ᠵᠢᠷᠦᠬᠡ ᠴᠢᠰᠦᠨ ᠰᠤᠳᠠᠯ ᠮᠠᠭᠤᠳᠠᠢ ᠬᠦᠮᠦᠰ ︽ᠺᠠᠯᠢ ᠶᠡᠬᠡᠳᠡᠢ ᠬᠤᠭᠤᠯᠠ︾ ᠢᠳᠡᠭᠡᠷᠡᠢ
ᠨᠡᠶᠢᠲᠡᠯᠡᠭᠰᠡᠨ ᠴᠠᠭ᠄
2025/6/4
      ᠵᠢᠷᠦᠬᠡ ᠴᠢᠰᠤᠨ ᠰᠤᠳᠠᠯ ᠢ ᠬᠠᠮᠠᠭᠠᠯᠠᠬᠤ ᠡᠨᠡ ᠶᠠᠪᠤᠳᠠᠯ ᠳᠡᠭᠡᠷ᠎ᠡ ᠢᠳᠡᠭᠡᠨ ᠤᠮᠳᠠᠭᠠᠨ ᠪᠣᠯ ᠴᠢᠬᠤᠯᠠ ᠨᠢᠭᠡ ᠭᠤᠭᠴᠤᠭ᠎ᠠ ᠪᠣᠯᠤᠨ᠎ᠠ᠂ ᠡᠭᠦᠨ ᠳᠤ ︽ᠳᠠᠪᠤᠰᠤ ᠪᠠᠭ᠎ᠠ ᠢᠳᠡᠵᠦ︾᠂ ᠪᠠᠭ᠎ᠠ ᠰᠠᠭ᠎ᠠ ︽ᠺᠠᠯᠢ︾ ᠨᠦᠬᠦᠬᠦ ᠴᠢᠬᠤᠯᠠᠳᠠᠢ᠃ ᠺᠠᠯᠢ ᠨᠢ ᠥᠭᠡᠬᠦ ᠬᠠᠳᠠᠭᠠᠯᠠᠬᠳᠠᠨ ᠦᠯᠡᠳᠡᠬᠦ ᠶᠢ ᠪᠠᠭᠠᠰᠬᠠᠨ᠎ᠡ᠃ ᠺᠠᠯᠢ ᠶᠢᠨ ᠡᠯᠧᠮᠧᠨᠲ ᠨᠢ ᠥᠭᠡᠬᠦ ᠴᠢᠰᠤᠨ ᠰᠤᠳᠠᠯ ᠤᠨ ᠲᠤᠳᠤᠷ ᠬᠠᠨ᠎ᠠ ᠳᠤ ᠨᠠᠭᠠᠯᠳᠤᠬᠤ᠂ ᠴᠢᠰᠤᠨ ᠰᠤᠳᠠᠯ ᠢ ᠬᠡᠮᠳᠦᠭᠡᠵᠦ ᠬᠠᠳᠠᠭᠤᠷᠠᠭᠤᠯᠬᠤ ᠶᠢ ᠰᠡᠷᠭᠡᠶᠢᠯᠡᠬᠦ ᠳᠤ ᠲᠤᠰᠠᠯᠠᠨ᠎ᠠ᠃ ᠺᠠᠯᠢ ᠨᠢ ᠵᠢᠷᠦᠬᠡᠨ ᠯᠤᠭᠰᠢᠯᠲᠠ ᠶᠢ ᠲᠣᠬᠢᠷᠠᠭᠤᠯᠤᠨ᠎ᠠ᠃ ᠵᠢᠷᠦᠬᠡᠨ ᠤ ᠬᠡᠪ ᠤᠨ ᠯᠣᠭᠰᠢᠯᠲᠠ ᠪᠠ ᠪᠤᠯᠴᠢᠩ ᠨᠢ ᠬᠡᠪ ᠤᠨ ᠠᠪᠴᠢᠯᠲᠠ ᠳᠤ ᠪᠦᠷ ᠺᠠᠯᠢ᠂ ᠨᠠᠳ᠋ᠷᠢ ᠵᠡᠷᠭᠡ ᠢᠶᠤᠨ ᠤ ᠬᠠᠮᠵᠢᠯᠴᠠᠬᠤ ᠦᠢᠯᠡᠳᠦᠯ ᠳᠤ ᠲᠦᠰᠢᠭᠯᠡᠵᠦ ᠪᠠᠶᠢᠳᠠᠭ᠃ ᠡᠭᠦᠨ ᠠᠴᠠ ᠭᠠᠳᠠᠨ᠎ᠠ᠂ ᠺᠠᠯᠢ ᠨᠢ ᠪᠠᠰᠠ ᠪᠡᠶ᠎ᠡ ᠶᠢᠨ ᠲᠤᠳᠤᠷᠠᠬᠢ ᠠᠷᠤᠭ ᠶᠠᠰᠤ ᠪᠣᠯᠤᠨ ᠪᠤᠯᠴᠢᠩ ᠤᠨ ᠬᠥᠳᠡᠯᠭᠡᠭᠡᠨ ᠬᠢᠬᠦ᠂ ᠵᠢᠷᠦᠬᠡᠨ ᠤ ᠪᠤᠯᠴᠢᠩ ᠤᠨ ᠬᠡᠪ ᠤᠨ ᠪᠤᠰᠤ ᠪᠠᠶᠢᠳᠠᠯ ᠢ ᠰᠡᠷᠭᠡᠶᠢᠯᠡᠬᠦ ᠡᠭᠦᠷᠭᠡ ᠡᠭᠦᠷᠭᠡᠯᠡᠵᠦ ᠪᠠᠶᠢᠳᠠᠭ᠃ ᠲᠤᠣᠷᠠᠬᠢ ᠬᠡᠳᠦᠨ ᠲᠦᠷᠦᠯ ᠤᠨ ᠬᠦᠮᠦᠨ ᠺᠠᠯᠢ ᠨᠥᠬᠦᠪᠥᠷᠢᠯᠡᠬᠦ ᠶᠢ ᠤᠨᠴᠠᠭᠠᠢ ᠠᠩᠬᠠᠷᠬᠤ ᠬᠡᠷᠡᠭᠲᠡᠢ᠃ 1. ᠴᠢᠰᠤᠨ ᠳᠠᠷᠤᠯᠲᠠ ᠪᠠᠷᠢᠮᠵᠢᠶ᠎ᠠ ᠬᠡᠲᠦᠷᠡᠭᠰᠡᠨ ᠬᠦᠮᠦᠨ 2. ᠢᠳᠡᠪᠠᠯ ᠠᠮᠠᠷᠬᠠᠨ ᠲᠠᠷᠭᠤᠯᠠᠳᠠᠭ ᠬᠦᠮᠦᠨ 3. ᠠᠮᠠᠷᠬᠠᠨ ᠰᠠᠭᠤᠯᠭᠠᠳᠠᠭ ᠬᠦᠮᠦᠨ 4. ᠬᠦᠯᠦᠰᠦ ᠠᠷᠪᠢᠨ ᠭᠠᠷᠳᠠᠭ ᠬᠦᠮᠦᠨ 5. ᠤᠳᠠᠭᠠᠨ ᠴᠢᠨᠠᠷᠲᠠᠢ ᠬᠡᠰᠡᠭ ᠡᠪᠡᠳᠴᠢᠲᠡᠨ ᠰᠢᠮ᠎ᠡ ᠲᠡᠵᠢᠭᠡᠯ ᠤᠨ ᠲᠤᠰᠬᠠᠶ ᠮᠡᠷᠭᠡᠵᠢᠯᠲᠡᠨ ᠠᠴᠠ ᠢᠳᠡᠭᠡᠨ ᠤᠮᠳᠠᠭᠠᠨ ᠢᠶᠠᠷ ᠺᠠᠯᠢ ᠨᠦᠬᠦᠬᠦ ᠠᠷᠭ᠎ᠠ ᠶᠢ ᠲᠠᠨᠢᠯᠴᠠᠭᠤᠯᠪᠠ᠄ ᠡᠳᠦᠷ ᠪᠦᠷᠢ ᠨᠢᠭᠡ ᠵᠢᠩ ᠢᠳᠡᠰᠢᠨ ᠨᠣᠭᠤᠭ᠎ᠠ᠂ ᠬᠠᠭᠠᠰ ᠵᠢᠩ ᠵᠢᠮᠢᠰ ᠢᠳᠡᠵᠦ᠂ ᠠᠯᠢ ᠴᠢᠳᠠᠬᠤ ᠪᠠᠷ ᠨᠢᠭᠡ ᠬᠤᠶᠠᠷ ᠵᠦᠢᠯ ᠤᠨ ᠺᠠᠯᠢ ᠶᠡᠬᠡᠳᠡᠢ ᠢᠳᠡᠰᠢᠨ ᠨᠣᠭᠤᠭ᠎ᠠ ᠢᠳᠡᠵᠦ᠂ ᠺᠠᠯᠢ ᠶᠢᠨ ᠰᠢᠮ᠎ᠡ ᠲᠡᠵᠢᠭᠡᠯ ᠤᠨ ᠡᠳ᠋ ᠤᠨ ᠨᠢᠭᠲᠠᠴᠠ ᠪᠠᠷ ᠨᠡᠯᠢᠶᠡᠳ ᠥᠨᠳᠥᠷ ᠵᠢᠮᠢᠰ ᠦᠷᠭᠦᠯᠵᠢ ᠢᠳᠡᠬᠦ ᠬᠡᠷᠡᠭᠳᠡᠢ᠃ · ᠡᠳᠦᠷ ᠪᠦᠷᠢ ᠠᠳᠠᠭ ᠲᠠᠭᠠᠨ 300 ᠭᠷᠠᠮ ᠴᠡᠪᠡᠷ ᠰᠦ ᠪᠤᠶᠤ ᠡᠭᠡᠳᠡᠭᠰᠡᠨ ᠰᠦ ᠤᠣᠭᠤᠬᠤ ᠭᠡᠷᠡᠭᠳᠡᠢ︔ ᠭᠤᠤᠯ ᠢᠳᠡᠭᠡᠨ ᠳᠡᠭᠡᠨ 1/3~1/2 ᠬᠤᠪᠢ ᠶᠢᠨ ᠪᠤᠷᠴᠠᠭ ᠤᠨ ᠵᠦᠢᠯ ᠪᠠ ᠪᠦᠬᠦ ᠠᠮᠤ ᠶᠢᠨ ᠵᠦᠢᠯᠡᠰ  ᠢ ᠢᠳᠡᠵᠦ᠂ ᠡᠳᠦᠷ ᠪᠦᠷᠢ 50 ~ 150 ᠭᠷᠠᠮ ᠢᠳᠡᠬᠦ ᠭᠡᠷᠡᠭᠳᠡᠢ︔ · ᠡᠳᠦᠷ ᠪᠦᠷᠢ 50 ~100 ᠭᠷᠡᠮ ᠲᠦᠮᠦᠰᠦᠨ ᠤ ᠲᠦᠷᠦᠯ ᠢᠳᠡᠬᠦ ᠭᠡᠷᠡᠭᠳᠡᠢ︔ · ᠵᠦᠢᠯ ᠪᠦᠷᠢ ᠶᠢᠨ ᠮᠢᠬ᠎ᠠ ᠶᠢ ᠡᠭᠡᠯᠵᠢᠯᠡᠨ ᠢᠳᠡᠵᠦ᠂ ᠡᠳᠦᠷ ᠪᠦᠷᠢ 70 ~150 ᠭᠷᠠᠮ ᠢᠳᠡᠵᠦ᠂ ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠬᠦ ᠬᠡᠷᠡᠭᠳᠡᠢ᠃ · ᠴᠢᠰᠤᠨ ᠳᠠᠷᠤᠯᠲᠠ ᠥᠨᠳᠥᠷ ᠡᠪᠡᠳᠴᠢᠲᠡᠨ ᠢᠳᠡᠰᠢᠨ ᠨᠣᠭᠤᠭ᠎ᠠ᠂ ᠵᠢᠮᠢᠰ ᠵᠢᠴᠢ ᠬᠤᠯᠢᠮᠠᠭ ᠠᠮᠤ ᠵᠤᠬᠢᠬᠤ ᠬᠡᠮᠵᠢᠶ᠎ᠡ ᠪᠠᠷ ᠢᠳᠡᠵᠦ᠂ ᠡᠩ ᠤᠨ ᠳᠠᠪᠤᠰᠤ ᠢᠳᠡᠵᠦ ᠪᠠᠶᠢᠬᠰᠠᠨ ᠢᠶᠠᠨ ᠨᠠᠳ᠋ᠷᠢ ᠪᠠᠭ᠎ᠠ ᠺᠠᠯᠢ ᠶᠡᠭᠡ ᠳᠠᠪᠤᠰᠤ ᠢᠳᠡᠬᠦ ᠪᠣᠯᠭᠠᠨ ᠬᠤᠪᠢᠷᠠᠭᠤᠯᠵᠤ ᠪᠣᠯᠤᠨ᠎ᠠ᠃    
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号