| | 9 ᠳ᠋ᠤᠭᠡᠷ ᠰᠠᠷ᠎ᠠ ᠶᠢᠨ 4 ᠤ ᠡᠲᠥᠷ ᠤᠨ 11 ᠴᠠᠭ ᠲᠤ᠂ ᠰᠢᠯᠢ ᠶᠢᠨ ᠬᠤᠲᠠ ᠠᠴᠠ ᠡᠷᠢᠶᠠᠨ ᠬᠤᠲᠠ ᠬᠥᠷᠬᠦ | ᠳᠡᠮᠤᠷ ᠵᠠᠮ ᠢᠶᠠᠷ ᠠᠶᠠᠯᠠᠬᠤ ᠭᠠᠯᠲᠤ ᠲᠡᠷᠭᠡ ᠡᠷᠢᠶᠠᠨ ᠬᠤᠲᠠ ᠶᠢᠨ ᠭᠠᠯᠲᠤ ᠲᠡᠷᠭᠡᠨ ᠥᠷᠲᠡᠭᠡ ᠠᠴᠠ ᠬᠥᠲᠡᠯᠵᠥ᠂ | ᠰᠢᠯᠢ ᠶᠢᠨ ᠬᠤᠲᠠ ᠶᠢ ᠴᠢᠭᠯᠡᠪᠡ᠃ ᠰᠢᠯᠢ ᠶᠢᠨ ᠬᠤᠲᠠ — ᠡᠷᠢᠶᠠᠨ ᠬᠤᠲᠠ ᠲᠡᠮᠥᠷ ᠵᠠᠮ ᠨᠢ ᠠᠪᠠᠭ᠎ᠠ ᠬᠤᠰᠢᠭᠤ | ᠂ ᠰᠥᠨᠢᠳ ᠵᠡᠬᠦᠨ ᠬᠤᠰᠢᠭᠤ᠂ ᠡᠷᠢᠶᠠᠨ ᠬᠤᠲᠠ ᠪᠠᠷ ᠥᠡᠭᠭᠡᠷᠡᠵᠥ᠂ ᠵᠢᠨᠢᠩ ᠠᠴᠠ ᠡᠷᠢᠶᠠᠨ ᠬᠤᠲᠠ ᠬᠥᠷᠬᠦ ᠲᠡᠮᠥᠷ | ᠵᠠᠮ ᠤᠨ ᠰᠢᠯᠢ ᠥᠷᠲᠡᠭᠡ ᠳᠤ ᠵᠤᠯᠭᠠᠨ᠎ᠠ᠃ ᠰᠢᠯᠢ ᠶᠢᠨ ᠬᠤᠲᠠ — ᠡᠷᠢᠶᠠᠨ ᠬᠤᠲᠠ ᠲᠡᠮᠥᠷ ᠵᠠᠮ ᠤᠨ ᠪᠥᠬᠦ | ᠤᠷᠲᠤ ᠨᠢ 375 ᠺᠢᠯᠤᠮᠧᠳ᠋ᠷ ᠪᠠᠶᠢᠵᠥ᠂ 2012 ᠤᠨ ᠠᠴᠠ ᠪᠥᠲᠥᠭᠡᠨ ᠪᠠᠶᠢᠭᠤᠯᠵᠥ᠂ 2015 ᠤᠨ ᠳᠤ ᠪᠥᠬᠦ | ᠱᠤᠭᠤᠮ ᠢ ᠵᠠᠰᠠᠨ ᠨᠡᠪᠲᠡᠷᠡᠬᠦᠯᠵᠥ᠂ 2016 ᠤᠨ ᠳᠤ ᠲᠡᠷᠭᠡ ᠨᠡᠪᠲᠡᠷᠡᠬᠦ ᠨᠥᠬᠦᠴᠡᠯ ᠢ ᠪᠥᠷᠢᠯᠲᠥᠬᠦᠯᠵᠡᠢ᠃ | ᠰᠢᠯᠢ ᠶᠢᠨ ᠬᠤᠲᠠ — ᠡᠷᠢᠶᠠᠨ ᠬᠤᠲᠠ ᠲᠡᠮᠥᠷ ᠵᠡᠮ ᠨᠢ ᠨᠢᠭᠡᠲᠥᠭᠡᠷ ᠲᠡᠰ ᠤᠨ ᠲᠡᠮᠥᠷ ᠵᠠᠮ ᠪᠠᠶᠢᠵᠥ᠂ ᠲᠤᠰ | ᠱᠤᠭᠤᠮ ᠨᠢ ᠥᠪᠡᠷᠲᠡᠭᠡᠨ ᠵᠠᠰᠠᠬᠤ ᠤᠷᠤᠨ ᠤ ᠵᠡᠬᠦᠨ ᠪᠠᠷᠠᠭᠤᠨ ᠢ ᠬᠤᠯᠪᠤᠭᠰᠠᠨ ᠲᠡᠮᠥᠷ ᠵᠠᠮ ᠤᠨ ᠬᠤᠶᠢᠲᠤ | ᠬᠡᠰᠡᠭ ᠤᠨ ᠲᠤᠰᠠᠯᠠᠬᠤ ᠱᠤᠭᠤᠮ ᠤᠨ ᠴᠢᠬᠤᠯᠠ ᠪᠥᠷᠢᠯᠲᠥᠬᠦᠨ ᠬᠡᠰᠡᠭ᠂ ᠤᠮᠠᠷᠠᠲᠤ ᠬᠡᠰᠡᠭ ᠤᠨ ᠪᠤᠭᠤᠮᠲᠠ ᠶᠢᠨ | ᠨᠡᠪᠳᠡᠷᠡᠬᠦ ᠵᠠᠮ ᠪᠠᠶᠢᠵᠥ᠂ ᠪᠠᠰᠠᠴᠥ ᠥᠪᠤᠷ ᠮᠤᠩᠭᠤᠯ ᠤᠨ ᠵᠡᠬᠦᠨ ᠬᠡᠰᠡᠭ ᠤᠨ ᠨᠡᠬᠦᠷᠡᠰᠥ ᠶᠢ ᠭᠠᠲᠠᠭᠰᠢ | ᠵᠥᠭᠡᠭᠡᠪᠤᠷᠢᠯᠡᠬᠦ ᠴᠢᠬᠤᠯᠠ ᠵᠠᠮ ᠪᠤᠯᠤᠨ᠎ᠠ᠃ ᠲᠤᠰ ᠱᠤᠭᠤᠮ ᠢ ᠪᠥᠲᠥᠭᠡᠨ ᠪᠠᠶᠢᠭᠤᠯᠤᠭᠰᠠᠨ ᠠᠴᠠ ᠵᠢᠨᠢᠩ — | ᠲᠥᠡᠭᠯᠢᠶᠤᠥ ᠲᠡᠮᠥᠷ ᠵᠠᠮ ᠠᠴᠠ ᠤᠮᠠᠷᠠᠰᠢ᠂ ᠮᠠᠨ ᠤ ᠠᠶᠢᠮᠠᠭ ᠤᠨ ᠪᠠᠷᠠᠭᠤᠨ ᠬᠡᠰᠡᠭ ᠲᠤ ᠵᠡᠬᠦᠨᠰᠢ ᠪᠠᠷᠠᠭᠤᠨᠰᠢ | ᠨᠡᠪᠲᠡᠷᠡᠬᠦ ᠲᠠᠮᠥᠷ ᠵᠠᠮ ᠲᠠᠢ ᠪᠤᠯᠵᠦ᠂ ᠰᠢᠯᠢ ᠶᠢᠨ ᠬᠤᠲᠠ — ᠤᠯᠠᠭᠠᠨᠬᠤᠲᠠ ᠲᠡᠮᠥᠷ ᠵᠠᠮ ᠲᠠᠢ ᠨᠡᠶᠢᠯᠡᠵᠥ᠂ | ᠡᠬᠦᠨ ᠤ ᠤᠯᠠᠮ ᠢᠶᠠᠷ ᠤᠯᠠᠭᠠᠨᠬᠠᠲᠠ — ᠳ᠋ᠠᠪᠠᠨ — ᠪᠠᠶᠠᠨᠬᠤᠸᠠ ᠲᠡᠮᠥᠷ ᠵᠠᠮ᠂ ᠪᠠᠶ᠋ᠬᠠᠠᠭᠤᠯᠠ — ᠰᠢᠨ | ᠴᠢᠥ ᠲᠡᠮᠥᠷ ᠵᠠᠮ᠂ ᠲᠥᠡᠭᠯᠢᠶᠥᠥ — ᠬᠤᠤᠯᠢᠨᠭᠤᠤᠯ ᠲᠡᠮᠥᠷ ᠵᠠᠮ ᠪᠤᠯᠤᠨ ᠰᠢᠯᠢ ᠶᠢᠨ ᠬᠤᠲᠠ — ᠰᠠᠩ ᠤᠨ | ᠲᠠᠯᠠᠢ ᠲᠡᠮᠥᠷ ᠵᠠᠮ ᠵᠡᠷᠭᠡ ᠲᠥᠷᠪᠡᠨ ᠵᠤᠷᠪᠤᠰ ᠡᠮᠥᠨ᠎ᠠ ᠤᠮᠠᠷ᠎ᠠ ᠶᠢ ᠬᠤᠯᠪᠤᠭᠰᠠᠨ ᠲᠡᠮᠥᠷ ᠵᠠᠮ ᠲᠠᠢ ᠨᠡᠶᠢᠯᠡᠵᠥ᠂ | ᠤᠷᠤᠨ ᠲᠤᠭᠤᠷᠢᠭ ᠤᠨ ᠲᠠᠮᠥᠷ ᠵᠠᠮ ᠤᠨ ᠲᠤᠤᠷ ᠲᠤ ᠵᠡᠬᠦᠨ ᠪᠠᠷᠠᠭᠤᠨ ᠢ ᠵᠤᠯᠭᠠᠭᠤᠯᠵᠥ᠂ ᠡᠮᠥᠨ᠎ᠠ ᠤᠮᠠᠷ᠎ᠠ ᠶᠢ | ᠬᠤᠯᠪᠤᠬᠤ ᠴᠢᠬᠤᠯᠠ ᠥᠢᠯᠡᠲᠥᠯ ᠥᠵᠡᠬᠦᠯᠬᠦ ᠪᠤᠯᠤᠨ᠎ᠠ᠃ ᠰᠢᠯᠢ ᠶᠢᠨ ᠬᠤᠲᠠ — ᠡᠷᠢᠶᠠᠨ ᠬᠤᠲᠠ ᠲᠡᠮᠥᠷ ᠵᠠᠮ | ᠪᠤᠯ ᠮᠠᠨ ᠤ ᠠᠶᠢᠮᠠᠭ ︽ᠨᠢᠭᠡ ᠪᠥᠰᠡ ᠨᠢᠭᠡ ᠵᠠᠮ︾ ᠤᠨ ᠪᠠᠶᠢᠯᠲᠤᠬᠤ ᠪᠤᠲᠤᠯᠭ᠎ᠠ ᠳᠤ ᠤᠷᠤᠯᠴᠠᠬᠤ ᠴᠢᠬᠤᠯᠠ | ᠪᠥᠲᠥᠭᠡᠨ ᠪᠠᠶᠢᠭᠤᠯᠤᠯᠲᠠ ᠶᠢᠨ ᠲᠥᠷᠥᠯ ᠵᠥᠢᠯ ᠪᠤᠯᠤᠨ᠎ᠠ᠃ ᠡᠨᠡᠬᠦ ᠵᠤᠷᠪᠤᠰ ᠲᠡᠮᠥᠷ ᠵᠠᠮ ᠢᠶᠠᠷ ᠲᠡᠷᠭᠡ | ᠨᠡᠪᠲᠡᠷᠡᠭᠰᠡᠨ ᠨᠢ ᠡᠷᠢᠶᠠᠨ ᠪᠤᠭᠤᠮᠲᠠ ᠪᠠ ᠵᠡᠬᠦᠨ ᠬᠤᠶᠢᠲᠤ ᠶᠢᠨ ᠪᠥᠸᠧᠬᠠᠢ ᠲᠠᠩᠬᠢᠰ ᠤᠨ ᠪᠥᠬᠦ ᠭᠠᠷᠠᠮ ᠢ ᠬᠤᠯᠪᠤᠵᠥ | ᠂ ᠡᠷᠢᠶᠠᠨ ᠬᠤᠲᠠ᠂ ᠰᠢᠯᠢ ᠶᠢᠨ ᠬᠤᠲᠠ — ᠪᠠᠷᠠᠭᠤᠨ ᠥᠵᠥᠮᠥᠴᠢᠨ ᠬᠤᠰᠢᠭᠤ — ᠤᠯᠠᠭᠠᠨᠬᠠᠲᠠ ᠬᠤᠲᠠ | ᠱᠤᠭᠤᠮ ᠢᠶᠠᠷ ᠵᠡᠬᠦᠨ ᠬᠤᠶᠢᠲᠤ ᠶᠢᠨ ᠲᠡᠮᠥᠷ ᠵᠠᠮ ᠤᠨ ᠳᠤᠤᠷ ᠲᠤ ᠤᠷᠤᠵᠥ ᠪᠤᠯᠤᠨ᠎ᠠ᠃ ᠭᠠᠲᠠᠭᠰᠢ ᠪᠠᠨ ᠮᠤᠩᠭᠤᠯ᠂ | ᠤᠷᠤᠰ ᠲᠤ ᠨᠡᠪᠲᠡᠷᠡᠵᠥ᠂ ᠲᠤᠲᠤᠭᠠᠲᠤ ᠳᠠᠭᠠᠨ ᠴᠢᠬᠤᠯᠠ ᠬᠤᠲᠠ ᠪᠤᠯᠤᠨ ᠭᠠᠷᠠᠮ ᠢ ᠬᠤᠯᠪᠤᠭᠰᠠᠨ ᠡᠨᠡᠬᠦ ᠲᠡᠮᠥᠷ | ᠵᠠᠮ ᠨᠢ ᠮᠠᠨ ᠤ ᠠᠶᠢᠮᠠᠭ ᠤᠨ ᠭᠠᠲᠠᠭᠰᠢ ᠨᠡᠭᠡᠭᠡᠯᠲᠡ ᠳᠤ ᠴᠢᠬᠤᠯᠠ ᠥᠢᠯᠡᠲᠥᠯ ᠥᠵᠡᠬᠦᠯᠬᠦ ᠪᠤᠯᠤᠨ᠎ᠠ᠃ | | |