ᠬᠤᠨᠢ ᠪᠠᠨ ᠪᠢᠳᠡᠭᠡᠢ ᠭᠡᠳᠤᠷᠬᠡᠢ ᠴᠥᠭᠡᠴᠢᠯᠡᠶ᠎ᠠ
ᠨᠡᠶᠢᠲᠡᠯᠡᠭᠰᠡᠨ ᠴᠠᠭ᠄
2017/1/6
      ᠤᠢᠢᠷ᠎ᠠ ᠶᠢᠨ ᠬᠤᠶᠠᠷ ᠵᠢᠯ ᠳᠤ ᠬᠤᠨᠢᠨ ᠤ ᠥᠨ᠎ᠠ ᠬᠠᠩᠰᠢ ᠨᠠᠯᠢᠶᠡᠳ ᠳᠤᠤᠷ᠎ᠠ ᠪᠤᠯᠤᠭᠰᠠᠨ ᠪᠠᠶᠢᠳᠠᠯ ᠳᠤᠤᠷ᠎ᠠ ᠮᠠᠯᠴᠢᠳ ᠬᠤᠨᠢ ᠪᠠᠨ ᠶᠡᠭᠡᠪᠡᠷ ᠴᠥᠭᠡᠴᠢᠯᠡᠵᠤ ᠢᠷᠡᠭᠰᠡᠨ ᠪᠠᠶᠢᠨ᠎ᠠ᠃ ᠥᠨᠠᠨ ᠢ ᠭᠡᠯᠡᠬᠦ ᠳᠤ ᠵᠠᠬ᠎ᠠ ᠳᠡᠯᠭᠡᠬᠦᠷ ᠤᠨ ᠥᠨ᠎ᠠ ᠬᠠᠩᠰᠢ ᠶᠢᠨ ᠭᠡᠯᠪᠡᠯᠵᠡᠯᠳᠡ ᠪᠤᠯ ᠶᠤᠰᠤ ᠭᠤᠷᠢᠮ ᠲᠠᠢ ᠶᠤᠮ᠂ ᠳᠠᠷᠤᠢ ᠬᠠᠩᠭᠠᠯᠭ᠎ᠠ ᠨᠢ ᠭᠡᠷᠡᠭᠴᠡᠭᠡ ᠠᠴᠠ ᠪᠠᠨ ᠭᠡᠳᠤᠷᠡᠬᠦ ᠥᠶ᠎ᠠ ᠳᠤ ᠥᠨ᠎ᠠ ᠨᠢ ᠪᠠᠭᠤᠷᠠᠵᠤ᠂ ᠭᠡᠷᠡᠭᠴᠡᠭᠡ ᠪᠠᠨ ᠬᠠᠩᠭᠠᠵᠤ ᠳᠠᠶᠢᠯᠬᠦ ᠥᠭᠡᠢ ᠥᠶ᠎ᠠ ᠳᠤ ᠥᠨ᠎ᠠ ᠨᠢ ᠥᠰᠳᠡᠭ ᠵᠢᠮ᠎ᠠ ᠲᠠᠢ᠃ ᠳᠡᠬᠢᠭᠠᠳ ᠭᠡᠯᠡᠪᠡᠯ ᠤᠳᠤᠬᠢ ᠵᠠᠬ᠎ᠠ ᠳᠡᠯᠭᠡᠬᠦᠷ ᠳᠠᠭᠡᠷ᠎ᠠ ᠨᠠᠷᠢᠯᠢᠬ ᠡᠳ᠋ᠰᠢᠬᠦᠯᠥᠭᠰᠡᠨ ᠬᠤᠨᠢᠨ ᠮᠢᠬ᠎ᠠ ᠶᠢᠨ ᠪᠤᠷᠤᠯᠠᠭᠤᠯᠭ᠎ᠠ ᠶᠢᠨ ᠥᠨ᠎ᠠ ᠬᠠᠩᠰᠢ ᠶᠠᠷᠤ ᠠᠴᠠ ᠪᠠᠭᠤᠷᠠᠭᠰᠠᠨ ᠥᠭᠡᠢ ᠪᠥᠭᠡᠳ ᠭᠡᠷᠡᠭᠯᠡᠭᠴᠢᠳ ᠤᠨ ᠬᠠᠯᠠᠭᠤᠨ ᠬᠥᠷᠢᠶᠡᠯᠡᠯ ᠢ ᠤᠯᠤᠭᠰᠠᠭᠠᠷ ᠪᠠᠶᠢᠭ᠎ᠠ ᠶᠤᠮ᠃ ᠳᠡᠭᠡᠬᠦᠯᠡᠷ ᠮᠠᠯᠴᠢᠳ ᠬᠤᠨᠢ ᠪᠠᠨ ᠭᠡᠳᠤᠷᠭᠡᠢ ᠶᠡᠭᠡᠪᠡᠷ ᠬᠤᠳᠠᠯᠳᠤᠵᠤ ᠴᠥᠭᠡᠴᠢᠯᠡᠬᠦ ᠥᠭᠡᠢ ᠪᠤᠯ ᠳᠠᠭᠠᠷᠠᠨ᠎ᠠ᠃ ᠡᠨᠡ ᠬᠤᠶᠠᠷ ᠵᠢᠯ ᠳᠤ ᠥᠭᠡᠷ ᠤᠨ ᠥᠨ᠎ᠠ ᠬᠠᠩᠰᠢ ᠨᠠᠯᠢᠶᠡᠳ ᠥᠨᠳᠤᠷ ᠪᠤᠯᠬᠤᠷ ᠨᠢᠭᠡ ᠪᠥᠯᠥᠭ ᠮᠠᠯᠴᠢᠳ ᠬᠤᠨᠢ ᠪᠠᠨ ᠶᠡᠭᠡᠪᠡᠷ ᠴᠥᠭᠡᠴᠢᠯᠡᠵᠤ᠂ ᠥᠭᠡᠷ ᠮᠠᠯᠵᠢᠬᠤ ᠵᠠᠮ ᠢᠶᠠᠷ ᠵᠠᠮᠨᠠᠵᠤ ᠪᠠᠶᠢᠨ᠎ᠠ᠃ ᠭᠡᠳᠡᠯ᠎ᠠ ᠪᠢᠳᠡ ᠪᠥᠬᠦᠳᠡᠭᠡᠷ ᠥᠭᠡᠷ ᠮᠠᠯᠵᠢᠵᠤ ᠶᠡᠭᠡᠪᠡᠷ ᠥᠰᠭᠡᠬᠦ ᠶᠢᠨ ᠥᠶ᠎ᠠ ᠳᠤ ᠵᠠᠬ᠎ᠠ ᠳᠡᠯᠭᠡᠬᠦᠷ ᠲᠤ ᠥᠭᠡᠷ ᠤᠨ ᠮᠢᠬᠠᠨ ᠤ ᠬᠠᠩᠭᠠᠯᠭ᠎ᠠ ᠶᠡᠭᠡᠳᠡᠵᠤ᠂ ᠥᠨ᠎ᠠ ᠬᠠᠩᠰᠢ ᠨᠢ ᠪᠠᠭᠤᠷᠠᠬᠤ ᠶᠠᠪᠤᠳᠠᠯ ᠴᠤ ᠭᠠᠷᠤᠨ᠎ᠠ ᠭᠡᠳᠡᠭ ᠢ ᠮᠡᠳᠡᠵᠤ ᠠᠪᠤᠯᠳᠠᠢ᠃ ᠡᠨᠡ ᠵᠢᠯ ᠢᠶᠠᠷ ᠠᠪᠴᠤ ᠭᠡᠯᠡᠪᠡᠯ᠂ ᠨᠠᠮᠤᠷ ᠬᠤᠨᠢᠨ ᠤ ᠥᠨ᠎ᠠ ᠭᠡᠳᠦ᠋ᠢᠪᠡᠷ ᠳᠤᠤᠷ᠎ᠠ ᠪᠠᠶᠢᠭᠰᠠᠨ ᠴᠤ ᠡᠪᠤᠯ ᠤᠢᠢᠷᠠᠳᠤᠬᠤ ᠶᠢᠨ ᠥᠶ᠎ᠠ ᠳᠤ ᠨᠠᠯᠢᠶᠡᠳ ᠥᠰᠴᠤ ᠡᠬᠢᠯᠡᠭᠰᠡᠨ︔ ᠳᠥᠷᠥᠬᠦᠥ ᠭᠡᠳᠤᠨ ᠵᠢᠯ ᠮᠠᠯᠴᠢᠳ ᠢᠮᠠᠭ᠎ᠠ ᠪᠠᠨ ᠶᠡᠭᠡᠪᠡᠷ ᠴᠥᠭᠡᠴᠢᠯᠡᠭᠰᠡᠨ ᠠᠴᠠ ᠬᠥᠳᠡᠭᠡ ᠢᠮᠠᠭ᠎ᠠ ᠲᠠᠢ ᠠᠶᠢᠯ ᠳᠤᠩ ᠴᠥᠭᠡᠷᠡᠭᠰᠡᠨ ᠤ ᠤᠯᠠᠮ ᠢᠶᠠᠷ ᠡᠨᠡ ᠵᠢᠯ ᠶᠠᠷᠤ ᠶᠢᠨ ᠬᠤᠷᠠᠭ᠎ᠠ ᠭᠤᠷᠪᠡᠨ ᠵᠠᠭᠤᠭᠠᠳ ᠳᠥᠬᠦᠷᠢᠭ ᠤᠨ ᠨᠠᠭᠠᠨ᠎ᠠ ᠴᠠᠭᠠᠨ᠎ᠠ ᠬᠥᠷᠬᠦ ᠳᠤ ᠪᠠᠷᠤᠭ ᠤᠨ ᠢᠰᠢᠭᠡ ᠪᠥᠷ ᠳᠥᠷᠪᠡᠡ ᠵᠠᠭᠤᠨ ᠳᠥᠬᠦᠷᠢᠭ ᠤᠨ ᠥᠨ᠎ᠠ ᠳᠠᠭᠠᠭᠠᠵᠤ ᠪᠠᠶᠢᠭᠰᠠᠨ ᠨᠢ ︽ᠶᠠᠭᠤᠮ᠎ᠠ ᠬᠤᠪᠤᠷ ᠲᠠᠭᠠᠨ ᠥᠨᠠᠳᠠᠢ︾ ᠭᠡᠳᠡᠭ ᠶᠤᠰᠤ ᠶᠢ ᠬᠠᠷᠠᠭᠤᠯᠵᠤ ᠪᠢᠯᠡ᠃ ᠮᠠᠯᠴᠢᠳ ᠮᠠᠨᠢ ᠬᠤᠨᠢ ᠪᠠᠨ ᠵᠤᠬᠢᠬᠤ ᠭᠡᠮᠵᠢᠶᠡᠨ ᠳᠤ ᠴᠥᠭᠡᠴᠢᠯᠡᠬᠦ ᠠᠴᠠ ᠪᠢᠰᠢ ᠭᠡᠳᠤᠷᠬᠡᠢ ᠶᠡᠭᠡᠪᠡᠷ ᠴᠥᠭᠡᠴᠢᠯᠡᠬᠦ ᠥᠭᠡᠢ ᠪᠤᠯ ᠵᠥᠭᠡᠷ᠃ ᠬᠤᠨᠢ ᠪᠠᠨ ᠪᠠᠷᠤᠭ ᠪᠥᠬᠦᠨ ᠢᠶᠠᠷ ᠨᠢ ᠬᠤᠳᠠᠯᠳᠤᠵᠤ᠂ ᠥᠭᠡᠷ ᠢᠶᠠᠨ ᠶᠡᠭᠡᠪᠡᠷ ᠥᠰᠭᠡᠭᠰᠡᠨ ᠠᠶᠢᠯ ᠢᠶᠠᠷ ᠠᠪᠴᠤ ᠭᠡᠯᠡᠪᠡᠯ ᠭᠡᠷᠪᠡ ᠳᠠᠷᠠᠭ᠎ᠠ ᠵᠢᠯ ᠠᠴᠠ ᠬᠤᠨᠢᠨ ᠤ ᠥᠨ᠎ᠠ ᠶᠡᠭᠡᠪᠡᠷ ᠥᠰᠴᠤ ᠥᠭᠡᠷ ᠤᠨ ᠥᠨ᠎ᠠ ᠶᠡᠭᠡᠪᠡᠷ ᠪᠠᠭᠤᠷᠠᠪᠡᠯ ᠠᠮᠠ ᠪᠠᠨ ᠪᠠᠷᠢᠬᠤ ᠠᠴᠠ ᠥᠭᠡᠷ᠎ᠠ ᠠᠷᠭ᠎ᠠ ᠥᠭᠡᠢ ᠪᠤᠯᠬᠤ ᠪᠢᠰᠢᠤ᠃ ᠢᠩᠬᠢᠬᠦᠯᠡᠷ ᠮᠠᠯᠵᠢᠯ ᠤᠨ ᠤᠬᠠᠭᠠᠨ ᠳᠤ ᠨᠡᠪᠳᠡᠷᠡᠭᠰᠡᠨ ᠮᠠᠯᠴᠢᠳ ᠮᠠᠨᠢ ᠡᠨᠡ ᠶᠤᠰᠤ ᠶᠢ ᠶᠠᠭᠤᠨ ᠠᠨᠳᠠᠬᠤ ᠪᠢᠯᠡ᠂ ᠮᠠᠯ ᠮᠠᠯᠵᠢᠬᠤ ᠳᠠᠭᠠᠨ ᠳᠠᠪᠤᠨ ᠬᠤᠰᠢᠭᠤ ᠮᠠᠯ ᠢᠶᠠᠨ ᠵᠤᠬᠢᠬᠤ ᠬᠠᠷᠢᠴᠠᠯ ᠢᠶᠠᠷ ᠨᠢ ᠮᠠᠯᠵᠢᠬᠤ ᠪᠤᠯ ᠳᠡᠷᠡ ᠴᠢᠭ ᠢᠶᠠᠷ ᠢᠶᠠᠨ ᠮᠠᠯᠵᠢᠯ ᠤᠨ ᠳᠤᠮᠤ ᠤᠬᠠᠭᠠᠨ ᠭᠡᠳᠡᠭ ᠢ ᠮᠠᠨ ᠤ ᠡᠪᠦᠭᠡ ᠳᠡᠭᠡᠳᠤᠰ ᠠᠯᠢ ᠡᠷᠳᠡ ᠠᠴᠠ ᠰᠤᠷᠭᠠᠭᠰᠠᠨ ᠪᠠᠶᠢᠳᠠᠭ ᠢ ᠡᠬᠦᠷᠢᠳᠡ ᠳᠤᠩᠭᠠᠨ ᠪᠤᠳᠤᠯᠬᠢᠯᠠᠭᠤᠰᠢᠳᠠᠢ᠃
 
ᠢᠷᠡᠯᠲᠡ᠄ ᠠᠶᠢᠮᠠᠭ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号