ᠣᠶᠢᠷ᠎ᠠ ᠳᠤ᠂ ᠥᠪᠥᠷ ᠮᠣᠩᠭᠤᠯ ᠤᠨ ᠪᠥᠬᠦ ᠣᠷᠣᠨ ᠤ ᠣᠯᠠᠨ ᠠᠶᠢᠮᠠᠭ ᠬᠤᠲᠠ ᠶᠢᠨ ᠦᠵᠡᠮᠵᠢ ᠶᠢᠨ | ᠣᠷᠣᠨ ᠨᠢ ᠪᠥᠬᠦ ᠤᠯᠤᠰ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠳᠤ ᠰᠢᠯᠭᠠᠭᠤᠯᠤᠭᠰᠠᠳ ᠪᠠ | ᠤᠯᠤᠰ ᠤᠨ ᠨᠢᠭᠡᠳᠦᠯᠲᠡᠢ ᠰᠢᠯᠭᠠᠯᠲᠠ ᠳᠤ ᠣᠷᠤᠯᠴᠠᠭᠰᠠᠳ ᠲᠤ ᠲᠡᠭᠦᠰᠬᠦ ᠤᠯᠠᠷᠢᠯ ᠤᠨ ᠬᠠᠷᠠᠭᠠᠯᠵᠠᠯ ᠬᠦᠷᠲᠡᠭᠡᠵᠦ | ᠪᠠᠶᠢᠨ᠎ᠠ᠃ ᠡᠨᠡ ᠬᠦ ᠬᠦᠰᠡᠯ ᠤᠨ ᠣᠴᠢ ᠪᠠᠳᠠᠷᠠᠭᠰᠠᠨ ᠳᠡᠯᠭᠡᠷ ᠵᠤᠨ ᠤ ᠤᠯᠠᠷᠢᠯ ᠳᠤ᠂ ᠥᠪᠥᠷ ᠮᠣᠩᠭᠤᠯ ᠤᠨ | ᠰᠤᠶᠤᠯ ᠵᠢᠭᠤᠯᠴᠢᠯᠠᠯ ᠤᠨ ᠬᠢᠨ ᠦᠯᠡᠮᠵᠢ ᠣᠯᠠᠨ ᠰᠢᠯᠭᠠᠭᠤᠯᠤᠭᠰᠠᠳ ᠢ ᠥᠪᠥᠷ ᠮᠣᠩᠭᠤᠯ ᠳᠤ ᠢᠷᠡᠵᠦ ᠪᠡᠶ᠎ᠡ | ᠰᠡᠳᠬᠢᠯ ᠢᠶᠠᠨ ᠠᠮᠠᠷᠠᠭᠠᠬᠤ ᠶᠢ ᠴᠢᠩ ᠰᠡᠳᠬᠢᠯᠭᠡ ᠠᠴᠠ ᠪᠠᠨ ᠤᠷᠢᠵᠤ ᠪᠣᠢ᠃ | ᠬᠢᠩᠭᠠᠨ ᠠᠶᠢᠮᠠᠭ ᠤᠨ ᠣᠯᠣᠨ ᠪᠦᠺᠧᠨ ᠤᠢ ᠰᠢᠭᠤᠢ ᠶᠢᠨ ᠰᠤᠶᠤᠯ ᠵᠤᠭᠠᠴᠠᠯ ᠤᠨ ᠤᠷᠤᠨ᠂ ᠪᠠᠶᠢᠯᠠᠩ | ᠤᠷᠭᠢᠯ ᠤᠨ ᠦᠵᠡᠮᠵᠢ ᠶᠢᠨ ᠤᠷᠤᠨ᠂ ᠴᠠᠷᠠᠰᠤᠨ ᠤᠰᠤᠨ ᠴᠦᠬᠦᠷᠦᠮ ᠤᠨ ᠦᠵᠡᠮᠵᠢ ᠶᠢᠨ ᠤᠷᠤᠨ᠂ ᠤᠯᠠᠭᠠᠨᠮᠤᠳᠤ | ᠲᠠᠯ᠎ᠠ ᠨᠤᠳᠤᠭ ᠤᠨ ᠦᠵᠡᠮᠵᠢ ᠶᠢᠨ ᠤᠷᠤᠨ ᠵᠡᠷᠭᠡ 6 ᠦᠵᠡᠮᠵᠢ ᠶᠢᠨ ᠤᠷᠤᠨ ᠨᠢ ᠤᠯᠤᠰ ᠤᠨ ᠨᠢᠭᠡᠳᠦᠯᠲᠡᠢ | ᠰᠢᠯᠭᠠᠯᠲᠠ ᠳᠤ ᠣᠷᠤᠯᠴᠠᠭᠰᠠᠳ ᠲᠤ ᠰᠦᠢᠳᠭᠡᠯ ᠬᠤᠷᠢᠶᠠᠬᠤ ᠦᠭᠡᠢ ᠲᠦᠷᠦ ᠶᠢᠨ ᠪᠤᠳᠤᠯᠭ᠎ᠠ ᠶᠢ ᠬᠡᠷᠡᠭᠵᠢᠭᠦᠯᠵᠦ | ᠪᠣᠢ︔ ᠤᠯᠠᠭᠠᠨᠬᠠᠳᠠ ᠬᠤᠲᠠ ᠶᠢᠨ A ᠲᠠᠰ ᠤᠨ 9 ᠦᠵᠡᠮᠵᠢ ᠶᠢᠨ ᠣᠷᠣᠨ ᠨᠢ ᠥᠨᠳᠥᠷ ᠵᠡᠷᠭᠡ ᠶᠢᠨ ᠳᠤᠮᠳᠠᠳᠤ | ᠰᠤᠷᠭᠠᠭᠤᠯᠢ ᠳᠤ ᠰᠢᠯᠭᠠᠭᠤᠯᠤᠭᠰᠠᠳ ᠪᠠ ᠤᠯᠤᠰ ᠤᠨ ᠨᠢᠭᠡᠳᠦᠯᠲᠡᠢ ᠰᠢᠯᠭᠠᠯᠲᠠ ᠳᠤ ᠣᠷᠤᠯᠴᠠᠭᠰᠠᠳ ᠲᠤ ᠬᠠᠭᠠᠰ | ᠦᠨ᠎ᠡ ᠶᠢᠨ ᠬᠢᠮᠳᠠᠷᠠᠯ ᠲᠠᠢ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠵᠦ ᠪᠣᠢ︔ ᠤᠯᠠᠭᠠᠨᠴᠠᠪ | ᠬᠤᠲᠠ ᠶᠢᠨ ᠰᠤᠮᠤᠨ ᠠᠭᠤᠯᠠ ᠶᠢᠨ ᠵᠤᠭᠠᠴᠠᠯ ᠤᠨ ᠦᠵᠡᠮᠵᠢ ᠶᠢᠨ ᠣᠷᠣᠨ᠂ ᠭᠡᠭᠡᠨᠲᠠᠯ᠎ᠠ ᠲᠠᠯ᠎ᠠ ᠨᠤᠲᠤᠭ ᠤᠨ | ᠵᠤᠭᠠᠴᠠᠯ ᠤᠨ ᠦᠵᠡᠮᠵᠢ ᠶᠢᠨ ᠣᠷᠣᠨ ᠨᠢ ᠰᠦᠢᠳᠬᠡᠯ ᠬᠤᠷᠢᠶᠠᠬᠤ ᠥᠬᠡᠶ ᠲᠥᠷᠥ ᠶᠢᠨ ᠪᠣᠳᠣᠯᠭ᠎ᠠ ᠶᠢ | ᠬᠡᠷᠡᠭᠵᠢᠭᠦᠯᠵᠦ᠂ ᠬᠦᠢᠲᠡᠨᠰᠢᠯᠢ ᠬᠤᠩᠬᠤᠷ ᠭᠤᠤ ᠶᠢᠨ ᠲᠠᠯ᠎ᠠ ᠨᠤᠲᠤᠭ ᠤᠨ ᠵᠢᠭᠤᠯᠴᠢᠯᠠᠯ ᠤᠨ ᠦᠵᠡᠮᠵᠢ ᠶᠢᠨ | ᠣᠷᠣᠨ᠂ ᠤᠯᠠᠭᠠᠨ ᠬᠠᠳᠠ ᠵᠢᠭᠤᠯᠴᠢᠯᠠᠯ ᠤᠨ ᠦᠵᠡᠮᠵᠢ ᠶᠢᠨ ᠣᠷᠣᠨ ᠨᠢ ᠡᠨᠡ ᠵᠢᠯ ᠤᠨ ᠥᠨᠳᠥᠷ ᠵᠡᠷᠭᠡ ᠶᠢᠨ | ᠳᠤᠮᠳᠠᠳᠤ ᠰᠤᠷᠭᠠᠭᠤᠯᠢ ᠳᠤ ᠰᠢᠯᠭᠠᠭᠤᠯᠤᠭᠰᠠᠳ ᠪᠠ ᠤᠯᠤᠰ ᠤᠨ ᠨᠢᠭᠡᠳᠦᠯᠲᠡᠢ ᠰᠢᠯᠭᠠᠯᠲᠠ ᠳᠤ ᠣᠷᠤᠯᠴᠠᠭᠰᠠᠳ ᠲᠤ | ᠪᠢᠯᠧᠲ ᠤᠨ ᠰᠦᠢᠳᠬᠡᠯ ᠠᠪᠬᠤ ᠦᠭᠡᠢ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠵᠦ ᠪᠣᠢ︔ | ᠪᠤᠭᠤᠲᠤ ᠬᠤᠲᠠ ᠶᠢᠨ ᠪᠡᠳᠬᠡᠷ ᠵᠣᠣ ᠦᠵᠡᠮᠵᠢ ᠶᠢᠨ ᠣᠷᠣᠨ᠂ ᠤᠮᠠᠷᠠᠲᠤ ᠶᠢᠨ ᠴᠡᠷᠢᠭ ᠤᠨ ᠵᠡᠪᠰᠡᠭ ᠤᠨ ᠬᠤᠲᠠ᠂ | ᠴᠢᠨ ᠤ ᠣᠷᠳᠣ ᠴᠠᠭᠠᠨ ᠬᠡᠷᠡᠮ ᠵᠡᠷᠭᠡ 6 ᠦᠵᠡᠮᠵᠢ ᠶᠢᠨ ᠣᠷᠣᠨ ᠨᠢ ᠤᠯᠤᠰ ᠤᠨ ᠨᠢᠭᠡᠳᠦᠯᠲᠡᠢ ᠰᠢᠯᠭᠠᠯᠲᠠ ᠳᠤ | ᠣᠷᠤᠯᠴᠠᠭᠰᠠᠳ ᠲᠤ ᠪᠢᠯᠧᠲ ᠤᠨ ᠰᠦᠢᠳᠬᠡᠯ ᠠᠪᠬᠤ ᠦᠭᠡᠢ ᠬᠠᠷᠠᠭᠠᠯᠵᠠᠯ ᠬᠦᠷᠲᠡᠭᠡᠵᠦ ᠪᠣᠢ︔ ᠬᠥᠯᠥᠨ | ᠪᠤᠶᠢᠷ ᠤᠨ A ᠳᠡᠰ ᠤᠨ 10 ᠦᠵᠡᠮᠵᠢ ᠶᠢᠨ ᠣᠷᠣᠨ ᠨᠢ ᠤᠯᠤᠰ ᠤᠨ ᠨᠢᠭᠡᠳᠦᠯᠲᠡᠢ ᠰᠢᠯᠭᠠᠯᠲᠠ ᠳᠤ | ᠣᠷᠤᠯᠴᠠᠭᠰᠠᠳ ᠲᠤ ᠬᠠᠭᠠᠰ ᠦᠨ᠎ᠡ ᠶᠢᠨ ᠬᠢᠮᠳᠠᠷᠠᠯ ᠲᠠᠢ ᠪᠤᠶᠤ ᠪᠢᠯᠧᠲ ᠤᠨ ᠰᠦᠢᠳᠬᠡᠯ ᠠᠪᠬᠤ ᠦᠭᠡᠢ | ᠲᠥᠷᠥ ᠶᠢᠨ ᠪᠣᠳᠣᠯᠭ᠎ᠠ ᠶᠢ ᠬᠡᠷᠡᠭᠵᠢᠭᠦᠯᠵᠦ ᠪᠠᠶᠢᠨ᠎ᠠ᠃ ᠣᠶᠢᠯᠠᠭᠠᠭᠰᠠᠨ ᠢᠶᠠᠷ᠂ ᠡᠳᠡᠭᠡᠷ ᠬᠠᠷᠠᠭᠠᠯᠵᠠᠯ ᠤᠨ | ᠲᠥᠷᠥ ᠶᠢᠨ ᠪᠣᠳᠣᠯᠭ᠎ᠠ ᠶᠢ ᠣᠳᠣᠬᠠᠨ ᠳᠤ ᠨᠢᠭᠡᠨᠲᠡ ᠡᠬᠢᠯᠡᠨ ᠬᠡᠷᠡᠭᠵᠢᠭᠦᠯᠵᠦ᠂ ᠵᠢᠱᠢᠯᠲᠡ ᠪᠠᠷ 8 ᠳ᠋ᠤᠭᠠᠷ | ᠰᠠᠷ᠎ᠠ ᠶᠢᠨ ᠡᠴᠦᠰ ᠢᠶᠠᠷ ᠥᠨᠳᠥᠷᠯᠡᠬᠦ ᠪᠣᠯᠣᠨ᠎ᠠ᠃ |