5 ᠰᠠᠷ᠎ᠠ ᠶᠢᠨ 6 ᠤ ᠡᠳᠦᠷ᠂ ᠬᠠᠮᠢᠶᠠᠷᠣᠯᠳᠠ ᠶᠢᠨ ᠣᠷᠣᠨ ᠤ ᠨᠠᠮ ᠤᠨ ᠠᠵᠢᠯ ᠤᠨ ᠬᠤᠷᠢᠶᠠᠨ ᠤ ᠲᠡᠳ᠋ | ᠱᠦᠵᠢ᠂ ᠬᠠᠮᠢᠶᠠᠷᠣᠯᠳᠠ ᠶᠢᠨ ᠵᠦᠪᠯᠡᠯ ᠤᠨ ᠡᠷᠬᠢᠯᠡᠭᠴᠢ ᠨᠣᠮᠢᠨ ᠰᠤᠷᠪᠤᠯᠵᠢᠯᠠᠬᠤ ᠪᠠᠷ ᠢᠷᠡᠭᠰᠡᠨ ᠬᠢᠷᠢᠨ ᠤ ᠯᠢ | ᠤᠪᠤᠬᠳᠠᠨ ᠤ ᠬᠤᠳᠠᠯᠳᠣᠭᠠᠴᠢᠳ ᠤᠨ ᠡᠪᠯᠡᠯ ᠤᠨ ᠬᠤᠳᠠᠯᠳᠣᠭᠠᠴᠢᠨ ᠤᠷᠢᠬᠤ ᠬᠤᠷᠠᠯ ᠡᠷᠬᠢᠯᠡᠪᠠ᠃ ᠨᠠᠮ ᠤᠨ | ᠠᠵᠢᠯ ᠤᠨ ᠬᠤᠷᠢᠶᠠᠨ ᠤ ᠭᠡᠰᠢᠭᠦᠨ ᠰᠢᠤᠢ ᠬᠠᠢ ᠴᠢᠶᠠᠩ᠂ ᠬᠠᠮᠢᠶᠠᠷᠤᠯᠲᠠ ᠶᠢᠨ ᠵᠥᠪᠯᠡᠯ ᠤᠨ ᠳᠡᠳ᠋ ᠡᠷᠬᠢᠯᠡᠭᠴᠢ ᠸᠠᠩ | ᠰᠢᠩ ᠺᠠᠢ᠂ ᠵᠢᠶᠠ ᠹᠧᠩ ᠶᠢᠩ ᠶᠠᠷᠢᠯᠴᠠᠬᠤ ᠬᠤᠷᠠᠯ ᠳᠤ ᠣᠷᠣᠯᠴᠠᠪᠠ᠃ | ᠰᠠᠭᠤᠳᠠᠯ ᠤᠨ ᠬᠤᠷᠠᠯ ᠲᠡᠭᠡᠷ᠎ᠡ᠂ ᠬᠠᠮᠢᠶᠠᠷᠣᠯᠳᠠ ᠶᠢᠨ ᠣᠷᠣᠨ ᠤ ᠡᠯ᠎ᠡ ᠰᠠᠯᠠᠭ᠎ᠠ ᠮᠦᠴᠢᠷ ᠤᠨ | ᠬᠠᠷᠢᠭᠤᠴᠠᠭᠴᠢ ᠨᠠᠷ ᠬᠤᠳᠠᠯᠳᠣᠭᠠᠴᠢᠳ ᠤᠨ ᠡᠪᠯᠡᠯ ᠲᠤ ᠠᠵᠣ ᠠᠬᠤᠢ ᠨᠡᠶᠢᠬᠡᠮ ᠤᠨ ᠶᠡᠷᠦᠩᠬᠡᠢ ᠲᠦᠢᠮᠣ ᠪᠠᠶᠢᠳᠠᠯ᠂ | ᠭᠤᠷᠪᠠᠨ ᠶᠡᠭᠡ ᠠᠵᠣ ᠦᠢᠯᠡᠰ ᠤᠨ ᠣᠳᠣᠬᠢ ᠪᠠᠶᠢᠳᠠᠯ ᠪᠣᠯᠣᠨ ᠬᠤᠳᠠᠯᠳᠣᠭᠠᠴᠢᠨ ᠣᠷᠢᠬᠤ ᠭᠤᠣᠯᠳᠠᠯᠭᠠᠳᠦ ᠬᠦᠷᠢᠶ᠎ᠡ | ᠬᠡᠪᠴᠢᠶ᠎ᠠ ᠶᠢ ᠲᠠᠨᠢᠯᠴᠠᠭᠤᠯᠪᠠ᠃ ᠬᠢᠷᠢᠨ ᠤ ᠯᠢ ᠤᠪᠤᠬᠳᠠᠨ ᠤ ᠬᠤᠳᠠᠯᠳᠤᠭᠠᠴᠢᠳ ᠤᠨ ᠡᠪᠯᠡᠯ ᠲᠣᠰ ᠲᠣᠰ ᠠᠵᠤ | ᠠᠬᠤᠶᠢᠯᠠᠯ ᠤᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠠᠴᠠ ᠲᠠᠨᠢᠯᠴᠠᠭᠤᠯᠤᠭᠰᠠᠨ ᠪᠥᠭᠡᠳ ᠬᠠᠮᠢᠶᠠᠷᠤᠯᠲᠠ ᠶᠢᠨ | ᠣᠷᠣᠨ ᠲᠠᠢ ᠳᠡᠭᠡᠳᠦ ᠲᠠᠰ ᠤᠨ ᠴᠢᠨᠠᠷ ᠰᠠᠶᠢᠲᠠᠶ ᠵᠢᠭᠤᠯᠴᠢᠯᠠᠯ᠂ ᠪᠣᠬᠢᠷᠲᠤᠯ ᠥᠬᠡᠶ ᠲᠠᠷᠢᠶᠠᠯᠠᠩ ᠮᠠᠯ ᠤᠨ ᠠᠰᠢᠭ | ᠰᠢᠮ᠎ᠡ ᠶᠢᠨ ᠪᠦᠲᠦᠭᠡᠭᠳᠡᠬᠦᠨ ᠢ ᠳᠡᠯᠭᠡᠷᠡᠭᠦᠯᠬᠦ᠂ ᠪᠠᠷᠢᠯᠭ᠎ᠠ ᠶᠢᠨ ᠡᠨᠧᠷᠭᠢ ᠶᠢᠨ ᠬᠠᠮᠲᠤᠷᠠᠯᠴᠠᠭ᠎ᠠ ᠵᠡᠷᠭᠡ | ᠬᠦᠷᠢᠶᠡᠨ ᠳᠠᠬᠢ ᠬᠠᠮᠲᠤᠷᠠᠯᠴᠠᠭᠠᠨ ᠤ ᠠᠵᠠ ᠲᠣᠬᠢᠶᠠᠯ ᠢ ᠢᠳᠡᠪᠬᠢᠲᠡᠶ ᠡᠷᠢᠯᠬᠢᠯᠡᠪᠡ᠃ ᠨᠣᠮᠢᠨ ᠨᠠᠮ ᠤᠨ ᠠᠵᠢᠯᠯᠠᠬᠤ | ᠬᠤᠷᠢᠶ᠎ᠠ᠂ ᠬᠠᠮᠢᠶᠠᠷᠤᠯᠲᠠ ᠶᠢᠨ ᠵᠥᠪᠯᠡᠯ ᠢ ᠲᠥᠯᠥᠭᠡᠯᠡᠨ ᠰᠤᠷᠪᠤᠯᠵᠢᠯᠠᠬᠤ ᠪᠠᠷ ᠢᠷᠡᠭᠰᠡᠨ ᠢ ᠪᠠᠶᠠᠷᠯᠠᠨ ᠤᠭᠲᠤᠵᠤ | ᠪᠠᠶᠢᠬᠤ ᠪᠠᠨ ᠢᠯᠡᠳᠬᠡᠬᠦ ᠶᠢᠨ ᠬᠠᠮᠲᠤ ᠬᠤᠳᠠᠯᠳᠤᠭᠠᠴᠢᠳ ᠤᠨ ᠡᠪᠯᠡᠯ ᠤᠨ ᠠᠵᠤ ᠠᠬᠤᠶᠢᠯᠠᠯᠲᠠᠨ ᠢ ᠤᠯᠠᠭᠠᠢ ᠶᠢ | ᠣᠶᠢᠯᠠᠭᠠᠵᠤ᠂ ᠤᠯᠠᠭᠠᠢ ᠶᠢ ᠠᠩᠬᠠᠷᠴᠤ᠂ ᠤᠯᠠᠭᠠᠢ ᠶᠢ ᠳᠡᠮᠵᠢᠵᠦ᠂ ᠨᠡᠩ ᠤᠯᠠᠨ ᠬᠦᠷᠢᠶ᠎ᠡ ᠴᠠᠷᠠᠭ᠎ᠠ ᠳᠤ | ᠬᠠᠮᠲᠤᠷᠠᠯᠴᠠᠭ᠎ᠠ ᠬᠢᠬᠦ ᠶᠢ ᠳᠡᠮᠵᠢᠵᠦ᠂ ᠡᠯ᠎ᠡ ᠲᠠᠯ᠎ᠠ ᠶᠢᠨ ᠬᠠᠷᠢᠯᠴᠠᠨ ᠠᠰᠢᠭᠲᠠᠢ ᠬᠠᠮᠲᠤᠪᠠᠷ ᠠᠰᠢᠭ ᠬᠦᠷᠳᠡᠬᠦ ᠶᠢ | ᠠᠬᠢᠭᠤᠯᠬᠤ ᠶᠢ ᠴᠢᠩ ᠰᠡᠳᠬᠢᠯ ᠠᠴᠠ ᠪᠠᠨ ᠬᠦᠰᠡᠵᠦ ᠪᠠᠶᠢᠨ᠎ᠠ ᠭᠡᠪᠡ᠃ | ᠬᠠᠮᠢᠶᠠᠷᠣᠯᠳᠠ ᠶᠢᠨ ᠣᠷᠣᠨ ᠤ ᠨᠠᠮ ᠵᠠᠰᠠᠭ ᠤᠨ ᠠᠯᠪᠠᠨ ᠭᠡᠷ᠂ ᠬᠦᠭᠵᠢᠬᠦᠯᠦᠯᠳᠡ ᠦᠬᠡᠷᠡᠴᠢᠯᠡᠯᠳᠡ ᠶᠢᠨ | ᠵᠦᠪᠯᠡᠯ᠂ ᠠᠵᠦ ᠦᠢᠯᠡᠳᠪᠦᠷᠢ ᠪᠠ ᠮᠡᠳᠡᠭᠡ ᠵᠠᠩᠬᠢᠴᠢᠯᠠᠯᠳᠠ ᠶᠢᠨ ᠲᠣᠪᠴᠢᠶ᠎ᠠ᠂ ᠲᠠᠷᠢᠶᠠᠯᠠᠩ ᠤᠨ ᠰᠢᠨᠵᠢᠯᠡᠬᠦ | ᠣᠬᠠᠭᠠᠨ ᠤ ᠲᠣᠪᠴᠢᠶ᠎ᠠ᠂ ᠰᠣᠶᠣᠯ ᠵᠢᠭᠤᠯᠴᠢᠯᠠᠯ ᠤᠨ ᠲᠣᠪᠴᠢᠶ᠎ᠠ ᠵᠢᠴᠢ ᠭᠤᠷᠪᠠᠨ ᠲᠠᠯᠠᠪᠠᠢ ᠶᠢᠨ ᠭᠤᠣᠯ | ᠬᠠᠷᠢᠭᠤᠴᠠᠯᠭᠠᠳᠠᠨ ᠰᠠᠭᠤᠳᠠᠯ ᠤᠨ ᠬᠤᠷᠠᠯ ᠳᠤ ᠣᠷᠣᠯᠴᠠᠪᠠ᠃ |