ᠰᠣᠶᠣᠯ ᠪᠣᠯ ᠦᠨᠳᠦᠰᠦᠲᠡᠨ ᠪ᠊ ᠣᠷᠣᠰᠢᠨ ᠲᠣᠭᠲᠠᠨᠢᠬᠤ ᠪᠠ ᠬᠥᠭᠵᠢᠯᠲᠡ ᠶᠢᠨ ᠴᠢᠬᠤᠯᠠ ᠬᠦᠴᠦᠨ ᠮᠥᠨ | ᠃ ᠬᠥᠮᠥᠨ ᠲᠥᠷᠥᠯᠬᠢᠲᠡᠨ ᠤ ᠨᠡᠶᠢᠭᠡᠮ ᠤᠨ ᠲᠠᠪᠰᠢᠯᠳᠡ᠂ ᠪᠣᠯᠪᠠᠰᠤᠨ ᠪ᠊ ᠠᠬᠢᠴᠠ ᠪᠦᠷᠢ ᠳᠤ ᠪᠦᠷ ᠰᠣᠶᠣᠯ ᠤᠨ | ᠲᠡᠦᠬᠡᠴᠢ ᠴᠢᠨᠠᠷ ᠲᠠᠢ ᠲᠠᠪᠰᠢᠯᠳᠠ ᠳᠠᠭᠠᠯᠳᠤᠵᠤ ᠪᠠᠶᠢᠳᠠᠭ᠃ ᠲᠤᠮᠳᠠᠳᠤ ᠶᠢᠨ ᠦᠨᠳᠦᠰᠦᠲᠡᠨ 5000 ᠭᠠᠷᠤᠢ | ᠵᠢᠯ ᠤᠨ ᠪᠣᠯᠪᠠᠰᠤᠨ ᠲᠡᠦᠬᠡ ᠲᠠᠢ᠂ ᠣᠶᠢᠷ᠎ᠠ ᠦᠶ᠎ᠡ ᠠᠴᠠ ᠡᠮᠦᠨ᠎ᠡ ᠲᠤᠮᠳᠠᠳᠤ ᠤᠯᠤᠰ ᠪᠦᠷ ᠳᠡᠯᠡᠬᠡᠢ ᠶᠢᠨ | ᠬᠦᠴᠦᠷᠬᠡᠭ ᠤᠯᠤᠰ ᠤᠨ ᠨᠢᠭᠡ ᠪᠠᠶᠢᠪᠠ᠃ ᠬᠡᠳᠦᠨ ᠮᠢᠩᠭᠠᠨ ᠵᠢᠯ ᠤᠨ ᠲᠡᠦᠬᠡ ᠶᠢᠨ ᠬᠤᠪᠢᠷᠠᠯᠲᠠ ᠳᠤᠮᠳᠠ | ᠲᠤᠮᠳᠠᠳᠤ ᠶᠢᠨ ᠦᠨᠳᠦᠰᠦᠲᠡᠨ ᠲᠣᠭᠠᠯᠠᠰᠢ ᠦᠭᠡᠢ ᠤᠯᠠᠨ ᠪᠡᠷᠬᠡ ᠶᠢ ᠲᠤᠭᠤᠯᠵᠤ ᠢᠷᠡᠵᠡᠢ᠃ ᠡᠭᠦᠨ ᠤ ᠬᠠᠮᠤᠭ ᠤᠨ | ᠴᠢᠬᠤᠯᠠ ᠨᠢᠭᠡᠨ ᠰᠢᠯᠲᠠᠭᠠᠨ ᠨᠢ ᠭᠡᠪᠡᠯ ᠦᠶ᠎ᠡ ᠦᠶ᠎ᠡ ᠶᠢᠨ ᠲᠤᠮᠳᠠᠳᠤ ᠶᠢᠨ ᠬᠥᠪᠡᠭᠦᠳ ᠥᠬᠢᠳ ᠥᠪᠡᠷᠮᠢᠴᠡ | ᠣᠨᠴᠠᠯᠢᠭ ᠲᠠᠢ᠂ ᠲᠡᠯᠠᠢ ᠭᠦᠨ ᠠᠭᠤᠯᠬᠤᠨ ᠲᠠᠢ ᠲᠤᠮᠳᠠᠳᠤ ᠶᠢᠨ ᠰᠣᠶᠣᠯ ᠢ ᠡᠭᠦᠳᠦᠨ ᠬᠥᠭᠵᠢᠭᠦᠯᠵᠦ᠂ | ᠲᠤᠮᠳᠠᠳᠤ ᠶᠢᠨ ᠦᠨᠳᠦᠰᠦᠲᠡᠨ ᠬᠦᠴᠢᠷ ᠪᠡᠷᠬᠡᠰᠢᠶᠡᠯ ᠢ ᠲᠤᠭᠤᠯᠵᠤ᠂ ᠦᠶ᠎ᠡ ᠤᠯᠠᠷᠢᠨ ᠬᠥᠭᠵᠢᠬᠦ ᠳᠤ ᠬᠦᠴᠦᠷᠬᠡᠭ | ᠶᠡᠭᠡ ᠤᠶᠤᠨ ᠰᠠᠨᠠᠭᠠᠨ ᠤ ᠲᠤᠯᠭᠠᠭᠤᠷᠢᠯᠠᠯ ᠬᠠᠩᠭᠠᠭᠰᠠᠨ ᠪᠠᠶᠢᠨ᠎ᠠ᠃ | — ᠶᠡᠷᠦᠩᠬᠡᠢ ᠱᠦᠵᠢ ᠰᠢ ᠶᠢᠨ ᠫᠢᠩ ᠤᠨ ᠤᠳᠬ᠎ᠠ ᠤᠷᠠᠯᠢᠭ ᠤᠨ ᠠᠵᠢᠯ ᠤᠨ ᠶᠠᠷᠢᠯᠴᠠᠬᠤ ᠬᠤᠷᠠᠯ | ᠳᠡᠭᠡᠷᠡᠬᠢ ᠶᠠᠷᠢᠶ᠎ᠠ ᠠᠴᠠ ︵2014 ᠣᠨ ᠤ 10 ᠰᠠᠷ᠎ᠠ ᠶᠢᠨ 15 ᠤ ᠡᠳᠦᠷ︶ | ᠭᠦᠭᠡᠬᠤᠳᠠ ᠶᠢᠨ ᠢᠦ᠋ᠢᠴᠢᠤᠸᠠᠨ ᠲᠣᠭᠤᠷᠢᠭ ᠤᠨ ᠨᠢᠭᠡᠨ ᠠᠵᠢᠯᠯᠠᠬᠤ ᠥᠷᠥᠭᠡᠨ ᠳᠤ ᠨᠠᠷᠢᠯᠢᠭ ᠰᠠᠶᠢᠬᠠᠨ | ᠵᠢᠷᠤᠭ ᠤᠳ ᠳᠡᠯᠭᠡᠭᠳᠡᠵᠦ᠂ ᠥᠩᠭᠡ ᠪᠤᠳᠤᠭ ᠢᠯᠭᠠᠷᠠᠭᠰᠠᠨ ᠠᠯᠳᠠᠨ ᠭᠦᠪᠡᠭᠡ ᠲᠠᠢ ᠹᠠᠯᠠᠨ ᠵᠢᠷᠤᠭ ᠬᠠᠷᠠᠭᠰᠠᠨ | ᠪᠣᠯᠭᠠᠨ ᠤ ᠪᠠᠭ᠋ᠠᠷᠬᠠᠯ ᠢ ᠲᠠᠲᠠᠨ᠎ᠠ᠃ | ᠭᠦᠭᠡᠬᠤᠳᠠ ᠶᠢᠨ ᠠᠯᠳᠠᠨ ᠭᠦᠪᠡᠭᠡ ᠲᠠᠢ ᠹᠠᠯᠠᠨ ᠵᠢᠷᠤᠭ ᠤᠨ ᠪᠣᠳᠠᠰ ᠤᠨ ᠪᠤᠰᠤ ᠰᠣᠶᠣᠯ ᠤᠨ | ᠥᠪ ᠤᠨ ᠤᠯᠠᠮᠵᠢᠯᠠᠭᠴᠢ ᠼᠦᠢ ᠰᠢᠶᠠ ᠠᠯᠳᠠᠨ ᠥᠩᠭᠡᠲᠦ ᠬᠥᠩᠭᠡᠨᠴᠠᠭᠠᠨ ᠤᠲᠠᠰᠤ ᠶᠢ ᠬᠠᠶᠢᠴᠢᠯᠠᠨ᠂ | ᠴᠢᠮᠬᠢᠭᠦᠷ ᠢᠶᠠᠷ ᠨᠤᠭᠤᠯᠵᠤ᠂ ᠨᠢᠭᠡ ᠨᠤᠭᠤᠯᠵᠤ ᠨᠢᠭᠡ ᠣᠷᠢᠶᠠᠬᠤ ᠪᠠᠷ ᠲᠠᠮᠵᠢᠨ ᠤᠷᠠᠯᠠᠵᠤ᠂ ᠪᠣᠳᠠᠰ ᠤᠨ ᠪᠤᠰᠤ | ᠰᠣᠶᠣᠯ ᠤᠨ ᠥᠪ ᠤᠨ ᠭᠤᠸ᠎ᠠ ᠰᠠᠶᠢᠬᠠᠨ ᠢ ᠭᠠᠶᠢᠬᠠᠭᠤᠯᠤᠨ᠎ᠠ᠃ | ᠳᠣᠲᠣᠭᠠᠳᠤ ᠭᠠᠳᠠᠭᠠᠳᠤ ᠶᠢ ᠤᠶᠠᠯᠳᠤᠭᠤᠯᠵᠤ ᠤᠷᠠᠯᠢᠭ ᠤᠨ ᠭᠠᠶᠢᠬᠠᠮᠰᠢᠭ ᠢ ᠡᠭᠦᠳᠪᠡ | ᠠᠯᠳᠠᠨ ᠭᠦᠪᠡᠭᠡ ᠲᠠᠢ ᠹᠠᠯᠠᠨ ᠢ ᠪᠠᠰᠠ ᠵᠢᠩ ᠲᠠᠢ ᠯᠠᠨ ᠬᠡᠮᠡᠵᠦ᠂ ᠲᠤᠰ ᠮᠡᠷᠭᠡᠵᠢᠯ ᠨᠢ ᠶᠤᠸᠠᠨ ᠤᠯᠤᠰ ᠤᠨ | ᠦᠶ᠎ᠡ ᠳᠤ ᠠᠷᠠᠪ ᠣᠷᠣᠨ ᠠᠴᠠ ᠲᠤᠮᠳᠠᠳᠤ ᠤᠯᠤᠰ ᠲᠤ ᠤᠯᠠᠮᠵᠢᠯᠠᠭᠳᠠᠨ ᠣᠷᠣᠵᠤ ᠢᠷᠡᠭᠡᠳ ᠠᠭᠠᠵᠢᠮ ᠢᠶᠠᠷ | ᠬᠥᠭᠵᠢᠵᠡᠢ᠃ ᠲᠠᠷᠠ ᠨᠢ ᠥᠨᠢ ᠡᠷᠲᠡᠨ ᠤ ᠵᠢᠩ ᠲᠠᠢ ᠯᠠᠨ ᠤᠷᠠᠯᠠᠯ ᠠᠴᠠ ᠠᠩᠭᠢᠵᠢᠷᠠᠵᠤ᠂ ᠹᠠᠯᠠᠨ ᠤᠷᠠᠯᠢᠭ ᠢ | ᠵᠢᠷᠤᠭ ᠤᠨ ᠬᠠᠪᠲᠠᠰᠤᠨᠠ ᠰᠢᠯᠵᠢᠭᠦᠯᠦᠭᠰᠡᠨ ᠤᠨᠴᠠᠭᠠᠢ ᠤᠷᠠᠯᠢᠭ ᠤᠨ ᠭᠡᠯᠪᠠᠷᠢ ᠪᠠᠶᠢᠵᠤ᠂ ᠤᠯᠠᠮᠵᠢᠯᠠᠯᠲᠤ ᠵᠢᠩ ᠲᠠᠢ | ᠯᠠᠨ ᠤᠷᠠᠯᠠᠯ ᠤᠨ ᠠᠯᠳᠠᠨ ᠤᠲᠠᠰᠤ ᠪᠠᠷ ᠭᠦᠪᠡᠭᠡᠯᠡᠭᠦ᠂ ᠬᠥᠬᠡ ᠪᠤᠳᠤᠭ ᠰᠠᠭᠤᠯᠭᠠᠬᠤ ᠵᠡᠷᠭᠡ ᠮᠡᠷᠭᠡᠵᠢᠯ ᠤᠨ | ᠰᠠᠭᠤᠷᠢᠨ ᠳᠡᠭᠡᠷ᠎ᠡ ᠬᠢᠲᠠᠳ ᠵᠢᠷᠤᠭ ᠪᠠ ᠲᠤᠰᠤᠨ ᠪᠤᠳᠤᠭ ᠤᠨ ᠵᠢᠷᠤᠭ ᠤᠨ ᠵᠠᠷᠢᠮ ᠮᠡᠷᠭᠡᠵᠢᠯ ᠢ ᠰᠢᠩᠭᠡᠭᠡᠵᠦ᠂ | ᠭᠠᠷ ᠢᠶᠠᠷ ᠭᠦᠪᠡᠭᠡᠯᠡᠵᠤ᠂ ᠪᠠᠶᠢᠭᠠᠯᠢᠯᠢᠭ ᠰᠢᠷ ᠪᠤᠳᠤᠭ ᠢᠶᠠᠷ ᠪᠤᠳᠤᠵᠤ᠂ ᠠᠷᠪᠠᠨ ᠬᠡᠳᠦᠨ ᠶᠠᠪᠤᠴᠠ ᠶᠢ ᠳᠠᠮᠵᠢᠭᠠᠳ | ᠪᠦᠲᠦᠭᠡᠭᠳᠡᠳᠡᠭ ᠠᠵᠢ᠃ | ᠠᠯᠳᠠᠨ ᠭᠦᠪᠡᠭᠡ ᠲᠠᠢ ᠹᠠᠯᠠᠨ ᠵᠢᠷᠤᠭ ᠨᠢ ᠶᠤᠸᠠᠨ ᠤᠯᠤᠰ ᠤᠨ ᠰᠡᠭᠦᠯᠴᠢ ᠮᠢᠩ ᠤᠯᠤᠰ ᠤᠨ ᠡᠬᠢᠨ ᠤ | ᠦᠶ᠎ᠡ ᠳᠤ ᠶᠡᠬᠡᠪᠡᠷ ᠳᠡᠯᠭᠡᠷᠡᠵᠦ᠂ ᠮᠢᠩ ᠤᠯᠤᠰ ᠤᠨ ᠦᠶ᠎ᠡ ᠳᠤ ᠬᠥᠭᠵᠢᠯᠲᠡ ᠪᠠᠨ ᠣᠯᠵᠤ᠂ ᠴᠢᠩ ᠤᠯᠤᠰ ᠤᠨ | ᠲᠡᠭᠷᠢ ᠲᠡᠳᠬᠦᠭᠴᠢ ᠶᠢᠨ ᠦᠶ᠎ᠡ ᠳᠤ ᠤᠷᠭᠢᠯ ᠤᠨ ᠱᠠᠲᠤᠨ ᠳᠠᠭᠠᠨ ᠬᠦᠷᠴᠡᠢ᠃ | 2006 ᠣᠨ ᠳᠤ᠂ ᠠᠯᠳᠠᠨ ᠭᠦᠪᠡᠭᠡ ᠲᠠᠢ ᠹᠠᠯᠠᠨ ᠮᠡᠷᠭᠡᠵᠢᠯ ᠨᠢ ᠠᠩᠬᠠᠳᠤᠭᠠᠷ ᠪᠦᠯᠦᠭ ᠤᠯᠤᠰ ᠤᠨ | ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠭᠴᠢ ᠴᠢᠨᠠᠷᠲᠠᠢ ᠲᠦᠷᠦᠯ ᠵᠦᠢᠯ ᠤᠨ ᠨᠡᠷᠡᠰ ᠤᠨ | ᠪᠦᠷᠢᠳᠬᠡᠯ ᠳᠤ ᠵᠢᠭᠰᠠᠭᠠᠭᠳᠠᠵᠠᠢ᠃ | ᠼᠦᠢ ᠰᠢᠶᠠ 2002 ᠣᠨ ᠳᠤ ᠥᠪᠥᠷ ᠮᠣᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠶᠢᠨ ᠤᠷᠠᠨ | ᠵᠢᠷᠤᠭ ᠤᠨ ᠰᠠᠯᠪᠤᠷᠢ ᠠᠴᠠ ᠲᠡᠭᠦᠰᠴᠦ᠂ ᠭᠦᠭᠡᠬᠤᠳᠠ ᠶᠢᠨ ᠠᠯᠳᠠᠨ ᠭᠦᠪᠡᠭᠡ ᠲᠠᠢ ᠹᠠᠯᠠᠨ ᠵᠢᠷᠤᠭ ᠤᠨ ᠪᠣᠳᠠᠰ ᠤᠨ | ᠪᠤᠰᠤ ᠰᠣᠶᠣᠯ ᠤᠨ ᠥᠪ ᠤᠨ ᠤᠯᠠᠮᠵᠢᠯᠠᠭᠴᠢ ᠪᠤᠯᠬᠤ ᠠᠴᠠ ᠡᠮᠦᠨ᠎ᠡ ᠭᠦᠭᠡᠬᠤᠳᠠ ᠶᠢᠨ ᠬᠤᠳᠠ ᠶᠢᠨ ᠲᠡᠰ ᠤᠨ | ᠴᠠᠭᠠᠰᠤᠨ ᠬᠠᠶᠢᠴᠢᠯᠠᠮᠠᠯ ᠤᠨ ᠪᠣᠳᠠᠰ ᠤᠨ ᠪᠤᠰᠤ ᠰᠣᠶᠣᠯ ᠤᠨ ᠥᠪ ᠤᠨ ᠤᠯᠠᠮᠵᠢᠯᠠᠭᠴᠢ ᠪᠠᠶᠢᠪᠠ᠃ | ᠴᠠᠭᠠᠰᠤᠨ ᠬᠠᠶᠢᠴᠢᠯᠠᠮᠠᠯ ᠤᠨ ᠲᠠᠯ᠎ᠠ ᠪᠠᠷ ᠬᠢ ᠠᠮᠵᠢᠯᠲᠠ ᠨᠢ ᠼᠦᠢ ᠰᠢᠶᠠ ᠶᠢ ᠤᠷᠠᠯᠢᠭ ᠤᠨ ᠬᠦᠷᠢᠶ᠎ᠡ | ᠬᠡᠪᠴᠢᠶ᠎ᠡ ᠪᠠᠨ ᠲᠠᠰᠤᠷᠠᠯᠳᠠ ᠦᠭᠡᠢ ᠲᠡᠯᠡᠭᠦ ᠶᠢ ᠠᠬᠢᠭᠤᠯᠵᠠᠢ᠃ | 2016 ᠣᠨ ᠳᠤ ᠲᠠᠷᠠ ᠪᠡᠭᠡᠵᠢᠩ ᠳᠤ ᠪᠣᠳᠠᠰ ᠤᠨ ᠪᠤᠰᠤ ᠰᠣᠶᠣᠯ ᠤᠨ ᠥᠪ ᠤᠨ ᠮᠡᠷᠭᠡᠵᠢᠯ ᠤᠨ | ᠪᠣᠯᠪᠠᠰᠤᠷᠠᠯ ᠳᠤ ᠣᠷᠣᠯᠴᠠᠭᠠᠳ᠂ ᠲᠤᠮᠳᠠᠳᠤ ᠤᠯᠤᠰ ᠤᠨ ᠳᠡᠭᠡᠳᠦ ᠵᠡᠷᠭᠡ ᠶᠢᠨ ᠤᠷᠠᠯᠢᠭ ᠵᠢᠷᠤᠭ ᠤᠨ ᠶᠡᠭᠡ ᠪᠠᠭᠰᠢ | ᠬᠤᠸᠠᠩ ᠰᠢᠶᠣᠣ ᠴᠢᠶᠦ᠋ᠨ ᠠᠴᠠ ᠠᠯᠳᠠᠨ ᠭᠦᠪᠡᠭᠡ ᠲᠠᠢ ᠹᠠᠯᠠᠨ ᠮᠡᠷᠭᠡᠵᠢᠯ ᠢ ᠠᠬᠤᠢ ᠲᠠᠯᠠᠪᠠᠢ ᠳᠤ ᠤᠷᠠᠯᠠᠬᠤ ᠶᠢ | ᠣᠯᠵᠤ ᠬᠠᠷᠠᠵᠠᠢ᠃ | ︽ᠬᠤᠸᠠᠩ ᠪᠠᠭᠰᠢᠲᠠᠨ ᠪ᠊ ᠰᠢᠷ ᠰᠠᠭᠤᠯᠭᠠᠬᠤ ᠤᠷ᠎ᠠ ᠮᠡᠷᠭᠡᠵᠢᠯ ᠢ ᠬᠠᠷᠠᠭᠠᠳ ᠪᠢ ᠠᠯᠳᠠᠨ ᠭᠦᠪᠡᠭᠡ ᠲᠠᠢ | ᠹᠠᠯᠠᠨ ᠵᠢᠷᠤᠭ ᠲᠤ ᠮᠠᠰᠢ ᠶᠡᠭᠡ ᠳᠤᠷ᠎ᠠ ᠰᠣᠨᠢᠷᠬᠠᠯ ᠲᠠᠢ ᠪᠣᠯᠤᠭᠰᠠᠨ︾ ᠭᠡᠵᠦ ᠼᠦᠢ ᠰᠢᠶᠠ ᠶᠠᠷᠢᠨ᠎ᠠ᠃ | ᠨᠠᠷᠢᠯᠢᠭ ᠰᠠᠶᠢᠬᠠᠨ ᠰᠤᠷᠤᠯᠴᠠᠵᠤ ᠰᠢᠨ᠎ᠡ ᠶᠢ ᠡᠭᠦᠳᠪᠡ | ᠪᠡᠭᠡᠵᠢᠩ ᠳᠠᠬᠢ ᠨᠢᠭᠡ ᠭᠠᠷᠠᠭ ᠤᠨ ᠰᠤᠷᠤᠯᠴᠠᠯᠭ᠎ᠠ ᠳᠤ ᠼᠦᠢ ᠰᠢᠶᠠ ᠪᠦᠭᠦ ᠬᠦᠴᠦ ᠪᠠᠨ ᠠᠯᠳᠠᠨ | ᠭᠦᠪᠡᠭᠡ ᠲᠠᠢ ᠹᠠᠯᠠᠨ ᠮᠡᠷᠭᠡᠵᠢᠯ ᠢ ᠰᠤᠷᠤᠯᠴᠠᠬᠤ ᠳᠤ ᠲᠠᠯᠪᠢᠵᠤ᠂ ᠪᠡᠭᠡᠵᠢᠩ ᠠᠴᠠ ᠬᠠᠷᠢᠵᠤ ᠢᠷᠡᠭᠰᠡᠨ ᠪ᠊ ᠲᠠᠷᠠᠭ᠎ᠠ | ᠪᠠᠰᠠ ᠭᠠᠳᠠᠭᠰᠢ ᠲᠤᠰᠬᠠᠶᠢᠯᠠᠨ ᠰᠤᠷᠤᠯᠴᠠᠬᠤ ᠪᠠᠷ ᠶᠠᠪᠤᠵᠠᠢ᠃ | ︽2017 ᠣᠨ ᠳᠤ ᠪᠢ ᠬᠠᠭᠠᠰ ᠵᠢᠯ ᠠᠯᠳᠠᠨ ᠭᠦᠪᠡᠭᠡ ᠲᠠᠢ ᠹᠠᠯᠠᠨ ᠮᠡᠷᠭᠡᠵᠢᠯ ᠪᠠ ᠰᠢᠷ ᠰᠠᠭᠤᠯᠭᠠᠬᠤ | ᠮᠡᠷᠭᠡᠵᠢᠯ ᠢ ᠰᠤᠷᠤᠯᠴᠠᠬᠰᠠᠨ᠂ ᠲᠠᠰᠤᠷᠠᠯᠳᠠ ᠦᠭᠡᠢ ᠰᠤᠷᠤᠯᠴᠠᠬᠤ ᠪᠠᠷ ᠳᠠᠮᠵᠢᠭᠠᠳ ᠮᠢᠨᠤ ᠮᠡᠷᠭᠡᠵᠢᠯ ᠨᠡᠯᠢᠶᠡᠳ | ᠳᠡᠭᠡᠭᠰᠢᠯᠡᠭᠰᠡᠨ︾᠂ ︽ᠲᠠᠷᠠ ᠦᠶᠡᠰ ᠪᠢ ᠬᠤᠶᠠᠳᠤᠭᠠᠷ ᠬᠡᠦᠬᠡᠳ ᠢᠶᠠᠨ ᠳᠠᠪᠬᠤᠷ ᠪᠠᠶᠢᠭᠰᠠᠨ᠂ ᠭᠡᠷ ᠪᠣᠯᠣᠨ | ᠠᠵᠢᠯᠯᠠᠬᠤ ᠥᠷᠥᠭᠡᠨ ᠪ᠊ ᠬᠤᠭᠤᠷᠣᠨᠳᠤ ᠨᠠᠰᠢ ᠴᠠᠰᠢ ᠶᠠᠭᠠᠷᠠᠭᠰᠠᠭᠠᠷ ᠪᠠᠶᠢᠵᠤ᠂ ᠭᠡᠳᠡᠰᠦ ᠪᠦᠳᠦᠭᠦᠷᠡᠭᠡᠳ ᠪᠦᠷ | ᠮᠠᠰᠢᠨ ᠪ᠊ ᠵᠠᠯᠠᠭᠤᠷ ᠲᠤ ᠲᠤᠯᠵᠤ᠂ ᠬᠥᠩᠭᠡᠵᠢᠬᠦ ᠦᠶ᠎ᠡ ᠪᠠᠷ ᠰᠠᠶ᠋ᠢ ᠠᠵᠢᠯᠯᠠᠬᠤ ᠪᠠᠨ ᠵᠣᠭᠰᠣᠭᠰᠠᠨ︾ ᠭᠡᠵᠦ ᠼᠦᠢ | ᠰᠢᠶᠠ ᠶᠠᠷᠢᠨ᠎ᠠ᠃ | ᠼᠦᠢ ᠰᠢᠶᠠ ᠰᠤᠷᠤᠯᠴᠠᠬᠤ ᠳᠤᠮᠳᠠ ᠪᠠᠨ ᠵᠢᠷᠤᠭ ᠵᠢᠷᠤᠬᠤ ᠮᠡᠷᠭᠡᠵᠢᠯ ᠪᠣᠯᠣᠨ ᠹᠠᠯᠠᠨ ᠤᠷᠠᠯᠠᠯ ᠢ ᠬᠠᠶᠢᠯᠴᠠᠨ | ᠤᠶᠠᠯᠳᠤᠭᠤᠯᠬᠤ ᠶᠢᠨ ᠬᠠᠮᠲᠤ ᠪᠠᠰᠠ ᠭᠦᠭᠡᠬᠤᠳᠠ ᠶᠢᠨ ᠠᠯᠳᠠᠨ ᠭᠦᠪᠡᠭᠡ ᠲᠠᠢ ᠹᠠᠯᠠᠨ ᠵᠢᠷᠤᠭ ᠦᠢᠯᠡᠳᠬᠦ | ᠶᠠᠪᠤᠴᠠ ᠶᠢ ᠡᠮᠬᠢᠯᠡᠭᠰᠡᠨ ᠪᠠᠶᠢᠨ᠎ᠠ᠃ | ᠼᠦᠢ ᠰᠢᠶᠠ ᠶᠢᠨ ᠬᠡᠯᠡᠬᠦ ᠪᠠᠷ᠂ ᠠᠯᠳᠠᠨ ᠭᠦᠪᠡᠭᠡ ᠲᠠᠢ ᠹᠠᠯᠠᠨ ᠵᠢᠷᠤᠭ ᠪᠣᠯ ᠡᠩ ᠲᠡᠷᠢᠭᠦᠨ ᠳᠤ ᠵᠢᠷᠤᠭ | ᠤᠷᠠᠯᠠᠯ ᠪᠠᠶᠢᠵᠤ᠂ ᠵᠣᠬᠢᠶᠠᠨ ᠪᠦᠲᠦᠭᠡᠬᠦ ᠬᠡᠷᠡᠭᠴᠡᠭᠡ ᠪᠠᠨ ᠦᠨᠳᠦᠰᠦᠯᠡᠨ ᠴᠠᠭᠠᠰᠤᠨ ᠳᠡᠭᠡᠷ᠎ᠡ ᠵᠢᠷᠤᠭ | ᠲᠥᠯᠥᠪᠯᠡᠭᠡ ᠪᠠᠨ ᠭᠠᠷᠭᠠᠭᠰᠠᠨ ᠪ᠊ ᠲᠠᠷᠠᠭ᠎ᠠ᠂ ᠬᠢᠲᠠᠳ ᠵᠢᠷᠤᠭ ᠤᠨ ᠠᠷᠭ᠎ᠠ ᠪᠠᠷᠢᠯ ᠢᠶᠠᠷ ᠵᠢᠷᠤᠭ ᠢᠶᠠᠨ ᠭᠦᠪᠡᠭᠡᠯᠡᠭᠦ | ᠬᠡᠰᠡᠭ ᠲᠡᠭᠡᠨ ᠵᠢᠷᠤᠵᠤ᠂ ᠲᠠᠷᠠᠭ᠎ᠠ ᠨᠢ ᠭᠦᠪᠡᠭᠡᠯᠡᠵᠤ᠂ ᠣᠬᠤᠷ ᠬᠠᠶᠢᠴᠢ᠂ ᠨᠠᠭᠠᠯᠲᠠ᠂ ᠬᠠᠪᠴᠢᠭᠤᠷ ᠵᠡᠷᠭᠡ | ᠪᠠᠭᠠᠵᠢ ᠶᠢ ᠠᠰᠢᠭᠯᠠᠨ᠂ ᠠᠯᠳᠠ᠂ ᠭᠠᠤᠯᠢ᠂ ᠬᠥᠩᠭᠡᠨᠴᠠᠭᠠᠨ ᠵᠡᠷᠭᠡ ᠲᠡᠮᠦᠷᠯᠢᠭ ᠨᠠᠷᠢᠨ ᠤᠲᠠᠰᠤ ᠶᠢ ᠵᠢᠷᠤᠭᠰᠠᠨ | ᠭᠡᠯᠪᠠᠷᠢ ᠳᠦᠷᠰᠦ ᠪᠠᠷ ᠰᠢᠭᠢᠳᠬᠡᠨ ᠣᠷᠢᠶᠠᠭᠰᠠᠨ ᠪ᠊ ᠲᠠᠷᠠᠭ᠎ᠠ ᠪᠤᠳᠤᠭ ᠣᠷᠣᠭᠤᠯᠵᠤ᠂ 6 - 12 ᠴᠠᠭ ᠪᠣᠯᠤᠭᠰᠠᠨ | ᠬᠤᠶᠢᠨ᠎ᠠ ᠬᠤᠪᠠ ᠰᠢᠭ᠋ ᠭᠢᠯᠲᠠᠭᠠᠨᠠᠵᠤ᠂ ᠰᠢᠯ ᠰᠢᠭ ᠭᠠᠳᠠᠷᠭᠤ ᠲᠠᠢ ᠪᠤᠯᠳᠠᠭ ᠪᠠᠶᠢᠨ᠎ᠠ᠃ | ᠭᠤᠶᠤ ᠰᠠᠶᠢᠬᠠᠨ ᠠᠯᠳᠠᠨ ᠭᠦᠪᠡᠭᠡ ᠲᠠᠢ ᠹᠠᠯᠠᠨ ᠵᠢᠷᠤᠭ ᠢᠩᠭᠢᠵᠦ ᠪᠦᠲᠦᠭᠡᠭᠳᠡᠳᠡᠭ ᠠᠵᠢ᠃ | ︽ᠪᠤᠢ ᠪᠦᠬᠦᠢ ᠶᠠᠪᠤᠴᠠ ᠶᠢᠨ ᠳᠤᠮᠳᠠ ᠣᠨᠴᠠᠭᠠᠶᠢᠯᠠᠨ ᠠᠩᠬᠠᠷᠤᠭᠤᠰᠢᠲᠠᠢ ᠨᠢ ᠭᠦᠪᠡᠭᠡᠯᠡᠭᠦ ᠦᠶᠡᠰ ᠠᠯᠳᠠᠨ | ᠤᠲᠠᠰᠤᠨ ᠪ᠊ ᠵᠠᠯᠭᠠᠳᠠᠰᠤᠨ ᠪ᠊ ᠬᠡᠰᠡᠭ ᠢ ᠵᠠᠪᠠᠯ ᠵᠠᠢ ᠦᠭᠡᠢ ᠰᠠᠶᠢᠬᠠᠨ ᠪᠠᠶᠢᠯᠭᠠᠬᠤ ᠬᠡᠷᠡᠭᠲᠡᠢ᠃ ᠦᠭᠡᠢ ᠪᠣᠯ ᠪᠤᠳᠤᠭ | ᠰᠠᠭᠤᠯᠭᠠᠬᠤ ᠦᠶᠡᠰ ᠪᠤᠳᠤᠭ ᠨᠢ ᠠᠮᠠᠷᠬᠠᠨ ᠭᠤᠭᠤᠵᠢᠨ᠎ᠠ᠃ ᠪᠤᠳᠤᠭ ᠰᠠᠭᠤᠯᠭᠠᠭᠰᠠᠨ ᠨᠢ ᠠᠮᠵᠢᠯᠲᠠ ᠲᠠᠢ | ᠪᠣᠯᠤᠭᠰᠠᠨ ᠡᠰᠡᠬᠦ ᠶᠢᠨ ᠵᠠᠩᠭᠢᠯᠠᠭ᠎ᠠ ᠨᠢ ᠠᠯᠢ ᠲᠠᠯ᠎ᠠ ᠠᠴᠠ ᠨᠢ ᠬᠠᠷᠠᠭᠰᠠᠨ ᠴᠤ ᠲᠡᠭᠰᠢ ᠭᠥᠯᠢᠭᠡᠷ ᠪᠠᠶᠢᠬᠤ ᠳᠤ | ᠣᠷᠣᠰᠢᠨ᠎ᠠ︾ ᠭᠡᠵᠦ ᠼᠦᠢ ᠰᠢᠶᠠ ᠶᠠᠷᠢᠨ᠎ᠠ᠃ | ᠣᠨᠴᠠᠯᠢᠭ ᠨᠢ ᠢᠯᠡ ᠲᠣᠳᠣᠷᠬᠠᠢ ᠢᠷᠡᠭᠡᠳᠦᠢ ᠭᠡᠭᠡᠨ ᠰᠠᠷᠠᠭᠤᠯ | ᠠᠯᠳᠠᠨ ᠭᠦᠪᠡᠭᠡ ᠲᠠᠢ ᠹᠠᠯᠠᠨ ᠵᠢᠷᠤᠭ ᠤᠨ ᠰᠡᠳᠦᠪᠯᠡᠬᠦᠨ ᠨᠢ ᠤᠯᠠᠨ ᠵᠦᠢᠯ ᠳᠤ ᠬᠢᠵᠠᠭᠠᠷᠯᠠᠭᠳᠠᠬᠤ ᠦᠭᠡᠢ᠂ | ᠬᠠᠷᠠᠭ᠎ᠠ ᠭᠦᠷᠦᠭᠰᠡᠨ ᠭᠠᠵᠠᠷ ᠦᠵᠡᠮᠵᠢ ᠪᠣᠯᠵᠤ᠂ ᠵᠢᠷᠤᠭ ᠤᠨ ᠪᠢᠷ ᠢᠶᠠᠷ ᠢᠯᠡᠳᠬᠡᠵᠦ ᠦᠯᠦ ᠴᠢᠳᠠᠬᠤ ᠤᠨᠴᠠᠭᠠᠢ | ᠪᠣᠰᠤᠭ᠎ᠠ ᠴᠣᠭᠴᠠᠲᠤ ᠤᠷᠠᠯᠢᠭ ᠤᠨ ᠦᠷ᠎ᠡ ᠪᠦᠳᠦᠮᠵᠢ ᠲᠠᠢ ᠪᠠᠶᠢᠵᠤ᠂ ᠡᠯ᠎ᠡ ᠵᠦᠢᠯ ᠤᠨ ᠵᠢᠷᠤᠭ ᠤᠨ ᠣᠨᠴᠠᠯᠢᠭ ᠢ | ᠬᠠᠳᠠᠭᠠᠯᠠᠭᠰᠠᠨ ᠠᠴᠠ ᠭᠠᠳᠠᠨ᠎ᠠ ᠪᠠᠰᠠ ᠰᠢᠯ ᠪᠤᠳᠤᠭ ᠤᠨ ᠪᠠᠶᠢᠭᠠᠯᠢᠯᠢᠭ ᠰᠠᠶᠢᠬᠠᠨ ᠢ ᠬᠠᠳᠠᠭᠠᠯᠠᠵᠤ᠂ ᠪᠦᠲᠦᠴᠡ ᠨᠢ | ᠬᠠᠲᠠᠭᠤ᠂ ᠥᠨᠳᠥᠷ ᠬᠠᠯᠠᠭᠤᠨ ᠠᠴᠠ ᠠᠶᠤᠬᠤ ᠦᠭᠡᠢ᠂ ᠤᠰᠤ ᠴᠢᠭᠢᠭ ᠠᠴᠠ ᠠᠶᠤᠬᠤ ᠦᠭᠡᠢ᠂ ᠥᠩᠭᠡ | ᠪᠤᠳᠤᠭ ᠨᠢ ᠤᠨᠠᠬᠤ ᠦᠭᠡᠢ᠂ ᠪᠣᠬᠢᠷᠳᠤᠯ ᠦᠭᠡᠢ᠂ ᠤᠳᠠᠭᠠᠨ ᠬᠠᠳᠠᠭᠠᠯᠠᠵᠤ ᠪᠤᠯᠳᠠᠭ ᠵᠡᠷᠭᠡ ᠣᠨᠴᠠᠯᠢᠭ ᠢᠶᠠᠷ ᠢᠶᠠᠨ | ᠵᠠᠬ᠎ᠠ ᠳᠡᠯᠭᠡᠭᠦᠷ ᠤᠨ ᠬᠦᠷᠢᠶᠡᠯᠡᠯ ᠢ ᠣᠯᠵᠠᠢ᠃ | ᠤᠯᠠᠨ ᠵᠢᠯ ᠤᠨ ᠲᠤᠷᠰᠢ ᠼᠦᠢ ᠰᠢᠶᠠ ︽ᠨᠠᠢᠮᠠᠨ ᠰᠢᠷᠭ᠎ᠠ︾᠂ ︽ᠯᠤᠤ ᠭᠠᠷᠤᠳᠢ ᠬᠤᠣᠰᠯᠠᠭᠰᠠᠨ ᠥᠯᠵᠡᠢ | ᠪᠡᠯᠭᠡ︾᠂ ︽ᠮᠢᠩᠭᠠᠨ ᠭᠠᠵᠠᠷ ᠤᠨ ᠠᠭᠤᠯᠠ ᠤᠰᠤᠨ ᠪ᠊ ᠵᠢᠷᠤᠭ︾ ᠵᠡᠷᠭᠡ ᠤᠯᠠᠨ ᠤᠯᠠᠨ ᠲᠥᠯᠥᠭᠡᠯᠡᠭᠴᠢ | ᠪᠦᠲᠦᠭᠡᠯ ᠢᠶᠠᠨ ᠵᠣᠬᠢᠶᠠᠨ ᠪᠦᠲᠦᠭᠡᠭᠰᠡᠨ ᠪᠠᠶᠢᠨ᠎ᠠ᠃ ᠢᠯᠠᠩᠭᠤᠶ᠎ᠠ ᠲᠡᠭᠦᠨ ᠪ᠊ ᠵᠣᠬᠢᠶᠠᠨ ᠪᠦᠲᠦᠭᠡᠭᠰᠡᠨ ︽ᠠᠷᠪᠠᠨ | ᠬᠤᠶᠠᠷ ᠵᠢᠯ︾ ᠨᠢ ᠥᠪᠥᠷ ᠮᠣᠩᠭᠤᠯ ᠤᠨ ᠣᠨᠴᠠᠯᠢᠭ ᠢ ᠠᠭᠤᠰᠬᠠᠵᠤ᠂ ᠠᠷᠪᠠᠨ ᠬᠤᠶᠠᠷ ᠵᠢᠯ ᠤᠨ ᠠᠮᠢᠳᠠᠨ | ᠪᠣᠯᠭᠠᠨ ᠢ ᠠᠮᠢᠳᠤᠯᠢᠭ ᠰᠠᠶᠢᠬᠠᠨ ᠵᠣᠬᠢᠶᠠᠨ ᠪᠦᠲᠦᠭᠡᠭᠰᠡᠨ ᠢᠶᠠᠷ ᠦᠵᠡᠭᠰᠡᠨ ᠪᠣᠯᠭᠠᠨ ᠢ ᠱᠠᠭᠰᠢᠷᠠᠭᠤᠯᠵᠤ᠂ | ᠾᠧᠪᠧᠢ ᠶᠢᠨ ᠨᠢᠭᠡᠨ ᠬᠡᠷᠡᠭᠯᠡᠭᠴᠢ ᠪᠠᠭ᠋ᠠᠷᠬᠠᠬᠤ ᠶᠢᠨ ᠶᠡᠬᠡᠪᠡᠷ ᠪᠠᠭ᠋ᠠᠷᠬᠠᠵᠤ᠂ ᠥᠨᠳᠥᠷ ᠦᠨ᠎ᠡ ᠪᠠᠷ ᠬᠤᠳᠠᠯᠳᠤᠨ | ᠠᠪᠤᠭᠰᠠᠨ ᠪᠠᠶᠢᠨ᠎ᠠ᠃ | ᠥᠪᠯᠡᠨ ᠤᠯᠠᠮᠵᠢᠯᠠᠬᠤ ᠵᠠᠮ ᠳᠤ ᠼᠦᠢ ᠰᠢᠶᠠ ᠭᠠᠭᠴᠠᠭᠠᠷ ᠪᠢᠰᠢ᠃ | ᠤᠯᠠᠨ ᠵᠢᠯ ᠤᠨ ᠡᠮᠦᠨ᠎ᠡ ᠤᠯᠠᠮᠵᠢᠯᠠᠯᠲᠤ ᠴᠠᠭᠠᠰᠤᠨ ᠬᠠᠶᠢᠴᠢᠯᠠᠮᠠᠯ ᠢ ᠵᠣᠬᠢᠶᠠᠨ ᠪᠦᠲᠦᠭᠡᠵᠦ ᠪᠠᠶᠢᠭ᠎ᠠ ᠦᠶᠡᠰ | ᠂ ᠲᠠᠷᠠ ᠪᠦᠷ 10 ᠭᠠᠷᠤᠢ ᠱᠠᠪᠢ ᠬᠥᠮᠥᠵᠢᠭᠦᠯᠵᠦ᠂ ᠡᠭᠦᠨ ᠳᠤ ᠭᠡᠷ ᠪᠦᠯᠢ ᠶᠢᠨ ᠡᠵᠡᠭᠲᠡᠢ᠂ ᠠᠵᠢᠯ ᠠᠯᠳᠠᠭᠰᠠᠨ | ᠡᠮᠡᠭᠲᠡᠢ᠂ ᠵᠡᠮᠳᠡᠭ ᠬᠥᠮᠥᠨ ᠵᠡᠷᠭᠡ ᠪᠤᠢ᠃ ᠼᠦᠢ ᠰᠢᠶᠠ ᠠᠯᠳᠠᠨ ᠭᠦᠪᠡᠭᠡ ᠲᠠᠢ ᠹᠠᠯᠠᠨ ᠵᠢᠷᠤᠭ ᠢ ᠰᠤᠷᠤᠬᠰᠠᠨ ᠪ᠊ | ᠲᠠᠷᠠᠭ᠎ᠠ ᠪᠠᠰᠠ ᠡᠳᠡᠭᠡᠷ ᠱᠠᠪᠢ ᠨᠠᠷ ᠲᠠᠭᠠᠨ ᠵᠢᠭᠠᠵᠠᠢ᠃ | ᠼᠦᠢ ᠰᠢᠶᠠ ᠲᠠᠰᠤᠷᠠᠯᠳᠠ ᠦᠭᠡᠢ ᠴᠢᠷᠮᠠᠶᠢᠯᠭ᠎ᠠ ᠪᠠᠷ ᠲᠠᠮᠵᠢᠨ ᠵᠣᠬᠢᠶᠠᠨ ᠪᠦᠲᠦᠭᠡᠬᠦ ᠰᠤᠳᠤᠯᠬᠤ᠂ | ᠦᠢᠯᠡᠳᠪᠦᠷᠢᠯᠡᠵᠦ ᠡᠳ᠋ᠰᠢᠭᠦᠯᠬᠦ᠂ ᠮᠡᠷᠭᠡᠵᠢᠯ ᠤᠨ ᠪᠣᠯᠪᠠᠰᠤᠷᠠᠯ᠂ ᠠᠵᠢᠯ ᠣᠯᠭᠤᠯᠲᠠ ᠪᠠᠷ ᠳᠡᠮᠵᠢᠬᠦ᠂ ᠰᠢᠯᠢᠳᠡᠭ | ᠪᠦᠲᠦᠭᠡᠭᠳᠡᠬᠦᠨ ᠢ ᠳᠡᠯᠭᠡᠨ ᠪᠣᠷᠣᠯᠠᠭᠤᠯᠬᠤ᠂ ᠬᠡᠯᠬᠢᠶᠡᠲᠦ ᠪᠣᠷᠤᠯᠠᠭᠤᠯᠭ᠎ᠠ ᠵᠢᠴᠢ ᠡᠯᠧᠺᠳ᠋ᠷᠣᠨ ᠠᠷᠠᠯᠵᠢᠶᠠᠨ ᠪ᠊ | ᠲᠠᠪᠴᠠᠩ ᠵᠡᠷᠭᠡ ᠰᠢᠷᠢᠰ ᠦᠢᠯᠡᠴᠢᠯᠡᠭᠡ ᠶᠢ ᠨᠢᠭᠡ ᠴᠣᠭᠴᠠᠵᠢᠭᠤᠯᠵᠤ᠂ ᠪᠣᠳᠠᠰ ᠤᠨ ᠪᠤᠰᠤ ᠰᠣᠶᠣᠯ ᠤᠨ ᠥᠪ ᠢ | ᠤᠯᠠᠮᠵᠢᠯᠠᠨ ᠵᠠᠯᠭᠠᠮᠵᠢᠯᠠᠬᠤ ᠪᠠ ᠪᠣᠳᠠᠰ ᠤᠨ ᠪᠤᠰᠤ ᠰᠣᠶᠣᠯ ᠤᠨ ᠥᠪ ᠤᠨ ᠠᠵᠤ ᠦᠢᠯᠡᠰ ᠤᠨ ᠡᠵᠡᠩᠨᠡᠯᠲᠡ ᠶᠢ | ᠲᠤᠰᠬᠠᠶᠢᠵᠢᠭᠤᠯᠤᠨ ᠦᠢᠯᠡᠴᠢᠯᠡᠬᠦ ᠲᠠᠪᠴᠠᠩ ᠪᠠᠶᠢᠭᠤᠯᠵᠤ᠂ ᠨᠢᠭᠡ ᠪᠦᠯᠦᠭ ᠬᠥᠮᠥᠨ ᠢ ᠲᠠᠶᠢᠴᠢᠯᠡᠨ ᠳᠠᠭᠠᠭᠤᠯᠵᠤ᠂ | ᠲᠡᠳᠡᠨᠡᠷ ᠤᠨ ᠠᠵᠢᠯ ᠣᠯᠬᠤ ᠠᠰᠠᠭᠤᠳᠠᠯ ᠢ ᠰᠢᠢᠳᠪᠦᠷᠢᠯᠡᠭᠰᠡᠨ ᠪᠠᠶᠢᠨ᠎ᠠ᠃ | ︽ᠣᠳᠣᠬᠠᠨ ᠳᠤ ᠪᠢ ᠭᠤᠣᠯ ᠬᠦᠴᠦ ᠪᠠᠨ ᠵᠢᠷᠤᠵᠤ ᠲᠥᠰᠥᠪᠯᠡᠬᠦ ᠳᠡᠭᠡᠷ᠎ᠡ ᠲᠠᠯᠪᠢᠵᠤ᠂ ᠥᠪᠥᠷ | ᠮᠣᠩᠭᠤᠯ ᠤᠨ ᠣᠨᠴᠠᠯᠢᠭ ᠲᠠᠢ ᠠᠯᠳᠠᠨ ᠭᠦᠪᠡᠭᠡ ᠲᠠᠢ ᠹᠠᠯᠠᠨ ᠵᠢᠷᠤᠭ ᠨᠡᠩ ᠶᠡᠭᠡ ᠨᠥᠯᠥᠭᠡ ᠲᠠᠢ ᠪᠣᠯᠵᠤ᠂ ᠥᠪᠥᠷ | ᠮᠣᠩᠭᠤᠯ ᠢ ᠤᠬᠠᠭᠤᠯᠬᠤ ᠨᠢᠭᠡᠨ ᠬᠤᠪᠢ ᠨᠡᠷ᠎ᠡ ᠶᠢᠨ ᠬᠠᠭᠤᠳᠠᠰᠤ ᠪᠤᠯᠬᠤ ᠶᠢ ᠬᠦᠰᠡᠵᠦ ᠪᠤᠢ︾ ᠭᠡᠵᠦ ᠼᠦᠢ ᠰᠢᠶᠠ | ᠬᠦᠰᠡᠯ ᠪᠤᠳᠤᠯ ᠢᠶᠠᠨ ᠳᠡᠯᠭᠡᠨ᠎ᠡ᠃ | |