ᠣᠷᠣᠰᠢᠭᠤᠯᠭ᠎ᠠ ᠶᠢᠨ ᠥᠭᠡᠷᠡᠴᠢᠯᠡᠯᠲᠡ ᠶᠢ ᠭᠦᠨᠵᠡᠭᠡᠶ ᠠᠬᠢᠭᠤᠯᠵᠤ᠂ ᠨᠤᠲᠤᠭ ᠪᠡᠯᠴᠢᠭᠡᠷ ᠤᠨ ᠠᠮᠢ ᠠᠬᠤᠶ | ᠣᠷᠴᠢᠨ ᠲᠣᠭᠤᠷᠢᠨ ᠢ ᠬᠠᠮᠠᠭᠠᠯᠠᠵᠤ᠂ ᠣᠯᠠᠨ ᠲᠦᠮᠡᠨ ᠤ ᠣᠷᠣᠰᠢᠭᠤᠯᠭ᠎ᠠ ᠶᠢ ᠬᠥᠩᠭᠡᠷᠡᠭᠦᠯᠬᠦ ᠶᠢᠨ ᠲᠥᠯᠥᠭᠡ | ᠠᠷᠠᠳ ᠤᠨ ᠶᠠᠪᠤᠳᠠᠯ ᠤᠨ ᠶᠠᠮᠤᠨ ᠵᠡᠷᠭᠡ 16 ᠶᠠᠮᠤᠨ ᠵᠦᠪᠯᠡᠯ ︽ᠣᠷᠣᠰᠢᠭᠤᠯᠭ᠎ᠠ ᠶᠢᠨ ᠥᠭᠡᠷᠡᠴᠢᠯᠡᠯᠲᠡ ᠶᠢ ᠤᠯᠠᠮ | ᠨᠢᠭᠡ ᠠᠯᠬᠤᠮ ᠲᠦᠯᠬᠢᠨ ᠠᠬᠢᠭᠤᠯᠵᠤ ᠣᠷᠣᠰᠢᠭᠤᠯᠭ᠎ᠠ ᠶᠢᠨ ᠦᠢᠯᠡᠰ ᠤᠨ ᠬᠥᠭᠵᠢᠯᠲᠡ ᠶᠢ ᠠᠬᠢᠭᠤᠯᠬᠤ ᠲᠤᠬᠠᠶ | ᠵᠢᠯᠣᠭᠤᠳᠬᠤ ᠰᠠᠨᠠᠯ︾ ︵ᠮᠢᠨ ᠲᠠᠷᠬᠠᠭᠠᠭᠰᠠᠨ ︹2018︺ 5 ᠳ᠋ᠤᠭᠠᠷ ᠲᠣᠭᠠᠲᠤ︶ ︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠣᠷᠣᠰᠢᠭᠤᠯᠭ᠎ᠠ ᠶᠢᠨ ᠦᠢᠯᠡᠴᠢᠯᠡᠭᠡᠨ ᠤ ᠰᠦᠢᠳᠬᠡᠯ ᠬᠤᠷᠢᠶᠠᠬᠤ | ᠬᠠᠮᠢᠶᠠᠷᠤᠯᠲᠠ ᠶᠢᠨ ᠠᠷᠭ᠎ᠠ︾ ︵ᠥᠪᠥᠷ ᠠᠷᠠᠳ ᠤᠨ ᠶᠠᠪᠤᠳᠠᠯ ᠲᠠᠷᠬᠠᠭᠠᠭᠰᠠᠨ ﹇2018﹈ 101 ᠳ᠋ᠦ᠋ᠭᠡᠷ | ᠲᠣᠭᠠᠲᠤ︶᠂ ᠥᠪᠡᠷᠲᠡᠭᠡᠨ ᠵᠠᠰᠠᠬᠤ ᠣᠷᠣᠨ ᠤ ᠠᠷᠠᠳ ᠤᠨ ᠶᠠᠪᠤᠳᠠᠯ ᠤᠨ ᠲᠢᠩᠬᠢᠮ ᠵᠡᠷᠭᠡ 4 ᠰᠠᠯᠠᠭ᠎ᠠ | ᠮᠥᠴᠢᠷ ᠤᠨ ︽ᠣᠷᠣᠰᠢᠭᠤᠯᠭ᠎ᠠ ᠶᠢᠨ ᠦᠢᠯᠡᠴᠢᠯᠡᠭᠡᠨ ᠤ ᠰᠦᠢᠳᠬᠡᠯ ᠬᠤᠷᠢᠶᠠᠬᠤ ᠬᠠᠮᠢᠶᠠᠷᠤᠯᠲᠠ ᠶᠢᠨ ᠠᠵᠢᠯ ᠢ | ᠤᠯᠠᠮ ᠨᠢᠭᠡ ᠠᠯᠬᠤᠮ ᠵᠢᠷᠤᠮᠵᠢᠭᠤᠯᠬᠤ ᠲᠤᠬᠠᠶ ᠬᠡᠷᠡᠭᠵᠢᠭᠦᠯᠬᠦ ᠰᠠᠨᠠᠯ︾ ︵ᠥᠪᠥᠷ ᠠᠷᠠᠳ ᠤᠨ ᠶᠠᠪᠤᠳᠠᠯ | ᠲᠠᠷᠬᠠᠭᠠᠭᠰᠠᠨ ﹇2020﹈ 6 ᠳ᠋ᠤᠭᠠᠷ ᠲᠣᠭᠠᠲᠤ︶᠂ ᠠᠶᠢᠮᠠᠭ ᠤᠨ ᠠᠷᠠᠳ ᠤᠨ ᠶᠠᠪᠤᠳᠠᠯ ᠤᠨ ᠲᠣᠪᠴᠢᠶ᠎ᠠ᠂ | ᠡᠳ᠋ ᠤᠨ ᠵᠠᠰᠠᠭ ᠤᠨ ᠲᠣᠪᠴᠢᠶ᠎ᠠ ᠶᠢᠨ ︽︿ᠠᠷᠠᠳ ᠲᠤ ᠠᠰᠢᠭ ᠬᠦᠷᠲᠡᠭᠡᠬᠦ ᠣᠷᠣᠰᠢᠭᠤᠯᠭ᠎ᠠ ᠶᠢᠨ ᠲᠥᠷᠥ ᠶᠢᠨ | ᠪᠣᠳᠣᠯᠭ᠎ᠠ ᠶᠢ ᠪᠥᠬᠦ ᠲᠠᠯ᠎ᠠ ᠪᠠᠷ ᠬᠡᠷᠡᠭᠵᠢᠭᠦᠯᠬᠦ ᠲᠤᠬᠠᠶ ᠬᠡᠷᠡᠭᠵᠢᠭᠦᠯᠬᠦ ᠰᠠᠨᠠᠯ︾ ︵ᠥᠪᠥᠷ ᠠᠷᠠᠳ ᠤᠨ ᠶᠠᠪᠤᠳᠠᠯ | ᠲᠠᠷᠬᠠᠭᠠᠭᠰᠠᠨ ﹇2013﹈ 138 ᠳ᠋ᠤᠭᠠᠷ ᠲᠣᠭᠠᠲᠤ︶ ᠤᠨ ᠵᠣᠷᠢᠭ ᠰᠠᠨᠠᠭ᠎ᠠ ᠶᠢ ᠦᠨᠳᠦᠰᠦᠯᠡᠨ᠂ ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠣᠶ ᠪᠣᠯᠭᠠᠬᠤ ᠪᠠᠷ ᠠᠵᠢᠯ ᠤᠨ ᠭᠤᠤᠯ | ᠰᠢᠵᠢᠮ ᠪᠣᠯᠭᠠᠵᠤ᠂ ᠬᠠᠮᠢᠶᠠᠷᠤᠯᠲᠠ ᠶᠢᠨ ᠣᠷᠣᠨ ᠤ ᠪᠣᠳᠠᠲᠠᠶ ᠲᠠᠢ ᠤᠶᠠᠯᠳᠤᠭᠤᠯᠤᠨ᠂ ᠳᠣᠤᠷᠠᠬᠢ ᠨᠠᠷᠢᠨ ᠲᠦᠷᠢᠮ ᠢ | ᠲᠣᠭᠲᠠᠭᠠᠪᠠ᠃ | ︵ᠨᠢᠭᠡ᠂ ᠬᠤᠲᠠ ᠬᠥᠳᠡᠭᠡ ᠶᠢᠨ ︽ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ︾ ᠲᠠᠢ ᠡᠲᠡᠭᠡᠳ ᠵᠡᠷᠭᠡ | ᠣᠨᠴᠠᠭᠠᠶ ᠬᠦᠴᠢᠷᠳᠡᠯᠲᠡᠶ ᠬᠥᠮᠦᠰ ︵ᠳᠣᠷᠣᠭᠰᠢ ︽ᠣᠨᠴᠠᠭᠠᠶ ᠬᠦᠴᠢᠷᠳᠡᠯᠲᠡᠶ ᠬᠥᠮᠦᠰ︾ ᠭᠡᠵᠦ ᠲᠣᠪᠴᠢᠯᠠᠨ᠎ᠠ︶ | ᠬᠠᠮᠢᠶᠠᠷᠣᠯᠳᠠ ᠶᠢᠨ ᠣᠷᠣᠨ ᠤ ᠡᠷᠦᠬᠡ ᠠᠮᠠ ᠨᠠᠰᠣ ᠪᠠᠷᠠᠭᠰᠠᠨ ᠤ ᠲᠠᠷᠠᠭ᠎ᠠ ᠭᠠᠯ ᠪᠠᠷ ᠲᠡᠭᠳᠡᠭᠡᠭᠰᠡᠳ᠄ | 1. ᠬᠤᠲᠠ ᠬᠥᠳᠡᠭᠡ ᠶᠢᠨ ᠣᠨᠴᠠ ᠬᠦᠴᠢᠷᠳᠡᠯᠲᠡᠶ ᠬᠥᠮᠦᠰ | 2. ᠬᠤᠲᠠ ᠬᠥᠳᠡᠭᠡ ᠶᠢᠨ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ ᠬᠦᠷᠲᠡᠬᠦ ᠡᠲᠡᠭᠡᠳ | 3. ᠤᠯᠤᠰ ᠤᠨ ᠣᠳᠣ ᠶᠢᠨ ᠬᠡᠷᠡᠭᠵᠢᠭᠦᠯᠵᠦ ᠪᠠᠶᠢᠭ᠎ᠠ ᠲᠣᠭᠲᠠᠭᠠᠯ ᠶᠣᠰᠣᠭᠠᠷ ᠲᠣᠭᠲᠠᠮᠠᠯ | ᠬᠤᠭᠤᠴᠠᠭ᠎ᠠ ᠲᠠᠢ ᠠᠰᠠᠷᠠᠮᠵᠢ ᠶᠢᠨ ᠮᠥᠩᠭᠦ ᠪᠤᠶᠤ ᠲᠤᠰᠠᠯᠠᠮᠵᠢ ᠶᠢᠨ ᠮᠥᠩᠭᠦ ᠬᠥᠷᠳᠡᠭᠰᠡᠳ ᠲᠤ ᠠᠰᠠᠷᠠᠨ | ᠬᠠᠷᠠᠭᠠᠯᠵᠠᠨ᠎ᠠ | 4. ᠬᠠᠮᠢᠶᠠᠷᠣᠯᠳᠠ ᠶᠢᠨ ᠣᠷᠣᠨ ᠤ ᠲᠣᠳᠣᠭᠠᠳᠣ ᠶᠢ ᠬᠠᠮᠠᠭᠠᠯᠠᠬᠤ ᠪᠠᠶᠢᠭᠤᠯᠭ᠎ᠠ ᠠᠴᠠ ᠭᠠᠯ ᠢᠶᠠᠷ | ᠳᠡᠭᠳᠡᠭᠡᠬᠦ ᠶᠢ ᠵᠦᠪᠰᠢᠶᠡᠷᠡᠭᠰᠡᠨ ᠨᠡᠷ᠎ᠡ ᠦᠬᠡᠢ ᠦᠬᠦᠳᠡᠯ ᠢ ᠬᠡᠷᠡᠴᠢᠯᠡᠨ᠎ᠠ᠃ | 5. ᠬᠠᠮᠢᠶᠠᠷᠣᠯᠳᠠ ᠶᠢᠨ ᠣᠷᠣᠨ ᠤ ᠬᠠᠮᠢᠶᠠᠷᠣᠯᠳᠠ ᠶᠢᠨ ᠵᠦᠪᠯᠡᠯ ᠵᠢᠴᠢ ᠲᠡᠭᠦᠨ ᠠᠴᠠ ᠲᠡᠭᠡᠭᠰᠢᠬᠢ | ᠠᠷᠠᠳ ᠤᠨ ᠵᠠᠰᠠᠭ ᠤᠨ ᠣᠷᠳᠣᠨ ᠤ ᠲᠣᠭᠳᠠᠭᠠᠭᠰᠠᠨ ᠲᠡᠨᠦᠬᠦᠯ ᠬᠡᠣᠬᠡᠳ ᠵᠡᠷᠭᠡ ᠪᠣᠰᠣᠣᠨ ᠱᠠᠭᠠᠷᠳᠠᠯᠭ᠎ᠠ ᠳᠤ | ᠨᠡᠶᠢᠴᠡᠭᠦ ᠬᠤᠲᠠ ᠬᠥᠳᠡᠭᠡ ᠶᠢᠨ ᠣᠨᠴᠠᠭᠠᠢ ᠬᠦᠴᠢᠷᠲᠡᠢ ᠣᠯᠠᠨ ᠲᠦᠮᠡᠨ ᠢ ᠠᠪᠤᠷᠠᠨ ᠲᠤᠰᠠᠯᠠᠨ᠎ᠠ᠃ | ︵ᠬᠤᠶᠠᠷ︶ ᠬᠠᠮᠢᠶᠠᠷᠣᠯᠳᠠ ᠶᠢᠨ ᠣᠷᠣᠨ ᠤ ᠬᠢᠯᠢ ᠲᠣᠳᠣᠷ᠎ᠠ ᠨᠠᠰᠤ ᠪᠠᠷᠠᠵᠦ᠂ ᠬᠠᠮᠢᠶᠠᠷᠣᠯᠳᠠ ᠶᠢᠨ | ᠣᠷᠣᠨ ᠤ ᠣᠷᠣᠰᠢᠭᠤᠯᠭ᠎ᠠ ᠶᠢᠨ ᠭᠠᠵᠠᠷ ᠲᠤ ᠭᠠᠯᠳᠠᠬᠰᠡᠳ ︵ᠲᠣᠷᠣᠭᠰᠢ ︽ᠬᠢᠯᠢ ᠶᠢᠨ ᠲᠣᠳᠣᠷᠠᠬᠢ ᠪᠡᠶ᠎ᠡ | ᠥᠷᠡᠭᠳᠡᠭᠰᠡᠳ︾ ᠭᠡᠵᠦ ᠳᠦᠬᠦᠮᠴᠢᠯᠡᠨ᠎ᠡ︶᠃ ᠬᠠᠮᠢᠶᠠᠷᠣᠯᠳᠠ ᠶᠢᠨ ᠣᠷᠣᠨ ᠤ ᠡᠮ ᠡᠮᠨᠡᠯᠭᠡ ᠡᠷᠡᠬᠦᠯ ᠬᠠᠮᠠᠭᠠᠯᠠᠯ ᠤᠨ | ᠪᠠᠶᠢᠭᠤᠯᠣᠮᠵᠢ ᠶᠢᠨ ᠭᠠᠷᠭᠠᠭᠰᠠᠨ ︽ᠰᠠᠭᠤᠭᠠᠯᠢ ᠠᠷᠠᠳ ᠤᠨ ᠦᠬᠦᠭᠰᠡᠨ ᠠᠨᠠᠭᠠᠬᠤ ᠣᠬᠠᠭᠠᠨ ᠤ ᠭᠡᠷᠡᠴᠢ ︵ | ᠮᠠᠭᠠᠳᠯᠠᠯᠳᠠ︶︶ ᠪᠤᠶᠤ ᠬᠠᠮᠢᠶᠠᠷᠤᠯᠲᠠ ᠶᠢᠨ ᠣᠷᠣᠨ ᠤ ᠳᠣᠲᠣᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠶᠢᠨ ᠬᠢᠵᠦ | ᠥᠭᠭᠦᠭᠰᠡᠨ ᠬᠠᠮᠢᠶ᠎ᠠ ᠪᠦᠬᠦᠢ ᠭᠠᠷ ᠭᠦᠢᠴᠡᠳᠬᠡᠯ ᠲᠠᠢ᠃ | |