ᠮᠠᠯᠵᠢᠬᠤ ᠤᠷᠤᠨ ᠡᠳᠦᠷ ᠢᠷᠡᠬᠦᠶ᠎ᠡ ᠬᠤᠪᠢᠷᠠᠵᠤ ᠰᠢᠨᠡᠴᠢᠯᠡᠭᠳᠡᠵᠦ ᠪᠠᠶᠢᠭ᠎ᠠ ᠦᠨᠦᠳᠦᠷ ᠬᠦᠳᠡᠭᠡ ᠨᠤᠳᠤᠭ ᠤᠨ | ᠰᠢᠨ᠎ᠡ ᠴᠠᠭ ᠤᠨ ᠮᠠᠯᠴᠢᠨ ᠵᠠᠯᠠᠭᠤᠰ ᠰᠢᠨᠵᠢᠯᠡᠬᠦ ᠤᠬᠠᠭᠠᠨᠴᠢ ᠡᠷᠢᠯᠬᠢᠯᠡᠯ ᠢᠶᠠᠷ ᠴᠤ ᠰᠢᠨ᠎ᠡ ᠬᠦᠭᠵᠢᠯᠳᠡ ᠶᠢᠨ ᠵᠠᠮ | ᠮᠦᠷ ᠢ ᠲᠤᠷᠠᠶᠢᠯᠭᠠᠨᠠ᠃ ᠵᠢᠷᠭᠠᠯᠳᠤ ᠠᠮᠢᠳᠤᠷᠠᠯ ᠢᠶᠠᠨ ᠴᠤᠭᠴᠠᠯᠠᠵᠤ ᠪᠠᠶᠢᠭ᠎ᠠ ᠵᠠᠯᠠᠭᠤ ᠨᠢᠬᠡᠨ ᠦᠶ᠎ᠡ ᠶᠢᠨ ᠬᠢᠨ ᠤ | ᠠᠮᠢᠳᠤᠷᠠᠯ ᠦᠢᠯᠡᠰ ᠤᠶᠢᠷ᠎ᠠ ᠬᠠᠪᠢ ᠲᠡᠳᠦᠢ ᠦᠬᠡᠢ ᠭᠠᠳᠠᠨ᠎ᠠ ᠭᠠᠵᠠᠷ ᠤᠷᠤᠨ ᠤ ᠦᠷᠬᠡᠨ ᠤᠯᠠᠨ ᠮᠠᠯᠴᠢᠳ ᠤᠨ | ᠲᠠᠭᠤᠷᠢᠶᠠᠯ ᠪᠤᠯᠵᠤ ᠪᠠᠶᠢᠳᠠᠭ᠃ ᠤᠷᠤᠨ ᠨᠤᠳᠤᠭ ᠤᠨ ᠢᠶᠠᠨ ᠤᠨᠴᠠᠯᠢᠭ᠂ ᠠᠮᠢᠳᠤᠷᠠᠯ ᠤᠨ ᠬᠢᠷᠢ | ᠲᠦᠪᠰᠢᠨ ᠲᠠᠢ ᠪᠠᠨ ᠵᠤᠬᠢᠴᠠᠭᠤᠯᠤᠨ ᠲᠦᠰᠦᠪ ᠲᠦᠯᠦᠪᠯᠡᠭᠡ ᠲᠠᠢ ᠠᠵᠢᠯᠯᠠᠵᠤ ᠠᠮᠢᠳᠤᠷᠠᠨ᠂ ᠮᠠᠯ ᠠᠵᠦ ᠠᠬᠤᠢ ᠶᠢᠨ | ᠲᠤᠭᠳᠠᠭᠤᠨ ᠬᠦᠭᠵᠢᠯᠳᠡ ᠶᠢ ᠪᠠᠳᠤᠯᠠᠨ᠂ ᠤᠷᠤᠯᠭ᠎ᠠ ᠪᠠᠨ ᠨᠡᠮᠡᠭᠳᠡᠬᠦᠯᠬᠦ ᠶᠢᠨ ᠲᠠᠭᠠᠤ ᠮᠠᠯᠵᠢᠯ ᠤᠨ ᠪᠤᠰᠤ ᠤᠷᠤᠯᠭ᠎ᠠ | ᠤᠯᠵᠤ᠂ ᠤᠯᠠᠨ ᠤ ᠲᠤᠮᠳᠠ ᠪᠠᠨ ᠤᠳᠤ ᠪᠤᠯᠤᠨ ᠬᠢᠯᠠᠷᠠᠭᠤᠯᠵᠤ ᠶᠠᠪᠤᠭ᠎ᠠ ᠮᠠᠯᠴᠢᠨ ᠵᠠᠯᠠᠭᠤ ᠲᠠᠢ ᠲᠠᠨᠢᠯᠴᠠᠶ᠎ᠠ᠃ | ᠠᠭᠤᠳᠠᠮ ᠲᠡᠨᠢᠬᠡᠷ ᠤᠯᠠᠭᠠᠢ ᠨᠤᠳᠤᠭ ᠤᠨ ᠢᠶᠠᠨ ᠡᠯᠢᠬᠡᠨ ᠳᠤ ᠤᠬᠠᠭᠠᠨ ᠲᠠᠮᠢᠷ ᠢᠶᠠᠨ ᠰᠤᠷᠢᠵᠤ᠂ ᠪᠤᠳᠤᠯ | ᠰᠡᠳᠬᠢᠯ ᠤᠨ ᠢᠶᠠᠨ ᠬᠦᠨ ᠳᠤ ᠶᠠᠭᠤ ᠨᠢᠬᠡ ᠶᠢ ᠬᠢᠵᠦ ᠪᠦᠳᠦᠬᠡᠬᠦ ᠪᠠᠷ ᠦᠢᠯᠡᠰ ᠬᠦᠬᠡᠬᠡᠴᠡᠯᠳᠦᠯ ᠪᠤᠯᠭᠠᠵᠤ᠂ ᠬᠦᠮᠦᠨ | ᠠᠷᠠᠳ ᠲᠠᠭᠠᠨ ᠲᠤᠰᠠᠳᠠᠢ ᠠᠵᠢᠯ ᠬᠢᠬᠦ ᠪᠠᠷ ᠵᠤᠷᠢᠭ ᠢᠶᠠᠨ ᠴᠢᠩᠭᠠᠯᠠᠨ᠂ ᠮᠡᠳᠡᠯᠭᠡ ᠮᠡᠷᠭᠡᠵᠢᠯ ᠰᠤᠷᠴᠦ᠂ ᠪᠤᠳᠠᠳᠤ | ᠦᠢᠯᠡᠳᠦᠯᠬᠡ ᠪᠠᠷ ᠢᠶᠠᠨ ᠬᠤᠯᠠ ᠤᠶᠢᠷ᠎ᠠ ᠳᠠᠭᠠᠨ ᠲᠠᠨᠢᠭᠳᠠᠭᠰᠠᠨ ᠰᠠᠶᠢᠰᠢᠶᠠᠯᠳᠤ ᠪᠤᠯ ᠤᠯᠠᠭᠠᠢ ᠬᠠᠮᠢᠶᠠᠷᠤᠯᠳᠠ ᠶᠢᠨ | ᠤᠷᠤᠨ ᠤ ᠬᠡᠰᠡᠭᠡᠨᠭᠤᠯᠠ ᠮᠠᠯᠵᠢᠯ ᠤᠨ ᠲᠠᠯᠠᠪᠠᠢ ᠶᠢᠨ ᠮᠠᠯᠴᠢᠨ ᠵᠠᠯᠠᠭᠤ ᠪᠢᠯᠡ᠃ ᠰᠠᠶᠢᠰᠢᠶᠠᠯᠳᠤ ᠶᠢᠨ ᠬᠤᠰᠢᠭᠤᠨ ᠳᠤ | ᠠᠰᠠᠷ ᠲᠠᠢ᠂ ᠬᠦᠳᠡᠭᠡ ᠨᠤᠳᠤᠭ ᠲᠠᠭᠠᠨ ᠬᠡᠷ ᠪᠠᠶᠢᠰᠢᠩ᠂ ᠬᠤᠷᠤᠭ᠎ᠠ ᠬᠠᠰᠢᠶ᠎ᠠ ᠲᠦᠪᠬᠢᠨᠡᠬᠦᠭᠡᠨ᠂ ᠮᠠᠯ ᠠᠵᠦ | ᠠᠬᠤᠢ ᠳᠠᠭᠠᠨ ᠬᠡᠷᠡᠭᠯᠡᠬᠦ ᠮᠠᠰᠢᠨ ᠪᠠᠭᠠᠵᠢ ᠪᠦᠷᠢᠨ᠂ ᠴᠢᠨᠡᠭᠡᠯᠢᠭ ᠠᠮᠢᠳᠤᠷᠠᠯᠭ᠎ᠠ ᠲᠠᠢ ᠠᠶᠢᠯ ᠶᠤᠮ᠃ ᠲᠡᠷᠡᠪᠡᠷ ᠠᠯᠢ | ᠡᠷᠳᠡ ᠠᠴᠠ ᠦᠪᠡᠷ ᠢᠶᠠᠨ ᠰᠤᠷᠴᠦ ᠴᠢᠳᠠᠪᠦᠷᠢᠳᠠᠨ ᠪᠤᠯᠵᠤ ᠲᠡᠶᠢᠯᠬᠦ ᠦᠬᠡᠢ ᠴᠤ ᠦᠪᠡᠷ ᠤᠨ ᠪᠡᠶ᠎ᠡ ᠳᠡᠭᠡᠨ | ᠠᠰᠢᠭᠳᠠᠢ᠂ ᠨᠡᠶᠢᠭᠡᠮ ᠨᠡᠶᠢᠳᠡ ᠳᠤ ᠬᠡᠷᠡᠭᠴᠡᠭᠡ ᠲᠠᠢ ᠬᠦᠮᠦᠨ ᠪᠤᠯᠬᠤ ᠬᠦᠰᠡᠯ ᠢ ᠡᠪᠦᠷᠯᠡᠨ᠂ ᠠᠬᠠᠮᠠᠳ ᠬᠠᠰᠢᠷ | ᠮᠠᠯᠴᠢᠨ ᠠᠴᠠ ᠮᠠᠯ ᠡᠮᠨᠡᠯᠭᠡ ᠶᠢᠨ ᠲᠤᠷᠰᠢᠯᠭ᠎ᠠ ᠰᠤᠷᠴᠦ ᠬᠤᠷᠠᠮᠳᠤᠭᠤᠯᠤᠨ᠂ ᠮᠠᠯ ᠤᠨ ᠪᠡᠷᠭᠡ ᠲᠦᠯᠯᠡᠯᠳᠡ ᠶᠢ | ᠵᠠᠰᠠᠬᠤ ᠲᠤᠬᠠᠢ ᠠᠰᠠᠭᠤᠨ ᠯᠠᠪᠯᠠᠬᠤ ᠶᠢᠨ ᠬᠠᠮᠳᠤ᠂ ᠡᠨᠡ ᠲᠤᠬᠠᠢ ᠮᠤᠩᠭᠤᠯ ᠬᠢᠳᠠᠳ ᠨᠤᠮ ᠪᠢᠴᠢᠭ ᠢ | ᠤᠯᠳᠠᠬᠤ ᠶᠢᠨ ᠬᠢᠷᠢ ᠪᠠᠷ ᠤᠡᠭᠰᠢᠵᠤ᠂ ᠮᠡᠳᠡᠬᠦ ᠦᠬᠡᠢ ᠵᠦᠢᠯ ᠢᠶᠠᠨ ᠲᠡᠮᠳᠡᠭᠯᠡᠨ ᠠᠪᠴᠦ᠂ ᠤᠨᠤᠯ ᠢ ᠦᠢᠯᠡᠳᠦᠯᠭᠡ | ᠲᠤᠮᠳᠠ ᠪᠠᠨ ᠤᠶᠠᠯᠳᠤᠭᠤᠯᠤᠨ ᠪᠤᠳᠠᠳᠠᠢ ᠠᠵᠢᠯ ᠲᠡᠭᠡᠷ᠎ᠡ ᠪᠠᠨ ᠲᠤᠬᠠᠢ ᠶᠢᠨ ᠲᠠᠯᠠᠪᠠᠢ ᠳᠤᠨᠢ ᠬᠡᠷᠡᠭᠯᠡᠬᠦ ᠶᠢ | ᠪᠠᠷᠢᠮᠳᠠᠯᠠᠵᠤ ᠢᠷᠡᠭᠰᠡᠨ ᠪᠠᠶᠢᠨ᠎ᠠ᠃ ᠰᠠᠶᠢᠰᠢᠶᠠᠯᠳᠤ ᠬᠤᠷᠢᠨ ᠨᠠᠰᠤᠳᠠᠢ ᠳᠠᠭᠠᠨ ᠨᠤᠳᠤᠭ ᠤᠨ ᠠᠬᠠᠮᠠᠳ ᠡᠮᠴᠢ ᠶᠢᠨ | ᠵᠢᠯᠤᠭᠤᠳᠤᠯᠭ᠎ᠠ ᠪᠠᠷ ᠮᠠᠯ ᠤᠨ ᠪᠡᠷᠬᠡ ᠲᠦᠯᠯᠡᠯᠳᠡ᠂ ᠪᠤᠭ ᠮᠠᠯ ᠤᠨ ᠡᠷᠬᠢᠬᠦᠦ ᠡᠪᠡᠳᠴᠢᠨ ᠳᠤ ᠮᠡᠰᠡ ᠵᠠᠰᠠᠯ ᠬᠢᠵᠦ | ᠪᠠᠶᠢᠵᠠᠢ᠃ ᠶᠠᠮᠠᠷᠴᠦ ᠠᠵᠢᠯ ᠢ ᠬᠢᠬᠦ ᠳᠤ ᠠᠩᠬᠠᠨ ᠤ ᠠᠯᠬᠤᠮ ᠬᠡᠴᠡᠬᠦᠦ ᠪᠠᠶᠢᠳᠠᠭ ᠮᠦᠷᠳᠡᠬᠡᠨ ᠠᠮᠵᠢᠯᠳᠠ ᠨᠢ | ᠠᠬᠢᠯᠳᠠ ᠳᠠᠭᠠᠨ ᠰᠠᠭᠤᠷᠢ ᠪᠤᠯᠳᠠᠭ᠃ ᠬᠤᠨᠢ ᠢᠮᠠᠭᠠᠨ ᠳᠤ ᠮᠡᠰᠡ ᠵᠠᠰᠠᠯ ᠬᠢᠭᠰᠡᠨ ᠦᠡᠭᠭᠡᠷᠡᠯᠳᠡ ᠪᠠᠨ ᠨᠤᠮ | ᠪᠢᠴᠢᠭ ᠠᠴᠠ ᠰᠤᠷᠤᠭᠰᠠᠨ ᠲᠠᠢ ᠪᠠᠨ ᠤᠶᠠᠯᠳᠤᠭᠤᠯᠤᠨ ᠰᠤᠳᠤᠯᠤᠭᠰᠠᠨ ᠰᠠᠭᠤᠷᠢᠨ ᠲᠡᠭᠡᠷ᠎ᠡ ᠮᠠᠯ ᠤᠨ ᠡᠪᠡᠳᠴᠢᠨ | ᠬᠡᠮ ᠵᠠᠰᠠᠬᠤ ᠲᠤᠬᠠᠢ ᠰᠠᠭᠤᠷᠢ ᠮᠡᠳᠡᠯᠬᠡ ᠪᠠᠨ ᠲᠠᠰᠤᠷᠠᠯᠳᠠ ᠦᠬᠡᠢ ᠲᠡᠭᠡᠭᠰᠢᠯᠡᠬᠦᠯᠬᠦ ᠲᠡᠭᠡᠷ᠎ᠡ ᠬᠦᠴᠦ ᠲᠠᠯᠪᠢᠨ | ᠴᠢᠷᠮᠠᠶᠢᠵᠤ ᠢᠷᠡᠭᠰᠡᠨ ᠢᠶᠠᠷ ᠮᠡᠷᠭᠡᠵᠢᠯ ᠨᠢ ᠲᠦᠷᠬᠡᠨ ᠲᠡᠭᠡᠭᠰᠢᠯᠡᠵᠦ ᠠᠵᠢᠯ ᠳᠠᠭᠠᠨ ᠴᠠᠭᠠᠷᠠᠨ᠂ ᠤᠯᠠᠭᠠᠢ ᠳᠠᠭᠠᠨ ︽ | ᠬᠦᠳᠡᠭᠡ ᠰᠢᠯᠢ ᠮᠠᠯ ᠡᠮᠨᠡᠯᠭᠡ︾ ᠪᠠᠨ ᠡᠷᠬᠢᠯᠡᠵᠦ᠂ ᠬᠦᠳᠡᠭᠡ ᠪᠠᠭᠤᠵᠤ ᠮᠠᠯ ᠤᠨ ᠡᠪᠡᠳᠴᠢᠨ ᠬᠡᠮ ᠢ ᠲᠤᠳᠤᠯᠠᠵᠤ | ᠡᠮᠴᠢᠯᠡᠭᠡ ᠬᠢᠬᠦ᠂ ᠡᠯ᠎ᠡ ᠵᠦᠢᠯ ᠤᠨ ᠮᠡᠰᠡ ᠵᠠᠰᠠᠯ ᠬᠢᠬᠦ᠂ ᠭᠠᠷ ᠬᠡᠬᠡᠯᠳᠦᠬᠦᠯᠬᠡ ᠬᠢᠵᠦ ᠬᠡᠬᠡᠯ ᠪᠠᠶᠢᠴᠠᠭᠠᠬᠤ᠂ ᠮᠠᠯ ᠳᠤ | ᠴᠢᠳᠬᠤᠯᠳᠠ ᠵᠡᠬᠦᠯᠳᠡ ᠬᠢᠵᠦ ᠬᠤᠷᠤᠬᠠᠢ ᠲᠠᠭᠤᠬᠤ᠂ ᠦᠬᠡᠷ ᠬᠤᠨᠢ ᠤᠬᠢᠶᠠᠬᠤ ᠦᠢᠯᠡᠴᠢᠯᠡᠭᠡ ᠬᠠᠨᠭ᠍ᠭᠠᠵᠤ ᠪᠠᠶᠢᠨ᠎ᠠ᠃ | ᠶᠠᠮᠠᠷᠴᠦ ᠠᠵᠢᠯ ᠢ ᠬᠢᠵᠦ ᠰᠤᠷᠬᠤ ᠳᠤ ᠤᠶᠢᠭ᠎ᠠ ᠦᠬᠡᠢ ᠴᠢᠷᠮᠠᠶᠢᠯᠭ᠎ᠠ ᠪᠠ ᠰᠢᠨᠳᠠᠷᠠᠰᠢ ᠦᠬᠡᠢ ᠬᠠᠳᠠᠭᠤᠵᠢᠯᠳᠠᠢ | ᠤᠷᠤᠯᠳᠤᠯᠭ᠎ᠠ ᠴᠢᠬᠤᠯᠠ ᠱᠠᠭᠠᠷᠳᠠᠭᠳᠠᠳᠠᠭ᠃ ᠮᠦᠨᠴᠦ ᠤᠷᠤᠭᠰᠢ ᠠᠬᠢᠬᠤ ᠳᠤ ᠬᠦᠳᠦᠴᠢ ᠪᠤᠯᠳᠠᠭ᠃ ᠦᠢᠯᠡᠳᠦᠯᠬᠡ | ᠪᠤᠯ ᠦᠨᠡᠨ ᠶᠤᠰᠤ ᠶᠢ ᠬᠡᠷᠡᠴᠢᠯᠡᠬᠦ ᠴᠤᠷ ᠤᠨ ᠭᠠᠭᠴᠠ ᠪᠠᠷᠢᠮᠵᠢᠶ᠎ᠠ ᠪᠤᠯᠳᠠᠭ ᠪᠠᠶᠢᠨ᠎ᠠ᠃ ᠡᠳᠡᠭᠡᠷ ᠪᠦᠬᠦᠨ ᠨᠢ | ᠰᠠᠶᠢᠰᠢᠶᠠᠯᠳᠤ ᠶᠢᠨ ᠮᠡᠰᠡ ᠵᠠᠰᠠᠯ ᠬᠢᠬᠦ ᠶᠢᠨ ᠬᠢᠨᠢ ᠰᠠᠭᠤᠷᠢ ᠪᠤᠯᠤᠭᠰᠠᠭᠠᠷ ᠢᠷᠡᠭᠰᠡᠨ ᠬᠡᠯᠳᠡᠢ᠃ ᠬᠦᠰᠡᠯ | ᠵᠤᠷᠢᠯᠳᠠ ᠨᠢ ᠬᠦᠮᠦᠨ ᠳᠤ ᠬᠦᠴᠦ ᠨᠡᠮᠡᠷᠢᠯᠡᠳᠡᠭ ᠭᠡᠭᠴᠢ ᠪᠠᠷ ᠰᠠᠶᠢᠰᠢᠶᠠᠯᠳᠤ ᠰᠤᠷᠬᠤ ᠳᠤ ᠰᠢᠮᠳᠡᠵᠦ᠂ ᠰᠤᠳᠤᠯᠵᠤ | ᠬᠢᠬᠦ ᠳᠡᠭᠡᠨ ᠴᠠᠭᠠᠷᠠᠵᠤ ᠢᠷᠡᠯ᠎ᠡ᠃ ᠤᠶᠢᠷ᠎ᠠ ᠶᠢᠨ ᠬᠡᠳᠦᠨ ᠵᠢᠯ ᠳᠤ ᠰᠢᠯᠢᠳᠡᠭ ᠡᠬᠦᠯᠳᠡᠷ ᠤᠨ ᠦᠬᠡᠷ ᠤᠯᠠᠰᠢᠷᠠᠬᠤ ᠶᠢ | ᠲᠠᠭᠠᠯᠳᠤᠨ ᠪᠡᠷᠭᠡ ᠲᠦᠯᠯᠡᠯᠳᠡ ᠶᠢᠨ ᠨᠤᠷᠮ᠎ᠠ ᠴᠤ ᠦᠡᠭᠭᠡᠷᠡᠭᠰᠡᠨ ᠦᠶ᠎ᠡ ᠪᠠᠨ ᠪᠤᠳᠤᠪᠠᠯ ᠤᠯᠠᠨ ᠪᠤᠯᠵᠤ ᠢᠷᠡᠭᠰᠡᠨ ᠨᠢ | ᠦᠨᠡᠨᠳᠡᠢ᠃ ᠡᠨᠡ ᠨᠢ ᠮᠠᠯᠴᠢᠨ ᠠᠶᠢᠯ ᠡᠷᠦᠬᠡ ᠳᠤ ᠠᠪᠴᠦ ᠬᠡᠯᠡᠪᠡᠯ ᠲᠤᠩ ᠴᠢᠬᠤᠯᠠ ᠶᠠᠪᠤᠳᠠᠯ ᠪᠤᠯᠵᠤ ᠪᠤᠢ᠃ | ᠲᠡᠷᠡ ᠲᠠᠷᠤᠢ ᠳᠤᠨᠢ ᠠᠷᠭ᠎ᠠ ᠬᠡᠮᠵᠢᠶ᠎ᠡ ᠠᠪᠬᠤ ᠦᠬᠡᠢ ᠳᠤ ᠬᠦᠷᠪᠡᠯ ᠶᠡᠭᠡ ᠬᠤᠬᠢᠷᠠᠯ ᠪᠤᠯᠳᠠᠭ ᠪᠠᠶᠢᠨ᠎ᠠ᠃ ᠮᠠᠯᠴᠢᠨ | ᠵᠠᠯᠠᠭᠤ ᠰᠠᠶᠢᠰᠢᠶᠠᠯᠳᠤ ᠤᠶᠢᠷ᠎ᠠ ᠶᠢᠨ ᠬᠡᠳᠦᠨ ᠵᠢᠯ ᠠᠴᠠ ᠮᠠᠯ ᠤᠨ ᠡᠪᠡᠳᠴᠢᠨ ᠢ ᠲᠤᠳᠤᠯᠠᠬᠤ᠂ ᠡᠮᠨᠡᠬᠦ᠂ ᠮᠡᠰᠡ ᠵᠠᠰᠠᠯ | ᠬᠢᠬᠦ ᠡᠯ᠎ᠡ ᠵᠦᠢᠯ ᠤᠨ ᠬᠤᠷᠤᠬᠠᠢ ᠲᠠᠭᠤᠬᠤ ᠪᠦᠷᠢᠨ ᠦᠢᠯᠡᠴᠢᠯᠡᠭᠡ ᠬᠠᠨᠭ᠍ᠭᠠᠵᠤ ᠪᠠᠶᠢᠳᠠᠭ ᠢᠶᠠᠷ ᠢᠶᠠᠨ ᠨᠡᠷ᠎ᠡ ᠭᠠᠷᠴᠠᠢ᠃ | ᠳᠡᠷᠡ ᠤᠯᠠᠭᠠᠢ ᠬᠠᠮᠢᠶᠠᠷᠤᠯᠳᠠ ᠶᠢᠨ ᠤᠷᠤᠨ᠂ ᠵᠡᠬᠦᠨ ᠪᠠᠷᠠᠭᠤᠨ ᠦᠵᠦᠮᠦᠴᠢᠨ ᠬᠤᠰᠢᠭᠤ᠂ ᠬᠢᠨᠭ᠍ᠭᠠᠨ ᠠᠶᠢᠮᠠᠭ ᠤᠨ | ᠨᠠᠭᠠᠳᠤ ᠵᠠᠬ᠎ᠠ ᠶᠢᠨ ᠬᠤᠰᠢᠭᠤ ᠰᠤᠮᠤ ᠪᠠᠷ ᠬᠦᠷᠴᠦ ᠡᠮᠴᠢᠯᠡᠭᠡ ᠬᠢᠵᠦ᠂ ᠮᠠᠯᠴᠢᠳ ᠤᠨ ᠰᠠᠶᠢᠨ ᠦᠨᠡᠯᠡᠯᠳᠡ ᠶᠢ | ᠤᠯᠵᠤ ᠭᠠᠨᠵᠤᠭ᠎ᠠ ᠲᠦᠬᠦᠷᠡᠩ ᠬᠢᠯᠠᠷᠠᠭᠤᠯᠵᠤ ᠶᠠᠪᠤᠨ᠎ᠠ᠃ ᠲᠡᠬᠦᠨ ᠢᠶᠠᠷ ᠮᠠᠯ ᠳᠠᠭᠠᠨ ᠮᠠᠰᠡ ᠵᠠᠰᠠᠯ ᠬᠢᠯᠬᠡᠭᠰᠡᠨ | ᠮᠠᠯᠴᠢᠳ᠄ ︽ᠰᠠᠶᠢᠰᠢᠶᠠᠯᠳᠤ ᠶᠢᠨ ᠭᠠᠷ ᠨᠢ ᠬᠦᠡᠭᠭᠡᠨ᠂ ᠡᠳᠡᠬᠡᠷᠡᠬᠦ ᠨᠢ ᠲᠦᠷᠬᠡᠨ ᠲᠡᠭᠡᠷ᠎ᠡ ᠪᠠᠨ ᠶᠠᠮᠠᠷᠴᠦ ᠠᠷᠬᠠᠭ | ᠬᠡᠮ ᠰᠠᠭᠤᠳᠠᠭ ᠦᠬᠡᠢ᠃ ᠠᠪᠬᠤ ᠬᠠᠷᠠᠮᠵᠢ ᠮᠦᠡᠭᠬᠦ ᠨᠢ ᠴᠤ ᠬᠢᠮᠳᠠ ᠪᠠᠶᠢᠳᠠᠭ᠃ ᠰᠠᠶᠢᠰᠢᠶᠠᠯᠳᠤ ᠶᠢᠨ ᠭᠠᠷ ᠲᠤ | ᠤᠷᠤᠪᠠᠯ ᠠᠶᠤᠬᠤ ᠤᠴᠢᠷ ᠦᠬᠡᠢ᠂ ᠮᠡᠷᠬᠡᠵᠢᠯ ᠲᠠᠢ ᠰᠠᠶᠢᠨ ᠵᠠᠯᠠᠭᠤ ᠰᠢᠦ︾ ᠭᠡᠵᠦ ᠶᠠᠷᠢᠳᠠᠭ᠃ ᠵᠠᠯᠠᠭᠤ ᠬᠦᠮᠦᠨ ᠤ | ᠵᠠᠮ ᠤᠨ ᠬᠦᠵᠦᠬᠦᠦ ᠤᠷᠳᠤ ᠭᠡᠳᠡᠭ ᠢᠶᠠᠷ ᠡᠳᠡᠬᠡᠷ ᠮᠠᠯᠴᠢᠳ ᠤᠨ ᠦᠬᠡ ᠶᠠᠷᠢᠶ᠎ᠠ ᠨᠢ ᠰᠠᠶᠢᠰᠢᠶᠠᠯᠳᠤ ᠳᠤ ᠵᠤᠭᠤᠰ | ᠮᠦᠡᠭᠭᠦᠨ ᠠᠴᠠ ᠢᠯᠡᠬᠦᠦ ᠵᠤᠷᠢᠭᠵᠢᠭᠤᠯᠤᠯ ᠪᠠ ᠢᠳᠡᠬᠡᠯ ᠤᠯᠭᠤᠭᠰᠠᠨ ᠶᠤᠮ᠃ | |