ᠮᠠᠨ ᠤ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠤᠮᠤᠨ ᠤ ᠱᠠᠤᠲᠤ | ᠭᠠᠴᠠᠭᠠᠨ ᠤ ᠵᠠᠯᠠᠭᠤ ᠮᠠᠯᠴᠢᠨ ᠤᠮᠤᠭᠰᠢᠯ᠂ ᠵᠡᠭᠦᠨ ᠦᠵᠦᠮᠦᠴᠢᠨ ᠬᠤᠰᠢᠭᠤᠨ ᠤ ᠤᠯᠢᠶᠠᠰᠤᠲᠠᠢ ᠪᠠᠯᠭᠠᠰᠤᠨ ᠤ | ᠠᠮᠤᠭᠤᠯᠠᠩᠪᠤᠯᠠᠭ ᠭᠠᠴᠠᠭᠠᠨ ᠤ ᠵᠠᠯᠠᠭᠤ ᠮᠠᠯᠴᠢᠨ ᠰᠠᠶᠢᠨᠪᠠᠭᠠᠲᠤᠷ᠂ ᠵᠡᠭᠦᠨ ᠦᠵᠦᠮᠦᠴᠢᠨ ᠬᠤᠰᠢᠭᠤᠨ ᠤ ᠭᠠᠬᠢᠯ | ᠰᠤᠮᠤᠨ ᠤ ᠡᠷᠢᠶᠡᠨᠭᠤᠪᠢ ᠭᠠᠴᠠᠭᠠᠨ ᠤ ᠮᠠᠯᠴᠢᠨ ᠰᠢᠳᠤᠷᠭᠤ ᠮᠠᠯ ᠮᠠᠯᠵᠢᠯ ᠤᠨ ᠦᠢᠯᠡᠰ ᠢᠶᠠᠷ ᠳᠡᠯᠡᠭᠡᠢ ᠶᠢᠨ ᠲᠡᠷᠢᠭᠦᠨ | ᠪᠠᠶᠢᠷᠢᠨ ᠳᠤ ᠪᠠᠶᠢᠭ᠎ᠠ ᠠᠦ᠋ᠰᠳ᠋ᠷᠠᠯᠢᠶ᠎ᠠ ᠤᠯᠤᠰ ᠲᠤ ᠬᠦᠷᠴᠠᠢ᠃ | ᠲᠡᠳᠡ ᠭᠤᠷᠪᠠᠭᠤᠯᠠ ᠨᠤᠲᠤᠭ ᠤᠨ ᠬᠡᠳᠦᠨ ᠮᠠᠯᠴᠢᠨ ᠤ ᠪᠠᠨ ᠨᠠᠶᠢᠳᠠᠯᠭ᠎ᠠ ᠪᠠᠷ ᠠᠦ᠋ᠰᠳ᠋ᠷᠠᠯᠢᠶ᠎ᠠ ᠠᠴᠠ 70 | ᠰᠢᠯᠢᠳᠡᠭ ᠡᠭᠦᠯᠳᠡᠷ ᠤᠨ ᠪᠢᠷᠠᠭᠤ ᠬᠤᠳᠠᠯᠳᠤᠨ ᠠᠪᠤᠭᠰᠠᠨ ᠪᠦᠭᠡᠳ ᠤᠳᠤ ᠦᠶ᠎ᠠ ᠶᠢᠨ ᠮᠠᠯ ᠠᠵᠤ ᠠᠬᠤᠢ ᠶᠢ | ᠬᠦᠭᠵᠢᠬᠦᠯᠬᠦ ᠮᠡᠳᠡᠯᠭᠡ ᠮᠡᠳᠡᠴᠡ ᠪᠠᠨ ᠦᠷᠭᠡᠳᠬᠡᠬᠦ ᠪᠠᠷ ᠪᠤᠲᠠᠲᠠᠢ ᠦᠢᠯᠡᠳᠦᠯᠭᠡ ᠳᠡᠭᠡᠷ᠎ᠠ ᠨᠢ ᠪᠠᠶᠢᠴᠠᠭᠠᠯᠲᠠ ᠬᠢᠵᠡᠢ᠃ | ᠲᠡᠭᠡᠪᠡᠯ ᠤᠮᠤᠭᠰᠢᠯ᠂ ᠰᠠᠶᠢᠨᠪᠠᠭᠠᠲᠤᠷ᠂ ᠰᠢᠳᠤᠷᠭᠤ ᠨᠠᠷ ᠠᠦ᠋ᠰᠳ᠋ᠷᠠᠯᠢᠶ᠎ᠠ ᠤᠯᠤᠰ ᠲᠤ ᠶᠠᠭᠤ ᠦᠵᠡᠵᠤ | ᠰᠤᠷᠤᠯᠴᠠᠭᠰᠠᠨ ᠪᠤᠯ︖ ᠲᠡᠳᠡᠨ ᠤ ᠪᠠᠨ ᠤᠯᠤᠯᠳᠠ ᠲᠦᠷᠦᠭᠳᠡᠯ᠂ ᠰᠠᠨᠠᠭ᠎ᠠ ᠪᠤᠳᠤᠯ ᠢ ᠨᠢ ᠤᠡᠭᠰᠢᠭᠴᠢᠳ ᠲᠤ ᠪᠠᠨ | ᠬᠦᠷᠭᠡᠶ᠎ᠠ᠃ | ᠰᠤᠷᠪᠤᠯᠵᠢᠯᠠᠭᠴᠢ᠄ ᠤᠳᠤ ᠠᠴᠠ ᠶᠠᠭ ᠭᠤᠴᠢᠨ ᠵᠢᠯ ᠤᠨ ᠡᠮᠦᠨ᠎ᠠ ᠠᠪᠤᠷᠭᠤ ᠮᠠᠯᠴᠢᠨ ᠪᠠᠳᠮᠠᠰᠡᠷᠡᠩ ᠵᠡᠷᠭᠡ | ᠲᠤᠯᠤᠭᠠᠨ ᠮᠠᠯᠴᠢᠨ ᠠᠦ᠋ᠰᠳ᠋ᠷᠠᠯᠢᠶ᠎ᠠ ᠤᠯᠤᠰ ᠲᠤ ᠬᠦᠷᠴᠤ᠂ ᠬᠦᠭᠵᠢᠭᠰᠡᠨ ᠤᠯᠤᠰ ᠤᠨ ᠲᠠᠪᠰᠢᠭᠰᠠᠨ ᠮᠠᠯ ᠠᠵᠤ | ᠠᠬᠤᠢ ᠠᠴᠠ ᠰᠤᠷᠤᠯᠴᠠᠵᠤ ᠪᠠᠶᠢᠭᠰᠠᠨ ᠶᠤᠮ᠃ ᠦᠨᠤᠳᠤᠷ ᠲᠠ ᠭᠤᠷᠪᠠ ᠲᠡᠷᠡ ᠤᠯᠤᠰ ᠲᠤ ᠬᠦᠷᠦᠭᠰᠡᠨ ᠤ ᠤᠴᠢᠷ | ᠰᠢᠯᠲᠠᠭᠠᠨ ᠶᠠᠭᠤ ᠪᠠᠶᠢᠨ᠎ᠠ︖ ᠤᠮᠤᠭᠰᠢᠯ᠄ ᠬᠠᠮᠤᠭ ᠤᠨ ᠲᠡᠷᠢᠭᠦᠨ ᠳᠤ ᠬᠦᠭᠵᠢᠭᠰᠡᠨ ᠤᠯᠤᠰ ᠢᠶᠠᠷ ᠬᠦᠷᠴᠤ᠂ | ᠨᠢᠳᠤ ᠨᠡᠭᠡᠭᠡᠶᠠ ᠭᠡᠰᠡᠨ ᠪᠤᠳᠤᠯ ᠠᠴᠠ ᠶᠠᠪᠤᠭᠰᠠᠨ᠃ ᠪᠢ ᠤᠶᠤᠲᠠᠨ ᠠᠮᠢᠳᠤᠷᠠᠯ ᠢᠶᠠᠨ ᠲᠡᠭᠦᠰᠭᠡᠵᠤ᠂ ᠨᠤᠲᠤᠭ | ᠪᠤᠴᠠᠭᠰᠠᠨ ᠤ ᠳᠠᠷᠠᠭ᠎ᠠ ᠰᠢᠮᠧᠨ᠋ᠲ᠋ᠠᠷ ᠡᠭᠦᠯᠳᠡᠷ ᠤᠨ ᠦᠬᠡᠷ ᠮᠠᠯᠵᠢᠭᠠᠳ ᠨᠢᠭᠡᠨᠲᠡ ᠳᠤᠯᠤᠭᠠᠨ ᠵᠢᠯ ᠤᠨ ᠨᠢᠭᠤᠷ | ᠦᠵᠡᠵᠦ ᠪᠠᠶᠢᠨ᠎ᠠ᠃ ᠡᠨᠡ ᠶᠠᠪᠤᠴᠠ ᠳᠤ ᠮᠠᠰᠢ ᠤᠯᠠᠨ ᠠᠰᠠᠭᠤᠳᠠᠯ ᠲᠤᠬᠢᠶᠠᠯᠳᠤᠯ᠎ᠠ᠂ ᠰᠢᠨ᠎ᠡ ᠠᠷᠭ᠎ᠠ ᠬᠠᠭᠤᠴᠢᠨ | ᠠᠪᠳᠠᠯ ᠢᠶᠠᠷ ᠰᠶᠢᠳᠪᠦᠷᠢᠯᠡᠭᠰᠡᠭᠡᠷ ᠯᠡ ᠢᠷᠡᠭᠰᠡᠨ᠃ ᠲᠡᠭᠡᠭᠡᠳ ᠡᠨᠡ ᠤᠳᠠᠭ᠎ᠠ ᠤᠴᠢᠬᠤ ᠳᠤ ᠪᠠᠨ ᠪᠢᠳᠡᠨ ᠲᠠᠢ | ᠠᠳᠠᠯᠢᠬᠠᠨ ᠦᠬᠡᠷ ᠢ ᠶᠠᠭᠠᠬᠢᠵᠦ ᠮᠠᠯᠵᠢᠭᠠᠳ ᠪᠢᠳᠡᠨ ᠠᠴᠠ ᠢᠯᠡᠭᠦᠦ ᠦᠷ᠎ᠡ ᠠᠰᠢᠭ ᠤᠯᠵᠦ ᠪᠠᠶᠢᠬᠤ᠂ ᠳᠡᠳᠡᠨ ᠤ | ᠮᠠᠯᠵᠢᠬᠤ ᠠᠷᠭ᠎ᠠ ᠠᠪᠴᠠᠯ᠂ ᠰᠠᠭᠤᠷᠢ ᠪᠦᠲᠦᠭᠡᠨ ᠪᠠᠶᠢᠭᠤᠯᠤᠯᠲᠠ ᠨᠢ ᠠᠯᠢ ᠲᠠᠯ᠎ᠠ ᠪᠠᠷ ᠢᠶᠠᠨ ᠪᠢᠳᠡᠨ ᠠᠴᠠ | ᠳᠠᠪᠠᠭᠤᠯᠢᠭ ᠲᠠᠢ ᠪᠠᠶᠢᠬᠤ ᠶᠢ ᠨᠢᠳᠦ ᠪᠠᠷ ᠢᠶᠠᠨ ᠦᠵᠡᠵᠦ᠂ ᠪᠤᠲᠠᠲᠠᠢ ᠪᠠᠷ ᠤᠶᠢᠯᠠᠭᠠᠶᠡ ᠭᠡᠵᠦ ᠪᠤᠳᠤᠭᠰᠠᠨ ᠶᠤᠮ᠃ | ᠡᠭᠦᠨ ᠤ ᠳᠠᠭᠠᠤ ᠴᠡᠪᠡᠷ ᠡᠭᠦᠯᠳᠡᠷ ᠤᠨ ᠦᠬᠡᠷ ᠠᠪᠴᠦ᠂ ᠦᠪᠡᠷ ᠤᠨ ᠦᠬᠡᠷ ᠤᠨ ᠡᠭᠦᠯᠳᠡᠷ ᠢᠶᠠᠨ ᠤᠯᠠᠮ | ᠰᠢᠯᠢᠳᠡᠭᠵᠢᠭᠦᠯᠬᠦ ᠶᠢ ᠪᠤᠳᠤᠯ᠎ᠠ᠃ | ᠰᠠᠶᠢᠨᠪᠠᠭᠠᠲᠤᠷ᠄ ᠲᠡᠶᠢᠮᠦ ᠡ︕ ᠮᠠᠯᠴᠢᠨ ᠬᠦᠮᠦᠨ ᠪᠤᠯᠤᠭᠰᠠᠨ ᠤ ᠬᠤᠪᠢ ᠳᠤ ᠦᠪᠡᠷ ᠤᠨ ᠮᠠᠯᠵᠢᠯ ᠤᠨ | ᠤᠬᠠᠭᠠᠨ ᠢᠶᠠᠨ ᠲᠠᠰᠤᠷᠠᠯᠲᠠ ᠦᠭᠡᠢ ᠨᠡᠮᠡᠭᠳᠡᠭᠦᠯᠵᠦ᠂ ᠰᠢᠨᠵᠢᠯᠡᠬᠦ ᠤᠬᠠᠭᠠᠨᠴᠢ ᠪᠠᠷ ᠮᠠᠯᠵᠢᠬᠤ ᠶᠢ ᠵᠤᠷᠢᠬᠤ ᠬᠡᠷᠡᠭᠲᠡᠢ᠃ | ᠬᠡᠳᠦ᠋ᠢᠪᠡᠷ ᠪᠢᠳᠡ ᠤᠷᠤᠨ ᠨᠤᠲᠤᠭ ᠲᠤ ᠪᠠᠨ ᠰᠠᠭᠤᠵᠦ ᠪᠠᠶᠢᠭᠠᠳ ᠰᠢᠨ᠎ᠡ ᠰᠢᠨ᠎ᠡ ᠠᠷᠭ᠎ᠠ ᠠᠪᠴᠠᠯ ᠢ ᠰᠤᠷᠤᠯᠴᠠᠵᠦ | ᠪᠤᠯᠤᠨ᠎ᠠ ᠭᠡᠳᠡᠭ ᠪᠤᠯᠪᠠᠴᠦ ᠵᠦᠪᠬᠡᠨ ᠤᠨᠤᠯ ᠤᠨ ᠤᠬᠠᠭᠠᠨ ᠳᠡᠭᠡᠷ᠎ᠡ ᠶᠡᠭᠡ ᠬᠦᠴᠦ ᠰᠢᠪᠬᠠᠵᠦ᠂ ᠤᠴᠢᠷ | ᠰᠢᠯᠲᠠᠭᠠᠨ ᠤ ᠬᠢᠨᠢ ᠭᠠᠳᠠᠷ ᠳᠦᠷᠬᠦ ᠶᠢ ᠯᠠ ᠤᠯᠵᠦ ᠰᠤᠷᠤᠨ᠎ᠠ᠃ ᠬᠠᠷᠢᠨ ᠦᠪᠡᠷ ᠤᠨ ᠪᠡᠶ᠎ᠡ ᠪᠠᠷ ᠢᠢᠡᠨ ᠤᠴᠢᠵᠦ | ᠦᠵᠡᠪᠡᠯ ᠲᠡᠷᠢᠭᠦᠨ ᠤ ᠮᠠᠯᠵᠢᠯ ᠢ ᠤᠯᠠᠨ ᠲᠡᠯ᠎ᠡ ᠪᠠᠷ ᠰᠤᠷᠤᠯᠴᠠᠵᠦ᠂ ᠶᠠᠮᠠᠷ ᠵᠦᠢᠯ ᠨᠢ ᠤᠨᠳᠤᠤ ᠪᠠᠶᠢᠪᠠᠯ ᠲᠡᠷᠡ | ᠵᠦᠢᠯ ᠢ ᠨᠢ ᠤᠶᠢᠯᠠᠭᠠᠵᠦ ᠪᠤᠯᠤᠨ᠎ᠠ᠃ | ᠰᠤᠷᠪᠤᠯᠵᠢᠯᠠᠭᠴᠢ᠄ ᠲᠡᠭᠡᠪᠡᠯ ᠡᠨᠡ ᠤᠳᠠᠭᠠᠨ ᠤ ᠠᠶᠠᠯᠠᠯ ᠢᠶᠠᠷ ᠳᠠᠮᠵᠢᠨ ᠠᠦ᠋ᠰᠳ᠋ᠷᠠᠯᠢᠶ᠎ᠠ ᠤᠯᠤᠰ ᠤᠨ ᠮᠠᠯᠵᠢᠯ | ᠪᠤᠯᠤᠨ ᠮᠠᠨ ᠤ ᠤᠷᠤᠨ ᠨᠤᠲᠤᠭ ᠤᠨ ᠮᠠᠯᠵᠢᠯ ᠤᠨ ᠬᠤᠭᠤᠷᠤᠨᠳᠤ ᠶᠠᠮᠠᠷ ᠶᠡᠭᠡ ᠵᠦᠷᠢᠶ᠎ᠠ ᠪᠠᠶᠢᠬᠤ ᠶᠢ ᠤᠶᠢᠯᠠᠭᠠᠭᠰᠠᠨ | ᠪᠤᠶ︖ ᠤᠮᠤᠭᠰᠢᠯ᠄ ᠡᠩ ᠲᠡᠷᠢᠭᠦᠨ ᠳᠤ ᠠᠭᠤᠷ ᠠᠮᠢᠰᠬᠤᠯ ᠶᠡᠭᠡ ᠵᠦᠷᠢᠶ᠎ᠠ ᠲᠠᠢ᠃ ᠠᠦ᠋ᠰᠳ᠋ᠷᠠᠯᠢᠶ᠎ᠠ ᠤᠯᠤᠰ ᠪᠤᠯ | ᠬᠠᠯᠠᠭᠤᠨ ᠪᠦᠰᠡ ᠶᠢᠨ ᠠᠭᠤᠷ ᠠᠮᠢᠰᠬᠤᠯ ᠲᠠᠢ ᠪᠠᠶᠢᠳᠠᠭ ᠪᠤᠯᠬᠤᠷ ᠵᠢᠯ ᠤᠨ ᠳᠦᠷᠪᠡᠨ ᠤᠯᠠᠷᠢᠯ ᠳᠤ ᠪᠠᠨ ᠪᠦᠷ | ᠪᠡᠯᠴᠢᠭᠡᠷ ᠤᠨ ᠮᠠᠯᠵᠢᠯᠭ᠎ᠠ ᠪᠠᠷ ᠭᠤᠤᠯᠯᠠᠳᠠᠭ᠃ ᠬᠠᠷᠢᠨ ᠮᠠᠨ ᠤ ᠤᠷᠤᠨ ᠳᠤ ᠳᠦᠷᠪᠡᠨ ᠤᠯᠠᠷᠢᠯ ᠲᠤᠳᠤ | ᠢᠯᠭᠠᠭ᠎ᠠ ᠲᠠᠢ ᠪᠠᠶᠢᠳᠠᠭ ᠪᠤᠯᠬᠤᠷ ᠵᠤᠨ ᠨᠠᠮᠤᠷ ᠤᠨ ᠤᠯᠠᠷᠢᠯ ᠳᠤ ᠯᠡ ᠰᠠᠶ᠋ᠢ ᠮᠠᠯ ᠵᠶᠡᠨ ᠲᠠᠪᠠᠲᠠᠢ ᠪᠡᠯᠴᠢᠭᠡᠵᠦ | ᠳᠡᠶᠢᠯᠦᠨ᠎ᠡ᠃ ᠡᠨᠡ ᠪᠤᠯ ᠮᠠᠰᠢ ᠶᠡᠭᠡ ᠵᠦᠷᠢᠶ᠎ᠠ ᠲᠠᠢ ᠲᠠᠯ᠎ᠠ ᠪᠠᠶᠢᠨ᠎ᠠ᠃ ᠡᠭᠦᠨ ᠢ ᠴᠢ ᠪᠢᠳᠡᠨ ᠤ ᠴᠢᠷᠮᠠᠶᠢᠯᠭ᠎ᠠ ᠪᠠᠷ | ᠬᠤᠪᠢᠷᠠᠭᠤᠯᠵᠦ ᠳᠡᠶᠢᠯᠬᠦ ᠵᠦᠢᠯ ᠪᠢᠰᠢ᠂ ᠶᠠᠭ ᠡᠶᠢᠮᠦ ᠪᠤᠯᠬᠤᠷ ᠪᠢᠳᠡ ᠪᠦᠬᠦ ᠵᠦᠢᠯ ᠢ ᠠᠦ᠋ᠰᠳ᠋ᠷᠠᠯᠢᠶ᠎ᠠ ᠤᠯᠤᠰ ᠤᠨ | ᠮᠠᠯᠵᠢᠯ ᠤᠨ ᠪᠠᠶᠢᠳᠠᠯ ᠠᠴᠠ ᠰᠤᠷᠤᠯᠴᠠᠵᠦ ᠪᠤᠯᠬᠤ ᠦᠭᠡᠢ᠃ ᠬᠠᠷᠢᠨ ᠮᠠᠨ ᠤ ᠤᠷᠤᠨ ᠤ ᠪᠠᠶᠢᠳᠠᠯ ᠳᠤ ᠲᠤᠬᠢᠷᠠᠬᠤ | ᠵᠦᠢᠯ ᠢ ᠨᠢ ᠰᠤᠷᠤᠯᠴᠠᠵᠦ᠂ ᠦᠪᠡᠷ ᠤᠨ ᠤᠨᠴᠠᠯᠢᠭ ᠲᠠᠢ ᠪᠠᠨ ᠤᠶᠠᠯᠳᠤᠭᠤᠯᠬᠤ ᠨᠢ ᠬᠠᠮᠤᠭ ᠤᠨ ᠴᠢᠬᠤᠯᠠ᠃ | ᠨᠠᠳᠠ ᠳᠤ ᠮᠠᠰᠢ ᠶᠡᠭᠡ ᠳᠠᠭᠠᠯᠠᠭᠳᠠᠭᠰᠠᠨ ᠵᠦᠢᠯ ᠪᠤᠯ ᠳᠡᠨᠳᠡᠬᠢ ᠶᠢᠨ ᠰᠠᠭᠤᠷᠢ ᠪᠦᠲᠦᠭᠡᠨ ᠪᠠᠶᠢᠭᠤᠯᠤᠯᠲᠠ ᠶᠢᠨ ᠴᠢᠨᠠᠷ | ᠴᠢᠨᠰᠠᠭ᠎ᠠ ᠰᠠᠶᠢᠨ ᠪᠠᠶᠢᠨ᠎ᠠ᠃ ᠲᠠᠷᠠᠴᠢᠯᠠᠨ ᠬᠦᠮᠦᠨ ᠤ ᠬᠦᠴᠦ ᠶᠢ ᠠᠷᠪᠢᠯᠠᠬᠤ ᠶᠢ ᠤᠨᠴᠠ ᠠᠩᠬᠠᠷᠳᠠᠭ ᠪᠠᠶᠢᠭᠰᠠᠨ ᠨᠢ | ᠢᠯᠡ ᠲᠤᠳᠤ ᠢᠯᠭᠠᠭ᠎ᠠ ᠪᠤᠯᠵᠦ ᠬᠠᠷᠠᠭᠳᠠᠯ᠎ᠠ᠃ ᠡᠭᠦᠨ ᠳᠤ ᠨᠢᠭᠡᠨ ᠪᠤᠲᠠᠲᠠᠢ ᠵᠢᠱᠢᠶ᠎ᠠ ᠶᠠᠷᠢᠪᠠᠯ᠄ ᠮᠠᠨ ᠤ ᠠᠳᠡ ᠮᠠᠯ | ᠢᠯᠭᠠᠬᠤ ᠬᠠᠰᠢᠶ᠎ᠡ ᠪᠠᠨ ᠲᠡᠮᠦᠷ ᠪᠤᠶᠤ ᠮᠤᠳᠤ ᠪᠠᠷ ᠪᠦᠳᠦᠭᠦᠯᠢᠭ ᠬᠢᠵᠦ ᠦᠬᠦᠮᠡᠯ ᠢᠶᠠᠷ ᠬᠡᠷᠡᠭᠯᠡᠳᠡᠭ᠃ ᠡᠨᠡ ᠨᠢ ᠮᠠᠰᠢ | ᠤᠯᠠᠨ ᠬᠦᠮᠦᠨ ᠬᠡᠷᠡᠭᠰᠡᠵᠦ᠂ ᠮᠠᠯ ᠤᠨ ᠬᠠᠰᠢᠶᠠᠨ ᠳᠤ ᠤᠷᠤᠵᠦ ᠲᠤᠭᠤᠰᠤ ᠲᠠᠲᠠᠭᠤᠯᠤᠨ ᠶᠠᠭᠠᠷᠠᠭᠤᠯᠳᠠᠭ᠃ ᠬᠠᠷᠢᠨ | ᠲᠡᠨᠳᠡ ᠮᠠᠯ ᠰᠠᠯᠭᠠᠬᠤ ᠬᠠᠰᠢᠶ᠎ᠡ ᠪᠠᠨ ᠮᠠᠰᠢ ᠴᠢᠨᠠᠷᠯᠢᠭ ᠪᠦᠭᠡᠳ ᠰᠢᠨᠵᠢᠯᠡᠬᠦ ᠤᠬᠠᠭᠠᠨᠴᠢ ᠪᠠᠷ ᠬᠢᠭᠰᠡᠨ ᠪᠤᠯᠬᠤᠷ ᠵᠠᠭᠤ | ᠭᠠᠷᠤᠢ ᠦᠬᠡᠷ ᠢ ᠭᠠᠭᠴᠠ ᠬᠤᠶᠠᠷᠬᠠᠨ ᠬᠦᠮᠦᠨ ᠤᠬᠤᠷᠬᠠᠨ ᠬᠤᠭᠤᠴᠠᠭᠠᠨ ᠳᠤ ᠢᠯᠭᠠᠴᠢᠬᠠᠳᠠᠭ᠃ ᠡᠨᠡ ᠪᠠᠶᠢᠳᠠᠯ ᠢ | ᠦᠵᠡᠭᠡᠳ ᠲᠡᠳᠡ ᠬᠦᠮᠦᠨ ᠤ ᠬᠦᠴᠦ ᠶᠢ ᠬᠡᠴᠢᠨᠡᠨ ᠠᠷᠪᠢᠯᠠᠵᠦ ᠪᠠᠶᠢᠬᠤ ᠲᠤᠬᠠᠢ ᠰᠢᠨ᠎ᠡ ᠲᠠᠨᠢᠯᠲᠠ ᠲᠠᠢ ᠪᠤᠯᠤᠯ᠎ᠠ᠃ | ᠡᠭᠦᠨ ᠠᠴᠠ ᠭᠠᠳᠠᠨ᠎ᠠ᠂ ᠲᠡᠨᠳᠡᠬᠢ ᠶᠢᠨ ᠮᠠᠯᠴᠢᠳ ᠡᠪᠦᠯᠵᠢᠶ᠎ᠡ ᠨᠠᠮᠤᠷᠵᠢᠶᠠᠨ ᠳᠤ ᠪᠠᠨ ᠪᠦᠷ ᠮᠠᠯ ᠢᠯᠭᠠᠬᠤ ᠬᠠᠰᠢᠶ᠎ᠠ | ᠪᠠᠶᠢᠭᠤᠯᠵᠦ ᠲᠠᠯᠪᠢᠭᠰᠠᠨ ᠪᠠᠶᠢᠨ᠎ᠠ᠂ ᠬᠠᠷᠢᠨ ᠮᠠᠨ ᠤ ᠬᠢᠨ ᠪᠤᠯ ᠪᠦᠷ ᠬᠤᠲᠡᠠ ᠳᠤ ᠪᠠᠨ ᠬᠠᠷᠢᠵᠦ ᠯᠡ ᠮᠠᠯ ᠵᠶᠠᠨ | ᠢᠯᠭᠠᠬᠤ ᠠᠵᠢᠯ ᠢ ᠪᠡᠶᠡᠯᠡᠭᠦᠯᠵᠦ ᠴᠢᠳᠠᠳᠠᠭ᠃ ᠡᠨᠡ ᠲᠠᠯ᠎ᠠ ᠪᠠᠷ ᠠᠪᠴᠦ ᠬᠡᠯᠡᠭᠰᠡᠨ ᠴᠦ ᠮᠠᠰᠢ ᠶᠡᠭᠡ ᠬᠦᠴᠦ | ᠬᠦᠳᠡᠯᠮᠦᠷᠢ ᠵᠠᠷᠤᠴᠠᠭᠤᠯᠳᠠᠭ᠃ | ᠰᠠᠶᠢᠨᠪᠠᠭᠠᠲᠤᠷ᠄ ᠰᠠᠭᠤᠷᠢ ᠪᠦᠲᠦᠭᠡᠨ ᠪᠠᠶᠢᠭᠤᠯᠤᠯᠲᠠ ᠶᠢᠨ ᠲᠠᠯ᠎ᠠ ᠳᠤ ᠰᠤᠷᠤᠯᠴᠠᠭᠤᠰᠢᠲᠠᠢ ᠵᠦᠢᠯ ᠮᠠᠰᠢ | ᠤᠯᠠᠨ ᠪᠠᠶᠢᠯ᠎ᠠ᠃ ᠬᠠᠮᠤᠭ ᠤᠨ ᠦᠨᠳᠦᠰᠦᠨ ᠵᠦᠢᠯ ᠠᠴᠠ ᠠᠪᠴᠦ ᠬᠡᠯᠡᠪᠡᠯ᠂ ᠲᠡᠨᠳᠡᠬᠢ ᠶᠢᠨ ᠮᠠᠯᠴᠢᠳ | ᠠᠮᠢᠳᠤᠷᠠᠯ ᠳᠤ ᠪᠠᠨ ᠶᠠᠮᠠᠷ ᠮᠠᠰᠢᠨ ᠬᠡᠷᠡᠭᠰᠡᠯ ᠠᠪᠬᠤ ᠪᠠᠷ ᠪᠤᠳᠤᠪᠠᠯ ᠵᠦᠪᠭᠡᠨ ᠮᠠᠯ ᠠᠵᠤ ᠠᠬᠤᠢ ᠳᠤ ᠭᠡᠷᠡᠭᠴᠡᠭᠡ ᠲᠠᠢ | ᠮᠠᠰᠢᠨ ᠤᠨᠤᠭ᠎ᠠ ᠯᠡ ᠠᠪᠳᠠᠭ ᠪᠠᠶᠢᠨ᠎ᠠ᠃ ᠲᠡᠨᠳᠡᠬᠢ ᠶᠢᠨ ᠮᠠᠯᠴᠢᠳ ᠮᠠᠨ ᠤ ᠬᠢᠨ ᠰᠢᠭ ᠦᠨᠳᠦᠷ ᠦᠨ᠎ᠡ ᠶᠢᠨ ᠯᠠᠨᠳ᠋ | ᠺᠦᠷᠦᠽ ᠮᠠᠰᠢᠨ ᠪᠠᠷᠢᠬᠤ ᠦᠭᠡᠢ᠂ ᠬᠡᠷᠡᠭᠴᠡᠭᠡ ᠨᠢ ᠳᠠᠩ ᠴᠤᠯᠭᠤᠢ ᠵᠢᠭᠠᠬᠠᠨ ᠮᠠᠰᠢᠨ ᠴᠦ ᠪᠠᠷᠢᠬᠤ ᠦᠭᠡᠢ᠂ ᠬᠠᠷᠢᠨ | ᠠᠴᠢᠶ᠎ᠠ ᠲᠡᠭᠡᠭᠡᠪᠦᠷᠢ ᠶᠢᠨ ᠦᠢᠯᠡᠳᠦᠯ ᠬᠡᠷᠡᠭᠴᠡᠭᠡ ᠶᠢ ᠨᠢ ᠬᠠᠨᠭ᠍ᠭᠠᠵᠦ ᠴᠢᠳᠠᠳᠠᠭ ᠫᠢᠺᠠ ᠮᠠᠰᠢᠨ ᠯᠡ ᠪᠠᠷᠢᠳᠠᠭ ᠪᠠᠶᠢᠨ᠎ᠠ | ᠃ ᠡᠨᠡ ᠶᠢ ᠪᠢ ᠮᠠᠰᠢ ᠭᠠᠶᠢᠬᠠᠵᠦ ᠠᠰᠠᠭᠤᠬᠤ ᠪᠠᠷ ᠲᠡᠳᠡ᠂ ᠪᠢᠳᠡ ᠬᠡᠷᠡᠭᠴᠡᠭᠡ ᠱᠠᠭᠠᠷᠳᠠᠯᠭ᠎ᠠ ᠲᠠᠢ ᠪᠠᠨ | ᠤᠶᠠᠯᠳᠤᠭᠤᠯᠵᠦ ᠮᠠᠰᠢᠨ ᠲᠤᠨᠤᠭ ᠠᠪᠳᠠᠭ᠃ ᠫᠢᠺᠠ ᠮᠠᠰᠢᠨ ᠨᠢ ᠶᠡᠬᠡᠨᠭᠬᠢ ᠬᠡᠷᠡᠭᠴᠡᠭᠡ ᠱᠠᠭᠠᠷᠳᠠᠯᠭ᠎ᠠ ᠶᠢ ᠭᠦᠢᠴᠡᠭᠡᠨ᠎ᠡ | ᠭᠡᠵᠦ ᠬᠠᠷᠢᠭᠤᠯᠤᠭᠰᠠᠨ ᠪᠠᠶᠢᠳᠠᠭ᠃ ᠡᠭᠦᠨ ᠠᠴᠠ ᠭᠠᠳᠠᠨ᠎ᠠ ᠬᠤᠶᠠᠷ ᠭᠠᠵᠠᠷ ᠤᠨ ᠪᠡᠯᠴᠢᠭᠡᠷ ᠤᠨ ᠲᠤᠤᠷ ᠴᠦ ᠶᠡᠭᠡ | ᠤᠨᠳᠤᠤ ᠪᠠᠶᠢᠯ᠎ᠠ᠂ ᠮᠠᠨ ᠤ ᠬᠢ ᠲᠠᠢ ᠠᠳᠠᠯᠢᠳᠬᠠᠪᠠᠯ ᠲᠡᠳᠡᠨ ᠤ ᠲᠠᠲᠠᠭᠰᠠᠨ ᠲᠤᠤᠷ ᠨᠢ ᠮᠠᠰᠢ ᠪᠤᠭᠤᠨᠢ ᠮᠦᠷᠲᠡᠭᠡᠨ | ᠪᠤᠯᠠᠭᠠᠷᠢ ᠪᠤᠯᠭᠠᠨ ᠤ ᠬᠤᠭᠤᠷᠤᠨᠳᠤᠬᠢ ᠵᠠᠢ ᠨᠢ ᠮᠠᠰᠢ ᠤᠬᠤᠷ᠂ ᠨᠡᠶᠢᠳᠡᠮ ᠳᠡᠭᠡᠨ ᠦᠨᠳᠦᠷ ᠨᠢ ᠮᠧᠳ᠋ᠷ ᠪᠤᠶᠤ 1.1 | ᠮᠧᠳ᠋ᠷ ᠠᠴᠠ ᠳᠠᠪᠠᠭ᠋ᠤ ᠦᠭᠡᠢ᠂ ᠬᠠᠷᠢᠨ ᠳᠡᠭᠡᠷ᠎ᠡ ᠨᠢ ᠴᠠᠬᠢᠯᠭᠠᠨ ᠲᠠᠢ ᠤᠳᠠᠰᠤ ᠲᠠᠲᠠᠵᠦ ᠦᠬᠡᠷ ᠮᠠᠯ ᠢᠶᠠᠨ | ᠪᠡᠯᠴᠢᠭᠡᠷ ᠲᠡᠭᠡᠨ ᠲᠤᠭᠳᠠᠭᠠᠵᠦ ᠪᠠᠶᠢᠨ᠎ᠠ᠃ ᠡᠨᠡ ᠨᠢ ᠨᠢᠭᠡ ᠲᠠᠯ᠎ᠡ ᠪᠠᠷ ᠲᠤᠤᠷ ᠲᠠᠲᠠᠬᠤ ᠦᠪᠡᠷ ᠤᠨ ᠦᠷᠲᠡᠭ ᠢᠶᠠᠨ | ᠠᠷᠪᠢᠯᠠᠵᠦ᠂ ᠨᠡᠩ ᠴᠢᠨᠠᠷᠯᠢᠭ ᠪᠦᠭᠡᠳ ᠨᠡᠩ ᠪᠦᠲᠦᠮᠵᠢᠲᠠᠢ ᠠᠷᠭ᠎ᠠ ᠠᠪᠴᠠᠯ ᠢ ᠰᠤᠩᠭᠤᠭᠰᠠᠨ ᠭᠡᠵᠦ ᠪᠢ ᠦᠵᠡᠵᠦ | ᠪᠠᠶᠢᠨ᠎ᠠ᠃ ᠨᠦᠭᠦᠭᠡ ᠲᠠᠯ᠎ᠡ ᠪᠠᠷ᠂ ᠲᠡᠨᠳᠡᠬᠢ ᠢᠢᠨ ᠤᠰᠤᠨ ᠤ ᠡᠬᠢ ᠪᠠᠶᠠᠯᠢᠭ ᠢ ᠴᠤᠭᠯᠠᠭᠤᠯᠵᠦ ᠳᠠᠬᠢᠨ ᠠᠰᠢᠭᠯᠠᠬᠤ | ᠰᠢᠰᠲ᠋ᠧᠮ ᠨᠢ ᠮᠠᠰᠢ ᠪᠦᠷᠢᠨ ᠭᠦᠢᠴᠡᠳ ᠪᠠᠶᠢᠭᠰᠠᠨ᠃ ᠤᠯᠠᠩᠬᠢ ᠭᠡᠷ ᠪᠤᠶᠤ ᠬᠤᠷᠤᠭᠠᠨ ᠤ ᠤᠷᠤᠢ ᠳᠤ ᠨᠢ | ᠪᠤᠷᠤᠭᠠᠨ ᠤ ᠤᠰᠤ ᠶᠢ ᠲᠤᠰᠬᠤ ᠰᠠᠷᠠᠪᠴᠢ ᠲᠠᠢ᠂ ᠲᠡᠨᠳᠡ ᠬᠤᠷᠠᠭᠰᠠᠨ ᠤᠰᠤ ᠨᠢ ᠳᠠᠬᠢᠨ ᠤᠰᠤ ᠴᠤᠭᠯᠠᠭᠤᠯᠬᠤ | ᠰᠠᠪᠠ ᠤᠷᠤᠭᠤ ᠪᠠᠨ ᠤᠷᠤᠰᠬᠤ ᠰᠤᠪᠠᠭ ᠲᠠᠢ᠃ ᠡᠳᠡᠭᠡᠷ ᠤᠰᠤ ᠪᠠᠨ ᠳᠠᠬᠢᠨ ᠠᠰᠢᠭᠯᠠᠵᠦ ᠪᠡᠯᠴᠢᠭᠡᠷ ᠢᠶᠠᠨ | ᠤᠰᠤᠯᠠᠬᠤ ᠪᠤᠶᠤ ᠤᠨᠳᠤᠤ ᠬᠡᠷᠡᠭᠴᠡᠭᠡᠨ ᠳᠤ ᠠᠰᠢᠭᠯᠠᠵᠦ ᠪᠠᠶᠢᠬᠤ ᠶᠢ ᠨᠢ ᠦᠵᠡᠭᠡᠳ ᠮᠠᠰᠢ ᠭᠠᠶᠢᠬᠠᠵᠦ ᠪᠢᠰᠢᠷᠡᠯ᠎ᠡ᠃ | ᠮᠠᠨ ᠤ ᠤᠷᠤᠨ ᠨᠤᠲᠤᠭ ᠲᠤ ᠪᠤᠯ ᠰᠠᠯᠬᠢᠨ ᠰᠢᠭᠤᠷᠭ᠎ᠠ ᠶᠡᠬᠡᠲᠡᠢ ᠪᠠᠶᠢᠳᠠᠭ᠂ ᠤᠰᠤ ᠴᠤᠭᠯᠠᠭᠤᠯᠬᠤ ᠰᠠᠪᠠ | ᠲᠠᠯᠪᠢᠭᠰᠠᠨ ᠴᠦ ᠪᠦᠷ ᠲᠤᠭᠤᠰᠤ ᠰᠢᠷᠤᠢ ᠤᠷᠤᠵᠦ ᠴᠡᠪᠡᠷ ᠤᠰᠤ ᠴᠤᠭᠯᠠᠭᠤᠯᠬᠤ ᠳᠤ ᠬᠦᠴᠢᠷᠳᠡᠬᠦ ᠪᠠᠶᠢᠬ᠎ᠠ ᠭᠡᠵᠦ | ᠪᠤᠳᠤᠯ᠎ᠠ᠃ | ᠰᠢᠳᠤᠷᠭᠤ᠄ ᠠᠦ᠋ᠰᠳ᠋ᠷᠠᠯᠢᠶ᠎ᠠ ᠤᠯᠤᠰ ᠤᠨ ᠮᠠᠯᠵᠢᠯ ᠤᠨ ᠪᠠᠶᠢᠳᠡᠯ ᠠᠴᠠ ᠲᠦᠷᠦᠭᠳᠡᠭᠰᠡᠨ ᠵᠦᠢᠯ ᠭᠡᠪᠡᠯ ᠲᠡᠷᠡ | ᠭᠠᠵᠠᠷ ᠤᠨ ᠬᠦᠮᠦᠰ ᠦᠪᠡᠷ ᠤᠨ ᠪᠡᠯᠴᠢᠭᠡᠷ ᠤᠰᠤᠨ ᠳᠤ ᠪᠠᠨ ᠮᠠᠰᠢ ᠬᠠᠶᠢᠷᠠᠲᠠᠢ ᠪᠠᠶᠢᠵᠦ᠂ ᠮᠠᠯ ᠪᠡᠯᠴᠢᠭᠡᠷ ᠤᠨ | ᠲᠡᠩᠴᠡᠭᠦᠷᠢ ᠶᠢ ᠶᠡᠬᠡᠪᠡᠷ ᠠᠩᠬᠠᠷᠴᠦ ᠪᠠᠶᠢᠨ᠎ᠠ᠃ ᠲᠡᠭᠡᠬᠦᠯᠡᠷ ᠪᠢᠳᠡ ᠴᠦᠬᠡᠨ ᠰᠢᠯᠢᠳᠡᠭ ᠮᠠᠯ ᠢᠶᠠᠷ ᠦᠨᠳᠦᠷ ᠦᠷ᠎ᠠ | ᠠᠰᠢᠭ ᠲᠤ ᠬᠦᠷᠬᠦ ᠮᠠᠯᠵᠢᠯ ᠤᠨ ᠠᠷᠭ᠎ᠠ ᠠᠪᠴᠠᠯ ᠢ ᠠᠳᠬᠤᠵᠦ᠂ ᠦᠪᠡᠷ ᠤᠨ ᠤᠷᠤᠨ ᠨᠤᠲᠤᠭ ᠤᠨ ᠮᠠᠯ | ᠪᠡᠯᠴᠢᠭᠡᠷ ᠤᠨ ᠲᠡᠩᠴᠡᠭᠦᠷᠢ ᠳᠤ ᠤᠯᠠᠮ ᠢᠯᠡᠬᠦᠤ ᠶᠡᠭᠡ ᠬᠦᠴᠦ ᠲᠠᠯᠪᠢᠬᠤ ᠨᠢ ᠵᠤᠬᠢᠰᠲᠠᠢ ᠭᠡᠵᠦ ᠪᠤᠳᠤᠯ᠎ᠠ᠃ | ᠨᠤᠲᠤᠭ ᠮᠠᠨᠢ ᠪᠠᠶᠢᠪᠠᠯ ᠰᠠᠶ᠋ᠢ ᠮᠠᠯ ᠮᠠᠯᠵᠢᠯ ᠮᠢᠨᠢ ᠦᠷᠭᠦᠯᠵᠢᠯᠡᠵᠦ ᠴᠢᠳᠠᠨ᠎ᠠ᠃ | ᠰᠤᠷᠪᠤᠯᠵᠢᠯᠠᠭᠴᠢ᠄ ᠲᠡ ᠪᠦᠬᠦᠨ ᠤ ᠶᠠᠷᠢᠶᠠᠨ ᠠᠴᠠ ᠲᠡᠨᠳᠡ ᠬᠦᠷᠦᠭᠡᠳ ᠪᠠᠰᠠ ᠪᠠᠭ᠎ᠠ ᠦᠭᠡᠢ ᠵᠦᠢᠯ ᠢ | ᠮᠡᠳᠡᠵᠤ ᠤᠶᠢᠯᠠᠭᠠᠭᠰᠠᠨ ᠨᠢ ᠠᠩᠵᠠᠭᠠᠷᠠᠭᠳᠠᠵᠤ ᠪᠠᠶᠢᠨ᠎ᠠ᠃ ᠲᠡᠭᠡᠪᠡᠯ ᠰᠤᠷᠤᠯᠴᠠᠭᠰᠠᠨ ᠵᠦᠢᠯᠡᠰ ᠠᠴᠠ ᠪᠠᠨ ᠶᠠᠮᠠᠷ | ᠠᠷᠭ᠎ᠠ ᠲᠤᠷᠰᠢᠯᠭ᠎ᠠ ᠶᠢ ᠨᠢ ᠦᠪᠡᠷ ᠤᠨ ᠮᠠᠯᠵᠢᠬᠤ ᠤᠶᠢᠯᠡᠳᠪᠤᠷᠢᠯᠡᠯ ᠲᠠᠢ ᠪᠠᠨ ᠤᠶᠠᠯᠳᠤᠭᠤᠯᠤᠨ ᠭᠡᠷᠡᠭᠯᠡᠬᠦ ᠭᠡᠵᠤ | ᠪᠠᠶᠢᠨ᠎ᠠ︖ ᠪᠤᠳᠤᠭᠰᠠᠨ ᠰᠠᠨᠠᠭᠰᠠᠨ ᠵᠦᠢᠯ ᠢᠶᠠᠨ ᠬᠤᠪᠢᠶᠠᠯᠴᠠᠨ᠎ᠠ ᠤᠤ︖ ᠤᠮᠤᠭᠰᠢᠯ᠄ ᠡᠨᠡ ᠤᠳᠠᠭ᠎ᠠ ᠮᠠᠨ ᠤ | ᠭᠤᠷᠪᠠᠭᠤᠯᠠ ᠠᠦ᠋ᠰᠳ᠋ᠷᠠᠯᠢᠶ᠎ᠠ ᠤᠯᠤᠰ ᠠᠴᠠ 70 ᠲᠤᠯᠤᠭᠠᠢ ᠴᠡᠪᠡᠷ ᠡᠭᠦᠯᠳᠡᠷ ᠤᠨ ᠰᠢᠮᠧᠨ᠋ᠲ᠋ᠠᠷ ᠪᠢᠷᠠᠭᠤ ᠠᠪᠬᠤ ᠭᠡᠷ᠎ᠡ | ᠲᠤᠭᠳᠠᠭᠠᠳ ᠢᠷᠡᠵᠡᠢ᠃ ᠡᠭᠦᠨ ᠳᠤ ᠮᠠᠨ ᠤ ᠭᠤᠷᠪᠠᠭᠤᠯᠠ ᠯᠡ ᠠᠪᠤᠭᠰᠠᠨ ᠪᠢᠰᠢ᠂ ᠪᠠᠰᠠ ᠤᠯᠠᠨ ᠬᠦᠮᠦᠨ | ᠪᠢᠳᠡᠨ ᠳᠤ ᠨᠠᠶᠢᠳᠠᠵᠦ ᠵᠠᠬᠢᠭᠰᠠᠨ ᠶᠤᠮ᠃ ᠳᠠᠷᠠᠭᠠᠴᠢ ᠪᠠᠷ ᠦᠬᠡᠷ ᠤᠨ ᠡᠭᠦᠯᠳᠡᠷ ᠢᠶᠠᠨ ᠢᠯᠡᠭᠦᠦ ᠰᠠᠶᠢᠨ | ᠰᠢᠯᠢᠳᠡᠭᠵᠢᠭᠦᠯᠬᠦ ᠠᠴᠠ ᠭᠠᠳᠠᠨ᠎ᠠ ᠦᠪᠡᠷ ᠤᠨ ᠰᠠᠭᠤᠷᠢ ᠪᠦᠲᠦᠭᠡᠨ ᠪᠠᠶᠢᠭᠤᠯᠤᠯᠲᠠ ᠳᠡᠭᠡᠷ᠎ᠠ ᠪᠠᠨ ᠵᠠᠰᠠᠪᠤᠷᠢ | ᠤᠷᠤᠭᠤᠯᠤᠨ᠎ᠠ᠃ ᠭᠡᠪᠡᠴᠦ ᠰᠠᠭᠤᠷᠢ ᠪᠦᠲᠦᠭᠡᠨ ᠪᠠᠶᠢᠭᠤᠯᠤᠯᠲᠠ ᠭᠡᠳᠡᠭ ᠵᠦᠢᠯ ᠢ ᠨᠢᠭᠡᠯᠡ ᠳᠡᠭᠡᠷ᠎ᠠ ᠪᠦᠬᠦᠨ ᠢ | ᠰᠤᠯᠢᠵᠦ ᠳᠡᠶᠢᠯᠬᠦ ᠦᠭᠡᠢ ᠨᠢ ᠮᠡᠳᠡᠭᠡᠵᠢ᠂ ᠬᠠᠷᠢᠨ ᠨᠢᠭᠡ ᠵᠠᠬ᠎ᠠ ᠠᠴᠠ ᠨᠢ ᠡᠬᠢᠯᠡᠨ ᠤᠳᠠᠭᠠᠨ ᠵᠢᠯ ᠤᠨ | ᠲᠦᠯᠦᠪᠯᠡᠭᠡ ᠲᠠᠢ ᠪᠠᠷ ᠵᠠᠰᠠᠯᠲᠠ ᠤᠷᠤᠭᠤᠯᠤᠨ᠎ᠠ᠃ ᠤᠳᠤᠬᠠᠨ ᠳᠤ ᠪᠠᠨ ᠮᠢᠨᠤ ᠬᠤᠪᠢ ᠳᠤ ᠮᠠᠯ ᠢᠯᠭᠠᠬᠤ | ᠬᠠᠰᠢᠶ᠎ᠠ ᠪᠠᠨ ᠰᠢᠨᠡᠳᠬᠡᠮᠡᠷ ᠰᠠᠨᠠᠭᠳᠠᠯ᠎ᠠ᠃ | ᠰᠠᠶᠢᠨᠪᠠᠭᠠᠲᠤᠷ᠄ ᠮᠢᠨᠤ ᠬᠤᠪᠢ ᠳᠤ ᠴᠦ ᠠᠳᠠᠯᠢᠬᠠᠨ᠃ ᠰᠠᠭᠤᠷᠢ ᠪᠦᠲᠦᠭᠡᠨ ᠪᠠᠶᠢᠭᠤᠯᠤᠯᠲᠠ ᠪᠠᠨ ᠡᠬᠢᠯᠡᠵᠦ | ᠴᠢᠨᠠᠷᠵᠢᠭᠤᠯᠤᠨᠠ᠃ ᠬᠦᠮᠦᠨ ᠤ ᠬᠦᠴᠦ ᠶᠢ ᠠᠷᠪᠢᠯᠠᠬᠤ ᠪᠦᠲᠦᠭᠡᠨ ᠪᠠᠶᠢᠭᠤᠯᠤᠯᠲᠠ ᠶᠢ ᠭᠤᠤᠯᠯᠠᠵᠦ ᠬᠢᠨ᠎ᠡ᠂ ᠳᠠᠷᠤᠢ | ᠵᠤᠰᠠᠯᠠᠩ ᠨᠠᠮᠤᠷᠵᠢᠶ᠎ᠠ ᠳᠤ ᠪᠠᠨ ᠮᠠᠯ ᠢᠯᠭᠠᠬᠤ ᠬᠠᠰᠢᠶ᠎ᠠ ᠪᠠᠶᠢᠭᠤᠯᠵᠦ᠂ ᠨᠠᠭᠠᠰᠢ ᠴᠠᠭᠠᠰᠢ ᠠᠷᠪᠢᠨ ᠶᠠᠪᠤᠵᠦ ᠴᠠᠭ | ᠬᠦᠴᠦ ᠵᠠᠷᠤᠴᠠᠭᠤᠯᠬᠤ ᠶᠢ ᠪᠠᠭᠠᠰᠬᠠᠨ᠎ᠠ᠃ ᠡᠭᠦᠨ ᠠᠴᠠ ᠭᠠᠳᠠᠨ᠎ᠠ᠂ ᠪᠡᠯᠴᠢᠭᠡᠷ ᠳᠡᠭᠡᠷ᠎ᠡ ᠪᠠᠨ ᠨᠠᠷᠠᠨ ᠤ ᠡᠨᠧᠷᠬᠢ ᠪᠠᠷ | ᠤᠰᠤ ᠲᠠᠲᠠᠬᠤ ᠬᠤᠳᠳᠤᠭ ᠵᠠᠰᠠᠵᠦ᠂ ᠦᠬᠡᠷ ᠬᠤᠨᠢ ᠪᠠᠨ ᠤᠰᠤᠯᠠᠬᠤ ᠠᠵᠢᠯ ᠢ ᠮᠠᠰᠢᠨᠴᠢᠯᠠᠬᠤ ᠪᠤᠯ ᠬᠠᠮᠤᠭ ᠠᠴᠠ | ᠱᠠᠭᠠᠷᠳᠠᠭᠳᠠᠵᠦ ᠪᠠᠶᠢᠬᠤ ᠵᠦᠢᠯ ᠪᠤᠯᠬᠤᠷ ᠤᠷᠢᠳᠠᠪᠡᠷ ᠡᠨᠡ ᠲᠤᠬᠠᠢ ᠠᠵᠢᠯ ᠢ ᠬᠢᠨ᠎ᠠ᠃ ᠰᠢᠳᠤᠷᠭᠤ ᠠᠬ᠎ᠠ ᠶᠢᠨ | ᠶᠠᠷᠢᠭᠰᠠᠨ ᠰᠢᠭ᠂ ᠪᠠᠶᠢᠭᠠᠯᠢ ᠨᠤᠲᠤᠭ ᠢᠶᠠᠨ ᠬᠠᠮᠠᠭᠠᠯᠠᠬᠤ ᠲᠠᠯ᠎ᠠ ᠪᠠᠷ ᠦᠪᠡᠷ ᠤᠨ ᠪᠡᠶ᠎ᠡ ᠪᠠᠨ ᠴᠢᠩᠭ᠎ᠠ ᠱᠠᠭᠠᠷᠳᠠᠵᠦ᠂ | ᠮᠠᠯ ᠪᠡᠯᠴᠢᠭᠡᠷ ᠤᠨ ᠲᠡᠩᠴᠡᠭᠦᠷᠢ ᠶᠢ ᠪᠠᠲᠤᠯᠠᠬᠤ ᠠᠵᠢᠯ ᠢ ᠰᠠᠶᠢᠨ ᠬᠢᠨ᠎ᠡ᠃ ᠴᠦᠬᠡᠨ ᠮᠠᠯ ᠠᠴᠠ ᠦᠨᠳᠦᠷ ᠦᠷ᠎ᠡ | ᠠᠰᠢᠭ ᠬᠦᠷᠳᠡᠬᠦ ᠶᠢ ᠵᠢᠩᠬᠢᠨᠢ ᠰᠠᠶᠢᠨ ᠪᠠᠶᠠᠯᠠᠬᠦᠯᠬᠦ ᠪᠠᠷ ᠴᠢᠷᠮᠠᠶᠢᠨ᠎ᠠ᠃ | ᠰᠢᠳᠤᠷᠭᠤ᠄ ᠮᠢᠨᠤ ᠬᠤᠪᠢ ᠳᠤ ᠤᠳᠠᠭᠠᠨ ᠵᠢᠯ ᠨᠤᠲᠤᠭ ᠦᠬᠡᠷ ᠢᠶᠠᠨ ᠮᠠᠯᠵᠢᠵᠦ ᠢᠷᠡᠭᠰᠡᠨ ᠮᠠᠯᠴᠢᠨ᠃ | ᠭᠡᠬᠦ ᠳᠤ ᠤᠶᠢᠷ᠎ᠠ ᠶᠢᠨ ᠵᠢᠯ ᠳᠤ ᠮᠠᠯ ᠪᠡᠯᠴᠢᠭᠡᠷ ᠤᠨ ᠲᠡᠩᠴᠡᠭᠦᠷᠢ ᠶᠢ ᠴᠢᠬᠤᠯᠠᠴᠢᠯᠠᠬᠤ ᠦᠭᠡᠢ ᠪᠠᠶᠢᠬᠤ ᠶᠢᠨ ᠠᠷᠭ᠎ᠠ | ᠦᠭᠡᠢ ᠪᠤᠯᠤᠭᠰᠠᠨ ᠢᠶᠠᠷ ᠴᠦᠬᠡᠨ ᠰᠢᠯᠢᠳᠡᠭ ᠮᠠᠯ ᠢᠶᠠᠷ ᠦᠨᠳᠦᠷ ᠦᠷ᠎ᠡ ᠠᠰᠢᠭ ᠲᠤ ᠬᠦᠷᠬᠦ ᠰᠢᠨ᠎ᠡ ᠵᠠᠮ ᠢᠶᠠᠷ | ᠵᠠᠮᠨᠠᠬᠤ ᠴᠢᠬᠤᠯᠠᠲᠠᠢ ᠪᠤᠯᠤᠯ᠎ᠠ᠃ ᠡᠨᠡ ᠲᠤᠬᠠᠢ ᠪᠢ ᠪᠠᠰᠠ ᠬᠡᠳᠦᠨ ᠵᠢᠯ ᠴᠢᠷᠮᠠᠶᠢᠵᠦ ᠢᠷᠡᠭᠰᠡᠨ᠂ ᠭᠡᠪᠡᠴᠦ ᠮᠦᠨ | ᠦᠷᠭᠦᠯᠵᠢᠯᠡᠨ ᠰᠤᠷᠤᠯᠴᠠᠬᠤ ᠴᠢᠬᠤᠯᠠ ᠲᠠᠢ ᠪᠠᠶᠢᠨ᠎ᠠ᠃ ᠲᠡᠶᠢᠮᠦ ᠪᠤᠯᠬᠤᠷ ᠡᠨᠡ ᠤᠳᠠᠭ᠎ᠠ ᠮᠠᠯ ᠤᠨ ᠴᠢᠨᠠᠷ | ᠴᠢᠨᠰᠠᠭ᠎ᠠ ᠪᠠᠨ ᠰᠠᠶᠢᠵᠢᠷᠠᠭᠤᠯᠬᠤ ᠭᠡᠵᠦ 30 ᠴᠡᠪᠡᠷ ᠡᠭᠦᠯᠳᠡᠷ ᠤᠨ ᠰᠢᠮᠧᠨ᠋ᠲ᠋ᠠᠷ ᠪᠢᠷᠠᠭᠤ ᠠᠪᠤᠭᠰᠠᠨ ᠶᠤᠮ᠃ | ᠵᠦᠪᠬᠡᠨ ᠪᠤᠳᠤᠭᠠᠳ ᠦᠢᠯᠡᠳᠦᠯᠭᠡᠵᠢᠭᠦᠯᠬᠦ ᠦᠭᠡᠢ ᠪᠤᠯ ᠨᠤᠲᠤᠭ ᠪᠡᠯᠴᠢᠭᠡᠷ ᠢᠶᠠᠨ ᠬᠠᠶᠢᠷᠠᠯᠠᠨ᠎ᠠ ᠭᠡᠳᠡᠭ ᠦᠭᠡ | ᠬᠤᠭᠤᠰᠤᠨ ᠪᠤᠯᠤᠨ᠎ᠠ᠃ ᠶᠠᠷᠦᠩᠭᠡᠶᠢᠯᠡᠪᠡᠯ᠂ ᠡᠨᠡ ᠭᠤᠷᠪᠠᠨ ᠮᠠᠯᠴᠢᠨ ᠤ ᠬᠦᠭᠵᠢᠭᠰᠡᠨ ᠤᠯᠤᠰ ᠤᠷᠤᠨ ᠤ ᠮᠠᠯ ᠠᠵᠤ | ᠠᠬᠤᠢ ᠶᠢᠨ ᠰᠤᠷᠤᠯᠴᠠᠭᠰᠠᠨ ᠪᠠᠶᠢᠳᠠᠯ ᠠᠴᠠ ᠦᠵᠡᠪᠡᠯ ᠲᠡᠳᠡ ᠪᠤᠰᠤᠳ ᠤᠨ ᠲᠠᠪᠰᠢᠩᠭᠤᠢ ᠵᠦᠢᠯ ᠠᠴᠠ ᠬᠢᠴᠢᠶᠡᠨ | ᠰᠤᠷᠤᠯᠴᠠᠬᠤ ᠶᠢᠨ ᠲᠤᠯᠠᠳᠠ ᠦᠨᠡᠨᠬᠦ ᠰᠡᠳᠬᠢᠯ ᠭᠠᠷᠭᠠᠭᠰᠠᠨ ᠨᠢ ᠶᠠᠷᠢᠶᠠᠨ ᠠᠴᠠ ᠨᠢ ᠮᠡᠳᠡᠭᠳᠡᠵᠤ ᠪᠠᠶᠢᠯ᠎ᠠ᠃ ᠮᠠᠨ ᠤ | ᠮᠠᠯᠵᠢᠬᠤ ᠤᠷᠤᠨ ᠳᠤ ᠡᠳᠡ ᠭᠤᠷᠪᠠ ᠰᠢᠭ ᠲᠠᠪᠰᠢᠩᠭᠤᠢ ᠦᠵᠡᠯ ᠤᠬᠠᠮᠰᠠᠷ ᠲᠠᠢ ᠮᠠᠯᠴᠢᠳ ᠤᠯᠠᠰᠢᠷᠠᠪᠠᠯ ᠮᠠᠨ ᠤ | ᠮᠠᠯ ᠠᠵᠤ ᠠᠬᠤᠢ ᠶᠢᠨ ᠬᠦᠭᠵᠢᠯᠳᠡ ᠰᠢᠨ᠎ᠠ ᠨᠢᠭᠡ ᠱᠠᠳᠤᠨ ᠳᠤ ᠠᠬᠢᠬᠤ ᠨᠢ ᠯᠠᠪᠳᠠᠢ᠃ |