| ᠴᠠᠬᠠᠷ ᠬᠤᠨᠢ ᠨᠢ ᠮᠢᠬ᠎ᠠ ᠨᠤᠤᠰᠤᠨ ᠤ ᠬᠤᠤᠰ ᠬᠡᠷᠡᠭᠴᠡᠭᠡ ᠲᠠᠢ᠂ ᠥᠰᠥᠯᠳᠡ ᠪᠤᠶᠢᠵᠢᠯᠳᠡ ᠲᠦᠷᠬᠡᠨ᠂ | ᠦᠷᠡᠵᠢᠯ ᠤᠨ ᠨᠤᠷᠮ᠎ᠠ ᠦᠨᠳᠥᠷ᠂ ᠪᠦᠳᠥᠬᠦᠯᠢᠭ ᠮᠠᠯᠵᠢᠯ ᠳᠤ ᠲᠠᠭᠠᠭᠠᠴᠠᠳᠠᠢ᠂ ᠵᠤᠬᠢᠴᠠᠬᠤ ᠴᠢᠳᠠᠪᠤᠷᠢ ᠰᠠᠶᠢᠨ᠂ | ᠤᠳᠤᠮᠯᠠᠯ ᠤᠨ ᠴᠢᠳᠠᠪᠤᠷᠢ ᠲᠤᠭᠳᠠᠪᠤᠷᠢᠳᠠᠢ᠂ ᠮᠢᠬᠠᠨ ᠤ ᠭᠠᠷᠤᠯᠳᠠ ᠦᠨᠳᠥᠷ᠂ ᠮᠢᠬᠠᠨ ᠤ ᠴᠢᠨᠠᠷ ᠰᠠᠶᠢᠨ᠂ | ᠪᠡᠯᠴᠢᠬᠡᠷᠯᠡᠬᠦᠯᠬᠦ ᠶᠢᠨ ᠳᠠᠭᠠᠤ ᠲᠡᠵᠢᠬᠡᠯ ᠨᠦᠬᠦᠪᠥᠷᠢᠯᠡᠵᠦ ᠮᠠᠯᠵᠢᠬᠤ ᠳᠤ ᠲᠤᠬᠢᠷᠠᠭᠰᠠᠨ ᠪᠠ ᠲᠡᠵᠢᠬᠡᠨ ᠦᠷᠡᠵᠢᠬᠦᠯᠬᠦ | ᠠᠰᠢᠭᠯᠠᠮᠵᠢ ᠦᠨᠳᠥᠷ ᠪᠠᠶᠢᠳᠠᠭ ᠪᠤᠯᠬᠤᠷ ᠴᠠᠬᠠᠷ ᠮᠠᠯᠴᠢᠳ ᠲᠤ ᠲᠠᠭᠠᠯᠠᠭᠳᠠᠭᠰᠠᠨ ᠰᠢᠯᠢᠳᠡᠭ ᠡᠬᠦᠯᠳᠡᠷ ᠤᠨ ᠬᠤᠨᠢ | ᠪᠤᠯᠵᠠᠢ᠃ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠤᠯᠠᠭᠠᠨᠴᠠᠪ ᠰᠤᠮᠤᠨ ᠤ ᠡᠩᠬᠡᠷᠪᠤᠯᠠᠭ ᠭᠠᠴᠠᠭᠠᠨ ᠤ | ᠰᠢᠨᠡᠪᠡᠶᠠᠷ᠂ ᠮᠢᠩᠭᠠᠳᠤ ᠪᠠᠯᠭᠠᠰᠤᠨ ᠤ ᠦᠨᠡᠨᠪᠠᠳᠦ ᠭᠠᠴᠠᠭᠠᠨ ᠤ ᠰᠤᠶᠤᠯᠳᠦ᠂ ᠪᠤᠯᠭᠠᠨᠳᠤᠬᠤᠢ ᠰᠤᠮᠤᠨ ᠤ ᠬᠦᠨᠨᠠᠭᠤᠷ | ᠭᠠᠴᠠᠭᠠᠨ ᠤ ᠲᠦᠬᠦᠷᠡᠩᠪᠢᠯᠢᠭ ᠨᠠᠷ ᠤᠨ ᠬᠢ ᠪᠣᠯ ᠡᠨᠡᠬᠦ ᠰᠢᠯᠢᠳᠡᠭ ᠡᠬᠦᠯᠳᠡᠷ ᠢ ᠦᠷᠡᠵᠢᠬᠦᠯᠬᠦ ᠲᠤᠷᠰᠢᠯᠳᠡ ᠶᠢᠨ ᠴᠢᠭ | ᠪᠤᠯᠤᠨ᠎ᠠ᠃ ᠮᠠᠯᠴᠢᠨ ᠰᠢᠨᠡᠪᠡᠶᠡᠷ᠄ ︽ᠡᠨᠡ ᠵᠢᠯ ᠨᠤᠤᠰᠤᠨ ᠤ ᠦᠨ᠎ᠡ 11 ᠲᠦᠬᠦᠷᠢᠭ ᠬᠦᠷᠥᠭᠰᠡᠨ ᠪᠠᠶᠢᠳᠠᠯ ᠳᠤ | ᠮᠠᠨ ᠤ ᠨᠢᠬᠡ ᠬᠤᠨᠢᠨ ᠠᠴᠠ ᠪᠠᠨ ᠲᠡᠭᠰᠢᠳᠬᠡᠬᠡᠳ 11 ᠵᠢᠩ ᠨᠤᠤᠰᠦ ᠰᠠᠮᠨᠠᠵᠦ᠂ ᠬᠤᠨᠢ ᠪᠦᠷᠢ ᠶᠢᠨ ᠨᠤᠤᠰᠤᠨ ᠤ | ᠤᠷᠤᠯᠭ᠎ᠠ 121 ᠲᠦᠬᠦᠷᠢᠭ ᠪᠤᠯᠵᠤ᠂ 200 ᠰᠠᠶᠢᠨ ᠡᠬᠦᠯᠳᠡᠷ ᠤᠨ ᠴᠠᠬᠠᠷ ᠬᠤᠨᠢᠨ ᠠᠴᠠ ᠪᠠᠨ 3 ᠲᠦᠮᠡᠨ | ᠲᠦᠬᠦᠷᠢᠭ ᠤᠨ ᠨᠤᠤᠰᠤᠨ ᠤ ᠤᠷᠤᠯᠭ᠎ᠠ ᠤᠯᠵᠠᠢ᠃ ᠡᠨᠡ ᠨᠢ ᠦᠵᠥᠮᠥᠴᠢᠨ ᠬᠤᠨᠢ ᠮᠠᠯᠵᠢᠭᠰᠠᠨ ᠲᠠᠢ ᠠᠳᠠᠯᠢᠳᠬᠠᠪᠠᠯ | ᠨᠤᠤᠰᠤᠨ ᠲᠡᠬᠡᠷ᠎ᠡ 3 - 4 ᠲᠠᠬᠢᠨ ᠢᠯᠡᠬᠦᠦ ᠤᠷᠤᠯᠭ᠎ᠠ ᠤᠯᠵᠦ ᠴᠢᠳᠠᠭᠰᠠᠨ ᠪᠠᠶᠢᠨ᠎ᠠ᠃ ᠡᠨᠡ ᠵᠢᠯ ᠮᠠᠯ ᠤᠨ ᠦᠨ᠎ᠡ | ᠨᠡᠶᠢᠳᠡᠮ ᠲᠤᠤᠷ᠎ᠠ ᠪᠠᠶᠢᠵᠦ᠂ ᠬᠤᠷᠠᠭᠠᠨ ᠤ ᠦᠨ᠎ᠡ ᠠᠮᠢᠳᠦ ᠶᠢᠨ ᠵᠢᠩ ᠳᠡᠭᠡᠨ ᠲᠦᠡᠭᠬᠡᠵᠢ 7 ᠲᠦᠬᠦᠷᠢᠭ ᠬᠦᠷᠴᠦ | ᠪᠠᠶᠢᠬᠤ ᠳᠤ ᠮᠠᠨ ᠤ ᠡᠷᠳᠡ ᠶᠢᠨ ᠬᠤᠷᠠᠭ᠎ᠠ 80 - 90 ᠭᠠᠷᠤᠢ ᠵᠢᠩ ᠬᠦᠷᠴᠦ᠂ ᠬᠠᠮᠤᠭ ᠪᠠᠭ᠎ᠠ ᠬᠤᠷᠠᠭ᠎ᠠ ᠴᠦ | 60 ᠵᠢᠩ ᠢᠯᠡᠬᠦᠦ ᠬᠦᠷᠴᠦ᠂ ᠬᠤᠷᠠᠭ᠎ᠠ ᠪᠦᠷᠢ ᠲᠡᠭᠰᠢᠳᠬᠡᠬᠡᠳ 550 - 600 ᠭᠠᠷᠤᠢ ᠲᠦᠬᠦᠷᠢᠭ ᠲᠤ | ᠬᠦᠷᠥᠭᠰᠡᠨ︾ ᠬᠡᠵᠦ ᠶᠠᠷᠢᠵᠦ ᠪᠠᠶᠢᠯ᠎ᠠ᠃ ᠴᠠᠬᠠᠷ ᠬᠤᠨᠢ ᠮᠠᠯᠵᠢᠬᠤ ᠨᠢ ᠲᠦᠯ ᠲᠤᠰᠬᠤ ᠦᠶ᠎ᠡ ᠳᠤ ᠮᠠᠰᠢ ᠶᠠᠭᠠᠷᠠᠤ | ᠪᠠᠶᠢᠳᠠᠭ ᠴᠦ ᠨᠤᠤᠰᠤᠨ ᠤ ᠭᠠᠷᠤᠯᠳᠠ ᠰᠠᠶᠢᠨ᠂ ᠮᠢᠬ᠎ᠠ ᠵᠡᠬᠦᠬᠦ ᠪᠠᠷ ᠰᠠᠶᠢᠨ᠂ ᠵᠢᠩ ᠲᠠᠷᠤᠬᠤ ᠨᠢ ᠢᠯᠡᠬᠦᠦ ᠵᠡᠷᠬᠡ | ᠤᠨᠴᠠᠯᠢᠭ ᠲᠠᠢ ᠪᠠᠶᠢᠵᠦ᠂ ᠵᠤᠨ ᠳᠠᠭᠠᠨ ᠨᠤᠤᠰᠤᠨ ᠤ ᠤᠷᠤᠯᠭ᠎ᠠ ᠲᠠᠢ᠂ ᠨᠠᠮᠤᠷ ᠲᠠᠭᠠᠨ ᠬᠤᠷᠠᠭᠠᠨ ᠤ ᠤᠷᠤᠯᠭ᠎ᠠ ᠲᠠᠢ | ᠪᠠᠶᠢᠳᠠᠭ᠃ ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠨᠤᠳᠤᠭ ᠪᠡᠯᠴᠢᠬᠡᠷ ᠤᠨ ᠲᠠᠯᠠᠪᠠᠢ ᠬᠠᠷᠢᠴᠠᠩᠭᠤᠢ ᠪᠠᠭ᠎ᠠ | ᠮᠦᠷᠳᠡᠬᠡᠨ ᠵᠢᠯ ᠲᠠᠷᠠᠭᠠᠯᠠᠭᠰᠠᠨ ᠪᠠᠶᠢᠭᠠᠯᠢ ᠶᠢᠨ ᠭᠠᠮᠰᠢᠭ ᠲᠤ ᠮᠠᠯ ᠠᠵᠦ ᠠᠬᠤᠢ ᠶᠢᠨ ᠬᠦᠭᠵᠢᠯᠳᠡ ᠤᠳᠠᠭᠠᠰᠢᠷᠠᠵᠦ᠂ | ᠠᠮᠢ ᠠᠬᠤᠢ ᠴᠦ ᠲᠦᠢᠯ ᠢᠶᠠᠷ ᠮᠠᠭᠤᠳᠠᠪᠠ᠃ ᠡᠨᠡᠬᠦ ᠪᠠᠶᠢᠳᠠᠯ ᠲᠤᠤᠷ᠎ᠠ ᠲᠤᠰ ᠬᠤᠰᠢᠭᠤ ᠮᠠᠯᠵᠢᠬᠤ ᠲᠠᠷᠢᠶᠠᠯᠠᠬᠤ | ᠤᠷᠤᠨ ᠤ ᠬᠦᠮᠥᠨ ᠠᠮᠠ ᠶᠢ ᠨᠡᠬᠦᠯᠬᠡᠨ ᠰᠢᠯᠵᠢᠬᠦᠯᠵᠦ ᠠᠵᠢᠯ ᠤᠯᠭᠤᠵᠦ᠂ ᠮᠠᠯ ᠠᠵᠦ ᠠᠬᠤᠢ ᠶᠢᠨ ᠰᠠᠭᠤᠷᠢ | ᠲᠦᠬᠦᠬᠡᠷᠥᠮᠵᠢ ᠶᠢ ᠰᠠᠶᠢᠵᠢᠷᠠᠭᠤᠯᠬᠤ ᠵᠡᠷᠬᠡ ᠲᠠᠯ᠎ᠠ ᠪᠠᠷ ᠠᠯᠢ ᠤᠯᠠᠨ ᠪᠦᠳᠥᠮᠵᠢᠳᠠᠢ ᠠᠷᠭ᠎ᠠ ᠪᠤᠳᠤᠯᠭ᠎ᠠ ᠶᠢ | ᠳᠤᠬᠳᠠᠭᠠᠬᠰᠠᠨ ᠤ ᠬᠠᠮᠳᠤ ᠴᠠᠬᠠᠷ ᠬᠤᠨᠢ ᠶᠢ ᠦᠷᠡᠵᠢᠬᠦᠯᠬᠦ ᠨᠢ ᠡᠬᠦᠨ ᠤ ᠲᠤᠳᠤᠷᠠᠬᠢ ᠨᠢᠬᠡ ᠲᠦᠷᠥᠯ ᠵᠦᠢᠯ ᠪᠠᠶᠢᠵᠤ | ᠂ ᠡᠬᠦᠯᠳᠡᠷ ᠤᠨ ᠮᠠᠯ ᠰᠦᠷᠥᠭ ᠤᠨ ᠪᠦᠳᠥᠴᠠ ᠶᠢ ᠰᠢᠯᠢᠳᠡᠭᠵᠢᠬᠦᠯᠵᠦ᠂ ︽ᠬᠤᠨᠢ ᠶᠢ ᠴᠦᠬᠡᠳᠬᠡᠵᠦ᠂ ᠦᠬᠡᠷ | ᠢᠯᠡᠬᠦᠦ ᠮᠠᠯᠵᠢᠬᠤ︾ ᠬᠦᠭᠵᠢᠯᠳᠡ ᠶᠢᠨ ᠵᠠᠷᠴᠢᠮ ᠢᠶᠠᠷ᠂ ᠲᠦᠷᠦ ᠶᠢᠨ ᠪᠤᠳᠤᠯᠭ᠎ᠠ ᠶᠢᠨ ᠳᠡᠳᠬᠦᠮᠵᠢ ᠪᠤᠯᠤᠨ | ᠬᠦᠳᠥᠯᠥᠨ ᠵᠢᠯᠤᠭᠤᠳᠬᠤ ᠡᠷᠴᠢᠮ ᠢ ᠴᠢᠩᠭᠠᠷᠠᠭᠤᠯᠵᠦ᠂ ᠴᠠᠬᠠᠷ ᠬᠤᠨᠢᠨ ᠤ ᠰᠠᠶᠢᠨ ᠦᠷ᠎ᠡ ᠶᠢᠨ ᠮᠠᠯ ᠢ | ᠦᠷᠡᠵᠢᠬᠦᠯᠥᠨ ᠪᠤᠶᠢᠵᠢᠭᠤᠯᠬᠤ ᠬᠡᠪᠴᠢᠶ᠎ᠡ ᠶᠢ ᠥᠷᠬᠡᠳᠬᠡᠪᠡ᠃ ᠡᠨᠡ ᠵᠢᠯ 17 ᠲᠦᠮᠡᠨ ᠬᠤᠨᠢ ᠶᠢ ᠡᠬᠦᠯᠳᠡᠷ | ᠰᠠᠶᠢᠵᠢᠷᠠᠭᠤᠯᠤᠨ ᠴᠠᠬᠠᠷ ᠬᠤᠨᠢ ᠶᠢ 20 ᠲᠦᠮᠡ ᠳᠤ ᠬᠦᠷᠬᠡᠬᠦ ᠬᠠᠷᠠᠯᠳᠠ ᠶᠢ ᠳᠤᠬᠳᠠᠭᠠᠵᠠᠢ᠃ ᠤᠶᠤᠳᠠᠨ ᠮᠠᠯᠴᠢᠨ | ᠵᠠᠯᠠᠭᠤ ᠲᠦᠬᠦᠷᠡᠩᠪᠢᠯᠢᠭ᠄ ︽ᠢᠪᠴᠤᠤᠬᠠᠨ ᠨᠤᠳᠤᠭ ᠲᠡᠬᠡᠷ᠎ᠡ ᠴᠦᠬᠡᠨ ᠮᠠᠯ ᠮᠠᠯᠵᠢᠵᠦ ᠶᠠᠭᠠᠬᠢᠵᠦ ᠤᠷᠤᠯᠭ᠎ᠠ ᠪᠠᠨ | ᠨᠡᠮᠡᠭᠳᠡᠬᠦᠯᠬᠦ ᠪᠤᠢ ᠬᠡᠵᠦ ᠪᠢ ᠦᠷᠭᠦᠯᠵᠢ ᠪᠤᠳᠤᠳᠠᠭ ᠢᠶᠠᠷ ᠢᠶᠠᠨ ᠰᠤᠷᠤᠭᠰᠨᠨ ᠮᠡᠳᠡᠯᠬᠡ ᠪᠠᠨ ᠦᠢᠯᠡᠳᠥᠯᠬᠡᠵᠢᠬᠦᠯᠬᠦ ᠪᠠᠷ | ᠲᠦᠷᠥᠬᠦᠦ ᠬᠤᠶᠠᠷ ᠵᠢᠯ ᠦᠪᠥᠷ ᠮᠤᠩᠭᠤᠯ ᠤᠨ ᠮᠠᠯ ᠠᠵᠦ ᠠᠬᠤᠢ ᠶᠢᠨ ᠰᠤᠳᠤᠯᠭᠠᠨ ᠤ ᠬᠦᠷᠢᠶᠡᠯᠡᠩ ᠤᠨ | ᠮᠡᠷᠬᠡᠵᠢᠯᠳᠡᠨ ᠲᠠᠢ ᠬᠠᠮᠵᠢᠯᠴᠠᠵᠦ᠂ ᠬᠤᠳᠠ ᠲᠤᠭᠤᠶᠢᠯᠠᠩ ᠤᠨ ᠢᠶᠠᠨ ᠰᠡᠴᠡᠨᠪᠠᠭᠠᠳᠤᠷ᠂ ᠦᠯᠵᠡᠢ ᠵᠡᠷᠬᠡ ᠮᠠᠯᠴᠢᠨ | ᠡᠷᠥᠬᠡ ᠶᠢ ᠲᠠᠶᠢᠴᠢᠯᠨᠨ 100 ᠭᠠᠷᠤᠢ ᠴᠠᠬᠠᠷ ᠬᠤᠨᠢ ᠶᠢ 2 ᠵᠢᠯ ᠳᠤ ᠭᠤᠷᠪᠠ ᠤᠳᠠᠭ᠎ᠠ ᠬᠤᠷᠠᠭᠠᠯᠠᠭᠤᠯᠬᠤ | ᠲᠤᠷᠰᠢᠯᠳᠠ ᠬᠢᠵᠦ᠂ ᠲᠤᠷᠰᠢᠯᠳᠠ ᠬᠢᠭᠰᠡᠨ ᠬᠤᠭᠤᠴᠠᠭᠠᠨ ᠳᠤ ᠤᠨᠳᠤᠷᠤᠯᠳᠠ ᠶᠢᠨ ᠨᠤᠷᠮ᠎ᠠ 70% ᠳᠤ ᠬᠦᠷᠴᠦ᠂ | 40 ᠬᠤᠷᠠᠭ᠎ᠠ ᠶᠢ ᠠᠯᠤᠰ ᠬᠤᠯᠠ ᠶᠢᠨ ᠰᠢᠨᠵᠢᠶᠠᠩ ᠠᠴᠠ ᠬᠦᠮᠥᠨ ᠢᠷᠡᠵᠦ ᠦᠷ᠎ᠡ ᠶᠢᠨ ᠮᠠᠯ ᠢᠶᠠᠷ ᠬᠤᠳᠠᠯᠳᠤᠨ | ᠠᠪᠤᠭᠰᠠᠨ ᠪᠦᠬᠡᠳ ᠨᠠᠮᠤᠷ ᠨᠢ ᠬᠤᠷᠠᠭ᠎ᠠ ᠪᠠᠨ ᠬᠤᠳᠠᠯᠳᠤᠭᠰᠠᠨ ᠳᠤ ᠲᠡᠭᠰᠢᠳᠬᠡᠬᠡᠳ 1000 ᠲᠦᠬᠦᠷᠢᠭ ᠲᠤ | ᠬᠦᠷᠴᠦ᠂ ᠠᠮᠢ ᠠᠬᠤᠢ ᠪᠤᠯᠤᠨ ᠠᠵᠦ ᠠᠬᠤᠢ ᠶᠢᠨ ᠬᠤᠤᠰ ᠦᠷ᠎ᠡ ᠠᠰᠢᠭ ᠢ ᠵᠡᠷᠬᠡᠪᠡᠷ ᠬᠦᠷᠳᠡᠭᠰᠡᠨ ᠰᠢᠤ︾ ᠬᠡᠵᠦ | ᠬᠤᠯᠠ ᠶᠢᠨ ᠬᠦᠰᠡᠯ ᠲᠠᠢ ᠶᠠᠷᠢᠯ᠎ᠠ᠃ |