠣᠯᠵᠤ᠂ ᠨᠢᠭᠡ ᠡᠳᠦᠷ ᠤᠨ ᠲᠣᠰᠤᠨ ᠵᠤᠭᠤᠰ ᠢᠶᠠᠨ ᠭᠠᠷᠭᠠᠪᠠᠯ 300 | ᠲᠦᠭᠦᠷᠢᠭ ᠤᠨ ᠴᠡᠪᠡᠷ ᠤᠷᠤᠯᠭ᠎ᠠ ᠪᠠᠨ ᠪᠠᠲᠤᠯᠠᠳᠠᠭ ᠪᠣᠯᠪᠠ᠃ ᠡᠨᠡ ᠶᠠᠩᠵᠤ ᠪᠠᠷ ᠬᠤᠶᠠᠷ ᠵᠢᠯ ᠴᠢᠷᠮᠠᠶᠢᠪᠠᠯ ᠲᠡᠷᠭᠡ | ᠠᠪᠤᠭᠰᠠᠨ ᠵᠤᠭᠤᠰ ᠢᠶᠠᠨ ᠪᠤᠴᠠᠭᠠᠴᠢᠬᠠᠨᠠ ᠭᠡᠵᠦ ᠰᠤᠳᠥᠪᠢᠯᠢᠭ ᠭᠤᠸᠠᠢ ᠶᠠᠷᠢᠵᠦ ᠪᠠᠶᠢᠯ᠎ᠠ᠃ ᠠᠮᠢᠳᠤᠷᠠᠯ ᠤᠨ ᠰᠠᠶᠢᠨ | ᠰᠠᠶᠢᠬᠠᠨ ᠲᠡᠷᠡ ᠴᠢᠭ ᠢᠶᠠᠷ ᠢᠶᠠᠨ ᠬᠦᠳᠡᠯᠮᠦᠷᠢ ᠠᠴᠠ ᠢᠷᠡᠯᠲᠡ ᠲᠠᠢ ᠪᠠᠶᠢᠳᠠᠭ ᠢ ᠡᠨᠡ ᠰᠠᠶᠢᠬᠠᠨ ᠠᠶᠢᠯ ᠠᠴᠠ ᠪᠢᠳᠡ | ᠬᠠᠷᠠᠯ᠎ᠠ᠃ ᠮᠦᠨᠴᠦ ᠠᠪᠤ ᠡᠵᠢ ᠶᠢᠨ ᠬᠢᠨᠢ ᠨᠢᠭᠡᠨ ᠦᠵᠦᠭᠦᠷᠲᠦ ᠰᠡᠳᠭᠢᠯ ᠢᠶᠠᠷ ᠴᠢᠷᠮᠠᠶᠢᠳᠠᠭ ᠪᠤᠷᠤᠭᠵᠢᠭᠤᠨ | ᠠᠷᠠᠨᠰᠢᠨ ᠨᠢ ᠦᠷ᠎ᠡ ᠬᠡᠦᠬᠡᠳ ᠲᠤᠨᠢ ᠬᠠᠮᠤᠭ ᠤᠨ ᠦᠨᠡᠲᠦ ᠰᠤᠷᠭᠠᠯ ᠪᠣᠯᠵᠣ᠂ ᠠᠮᠢᠳᠤᠷᠠᠯ ᠰᠤᠷᠤᠯᠴᠠᠯᠭ᠎ᠠ ᠶᠢᠨ ᠬᠢᠨᠢ | ᠲᠤᠷᠰᠢ ᠬᠦᠲᠦᠴᠢ ᠳᠠᠭᠤᠷᠢᠶᠠᠯ ᠪᠣᠯᠬᠤ ᠨᠢ ᠯᠠᠪᠲᠠᠢ᠃ |