ᠴᠢᠩᠭᠢᠰ ᠤᠨ ᠪᠢᠯᠢᠭ ᠰᠤᠷᠭᠠᠯ
ᠨᠡᠶᠢᠲᠡᠯᠡᠭᠰᠡᠨ ᠴᠠᠭ᠄
2017/1/6
ᠴᠢᠩᠭᠢᠰ ᠤᠨ ᠪᠢᠯᠢᠭ ᠰᠤᠷᠭᠠᠯ     1. ᠰᠠᠷᠠᠭᠤᠯ ᠤᠬᠠᠭᠠᠨ ᠠᠴᠠ ᠢᠯᠡᠭᠦᠦ ᠰᠠᠶᠢᠨ ᠨᠦᠭᠦᠷ ᠪᠠᠶᠢᠲᠠᠭ ᠦᠭᠡᠢ     ᠮᠤᠩᠬᠠᠭ ᠬᠢᠯᠢᠩ ᠠᠴᠠ ᠢᠯᠡᠭᠦᠦ ᠮᠠᠭᠤ ᠲᠠᠶᠢᠰᠤᠨ ᠪᠠᠶᠢᠲᠠᠭ ᠦᠭᠡᠢ     2 .ᠨᠦᠬᠦᠷᠯᠡᠵᠦ ᠶᠠᠪᠤᠬᠤ ᠳᠤ ᠪᠠᠨ ᠤᠮᠠᠷᠲᠠᠭᠰᠠᠨ ᠢ ᠨᠢ ᠰᠠᠨᠠᠭᠤᠯᠵᠤ     ᠤᠨᠲᠠᠭᠰᠠᠨ ᠢ ᠨᠢ ᠰᠡᠷᠡᠭᠦᠯᠵᠦ ᠪᠤᠯᠵᠤᠭᠰᠠᠨ ᠢᠶᠠᠨ ᠪᠠᠬᠢᠯᠡᠵᠦ ᠪᠠᠶᠢᠭᠲᠤᠨ     3. ᠦᠪᠡᠷ ᠤᠨ ᠪᠡᠶ᠎ᠡ ᠶᠢ ᠤᠬᠠᠭᠠᠷᠠᠨ ᠮᠡᠲᠡᠪᠡᠰᠦ     ᠦᠪᠡᠷ᠎ᠡ ᠪᠤᠰᠤᠳ ᠢ ᠲᠤᠯᠢᠲᠠᠵᠤ ᠴᠢᠲᠠᠮᠤᠢ             4. ᠡᠨᠡ ᠪᠡᠶ᠎ᠡ ᠬᠡᠪᠡᠷᠡᠭ ᠪᠤᠯᠪᠠᠰᠤ     ᠡᠷᠬᠢᠮ ᠨᠡᠷ᠎ᠡ ᠮᠦᠩᠬᠡ ᠰᠢᠦ     5.ᠦᠨᠡᠨ ᠰᠤᠷᠭᠠᠯ ᠤᠨ ᠦᠭᠡ ᠬᠡᠳᠦᠢ ᠰᠢᠷᠦᠭᠦᠨ ᠪᠤᠯᠪᠠᠴᠤ ᠠᠪ     ᠭᠤᠶᠠᠴᠢ ᠬᠠᠭᠤᠷᠮᠠᠭ ᠦᠭᠡ ᠵᠦᠭᠡᠯᠡᠨ ᠪᠤᠯᠪᠠᠴᠤ ᠤᠷᠬᠢ     6.ᠠᠶᠢᠯ ᠭᠡᠷ ᠢᠶᠠᠨ ᠲᠤᠳᠤᠮᠳᠠᠵᠤ ᠴᠢᠳᠠᠭᠰᠠᠳ     ᠲᠦᠷᠦ ᠤᠯᠤᠰ ᠢ ᠵᠠᠰᠠᠵᠤ ᠴᠢᠳᠠᠮᠤᠢ    7. ᠵᠠᠬᠢᠷᠤᠭᠴᠢ ᠪᠤᠯᠤᠭᠰᠠᠳ ᠦᠪᠡᠷ ᠤᠨ ᠵᠦᠳᠡᠷᠡᠯ ᠢ ᠮᠡᠳᠡᠪᠡᠰᠦ    ᠪᠤᠰᠤᠳ ᠤᠨ ᠵᠦᠳᠡᠷᠡᠯ ᠢ ᠰᠠᠶ᠋ᠢ ᠮᠡᠳᠡᠮᠦᠢ    8.ᠦᠨᠡᠨ ᠦᠭᠡ ᠳᠤ ᠪᠠᠨ ᠬᠦᠷᠦᠭᠰᠡᠨ ᠬᠦᠮᠦᠨ ᠤ ᠰᠡᠳᠭᠢᠯ ᠪᠠᠬᠢ    ᠦᠴᠦᠬᠡᠨ ᠲᠤᠷᠠᠨ ᠢᠶᠠᠷ ᠶᠠᠪᠤᠵᠤ ᠤᠯᠠᠨ ᠯᠤᠭ᠎ᠠ ᠵᠤᠬᠢ    9. ᠪᠢᠯᠢᠭ ᠲᠠᠢ ᠮᠡᠷᠭᠡᠨ ᠠᠴᠠ  ᠪᠢᠴᠢᠭ ᠲᠠᠢ ᠮᠤᠩᠬᠠᠭ ᠲᠡᠭᠡᠷ᠎ᠡ    10. ᠰᠠᠶᠢᠨ ᠢ ᠰᠤᠷᠴᠤ ᠶᠠᠪᠤᠪᠠᠰᠤ ᠮᠠᠨᠳᠤᠮᠤᠢ  ᠰᠠᠮᠠᠭᠤᠨ ᠢᠶᠠᠷ ᠶᠠᠪᠤᠪᠠᠰᠤ ᠰᠦᠨᠦᠮᠦᠢ    11. ᠬᠡᠯᠡᠭᠰᠡᠨ ᠢᠶᠠᠷ ᠢᠶᠠᠨ ᠬᠢᠭᠰᠡᠳ ᠤᠨ ᠦᠭᠡ ᠰᠠᠶᠢᠨ    ᠬᠡᠢ ᠬᠤᠭᠤᠰᠤᠨ ᠶᠠᠷᠢᠭᠰᠠᠳ ᠤᠨ ᠦᠭᠡ ᠮᠠᠭᠤ    12. ᠡᠷᠳᠡᠮ ᠢ ᠰᠤᠷᠬᠤᠢ ᠲᠤᠷ ᠦᠴᠦᠬᠡᠨ ᠵᠤᠪᠠᠪᠠᠴᠤ    ᠦᠨᠢᠳᠡ ᠵᠢᠷᠭᠠᠬᠤ ᠶᠢᠨ  ᠲᠤᠯᠠ ᠬᠢᠴᠢᠶᠡᠨ ᠦᠵᠡᠬᠦ ᠬᠡᠷᠡᠭᠳᠡᠢ    13. ᠬᠡᠷᠡᠭ ᠦᠢᠯᠡ ᠬᠡᠳᠦᠢ ᠦᠴᠦᠭᠡᠨ ᠪᠤᠯᠪᠠᠴᠤ    ᠬᠢᠴᠢᠶᠡᠯ ᠠᠴᠠ ᠠᠩᠵᠢᠷᠠᠪᠠᠰᠤ ᠦᠯᠦ ᠪᠦᠳᠦᠶᠦ    14.ᠰᠠᠨᠠᠭ᠎ᠠ ᠶᠢ ᠦᠨᠡᠨ ᠴᠢᠭ ᠲᠤᠷ ᠬᠦᠷᠭᠡᠭᠳᠦᠨ  ᠰᠠᠷᠠᠭᠤᠯ ᠭᠡᠭᠡᠨ ᠪᠠᠳᠦ ᠮᠡᠷᠭᠡᠨ ᠪᠤᠯᠤᠭᠳᠤᠨ        15. ᠬᠦᠮᠦᠨ ᠤ ᠭᠡᠮ ᠢ ᠶᠠᠭᠠᠷᠠᠨ ᠪᠤᠤ ᠭᠠᠷᠭ᠎ᠠ  ᠦᠪᠡᠷ ᠤᠨ ᠭᠡᠮ ᠢ ᠤᠷᠢᠳᠠ ᠰᠢᠭᠦᠮᠵᠢᠯᠡ    16.ᠡᠪᠳᠡᠷᠡᠬᠦ ᠤᠴᠢᠷ ᠲᠤ ᠡᠶ᠎ᠡ ᠵᠦᠢ ᠶᠢ ᠡᠷᠢ     ᠠᠯᠠᠯᠳᠤᠬᠤ ᠲᠠᠶᠢᠰᠤᠨ ᠳᠤᠷ ᠠᠷᠭ᠎ᠠ ᠮᠡᠭᠡ ᠶᠢ ᠬᠡᠷᠡᠭᠯᠡ    17.ᠬᠠᠭᠠᠴᠠᠰᠢ ᠦᠭᠡᠢ ᠨᠦᠬᠦᠷ ᠲᠡᠭᠡᠨ ᠮᠠᠷᠳᠠᠰᠢ ᠦᠭᠡᠢ ᠮᠠᠭᠤ ᠦᠭᠡ ᠶᠢ ᠪᠤᠤ ᠬᠡᠯᠡᠭᠳᠦᠨ        18. ᠵᠤᠷᠢᠭ ᠪᠠᠶᠢᠪᠠᠯ ᠪᠦᠳᠦᠬᠦ ᠬᠤᠯᠠ ᠦᠭᠡᠢ  ᠵᠠᠮ ᠪᠠᠶᠢᠪᠠᠯ ᠬᠦᠷᠬᠦ ᠬᠤᠯᠠ ᠦᠭᠡᠢ    19. ᠬᠦᠪᠡᠭᠦᠨ ᠬᠡᠳᠦᠢ ᠰᠠᠶᠢᠨ ᠪᠤᠯᠪᠠᠴᠤ ᠰᠤᠷᠭᠠᠯ ᠦᠭᠡᠢ ᠪᠤᠯ ᠰᠠᠴᠠᠨ ᠦᠯᠦ ᠪᠤᠯᠬᠤ     20.ᠪᠦᠯᠬᠦᠮᠳᠡᠨ ᠨᠢᠭᠳᠠᠷᠠᠪᠠᠰᠤ ᠬᠦᠴᠦᠷᠬᠡᠭᠵᠢᠨ᠎ᠡ  ᠬᠠᠭᠠᠴᠠᠨ ᠰᠠᠯᠪᠠᠰᠤ ᠰᠦᠨᠦᠮᠦᠢ    21. ᠬᠦᠮᠦᠨ ᠤ ᠰᠡᠳᠭᠢᠯ ᠢ ᠤᠯᠪᠠᠰᠤ ᠲᠠᠷᠤᠢ ᠲᠡᠯᠡᠭᠡᠢ ᠳ᠋ᠡᠬᠢᠨ ᠢ ᠤᠯᠪᠠ ᠬᠡᠮᠡᠮᠦᠢ    ᠬᠦᠮᠦᠨ ᠤ ᠰᠡᠳᠬᠢᠯ ᠢ ᠠᠯᠳᠠᠪᠠᠰᠤ ᠲᠡᠷᠦᠢ ᠲᠡᠯᠡᠬᠡᠢ ᠳ᠋ᠡᠬᠢᠨ ᠢ ᠠᠯᠳᠠᠪᠠ ᠬᠡᠮᠡᠮᠦᠢ    22.ᠡᠪ ᠨᠠᠶᠢᠷᠠᠮᠳᠠᠯ ᠠᠴᠠ ᠢᠯᠡᠬᠦᠦ ᠶᠡᠭᠡ ᠬᠦᠴᠦ ᠡᠨᠡ ᠲᠡᠯᠡᠬᠡᠢ ᠳᠤ ᠦᠭᠡᠢ    23.ᠰᠡᠳᠭᠢᠯ ᠬᠡᠮᠡᠭᠴᠢ ᠪᠡᠶ᠎ᠡ ᠶᠢᠨ ᠡᠵᠡᠨ ᠮᠤᠩᠬᠠᠷᠠᠪᠠᠰᠤ  ᠪᠡᠶ᠎ᠡ ᠲᠠᠷᠤᠢ ᠬᠡᠪᠳᠡᠮᠦᠢ    24. ᠡᠵᠡᠨ ᠬᠡᠮᠡᠭᠴᠢ ᠤᠯᠤᠰ ᠤᠨ ᠬᠠᠭᠠᠨ ᠡᠵᠡᠨ ᠲᠠᠰᠢᠶᠠᠷᠠᠪᠠᠰᠤ    ᠤᠯᠤᠰ ᠠᠨᠤ ᠲᠠᠷᠤᠢ ᠮᠦᠬᠦᠮᠦᠢ    25. ᠮᠡᠷᠭᠡᠨ ᠯᠦᠭᠡ ᠬᠠᠨᠢᠯᠠᠪᠠᠰᠤ ᠰᠠᠴᠡᠨ ᠪᠤᠯᠤᠶᠤ    ᠦᠨᠡᠨ ᠬᠤᠳᠠᠯ ᠢ ᠢᠯᠭᠠᠪᠠᠰᠤ ᠮᠡᠷᠭᠡᠨ ᠬᠦᠮᠦᠨ ᠪᠤᠯᠤᠶᠤ    26  ᠪᠡᠶ᠎ᠡ ᠪᠠᠭᠠᠳᠤᠷ ᠪᠤᠯᠪᠠᠰᠤ ᠨᠢᠭᠡᠨ ᠦᠶ᠎ᠡ ᠶᠢᠨ ᠪᠠᠭᠠᠳᠤᠷ    ᠪᠢᠯᠢᠭ ᠪᠠᠭᠠᠳᠤᠷ ᠪᠤᠯᠪᠠᠰᠤ ᠲᠦᠮᠡᠨ ᠦᠶ᠎ᠡ ᠶᠢᠨ ᠪᠠᠭᠠᠳᠤᠷ    27. ᠰᠡᠴᠡᠨ ᠮᠡᠷᠭᠡᠨ ᠲᠦᠰᠢᠮᠡᠯ ᠤᠯᠤᠰ ᠤᠨ ᠡᠷᠳᠡᠨᠢ    ᠰᠠᠶᠢᠨ ᠬᠠᠳᠤᠨ ᠢᠨᠦ ᠭᠡᠷ ᠤᠨ ᠡᠷᠳᠡᠨᠢ     28.ᠡᠳ᠋ ᠢᠶᠠᠷ ᠪᠡᠶ᠎ᠡ ᠪᠠᠨ ᠴᠢᠮᠡᠭᠰᠡᠨ ᠠᠴᠠ    ᠡᠷᠳᠡᠮ ᠢᠶᠠᠷ ᠪᠡᠶ᠎ᠡ ᠪᠠᠨ ᠴᠢᠮᠡᠭᠰᠡᠨ ᠲᠡᠭᠡᠷ᠎ᠡ  
 
ᠢᠷᠡᠯᠲᠡ᠄ ᠬᠤᠯᠪᠣᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号