ᠴᠢᠩᠬᠢᠰ ᠤᠨ ᠲᠦᠷᠪᠡᠨ ᠬᠦᠯᠦᠭ — ᠴᠢᠯᠠᠭᠤᠨ
ᠨᠡᠶᠢᠲᠡᠯᠡᠭᠰᠡᠨ ᠴᠠᠭ᠄
2017/10/23
     ᠴᠢᠯᠠᠭᠤᠨ ᠲᠠᠶᠢᠴᠢᠭᠤᠳ ᠠᠶᠢᠮᠠᠭ ᠤᠨ ᠰᠦᠯᠳᠦᠰᠦᠨ ᠤᠪᠤᠭᠳᠠᠨ᠃ ᠴᠢᠯᠠᠭᠤᠨ ᠤ ᠡᠴᠢᠬᠡ ᠰᠤᠷᠬᠠᠨ ᠰᠢᠷ᠎ᠠ ᠤᠤᠯ ᠳᠠᠭᠠᠨ ᠲᠠᠶᠢᠴᠢᠭᠤᠳ ᠠᠶᠢᠮᠠᠭ ᠤᠨ ᠲᠦᠳᠦᠬᠡ ᠶᠢᠨ ᠭᠡᠷ ᠤᠨ ᠵᠠᠷᠤᠴᠠ ᠪᠠᠶᠢᠵᠠᠢ᠃ ᠴᠢᠩᠭᠢᠰ ᠬᠠᠭᠠᠨ ᠪᠠᠭ᠎ᠠ ᠳᠠᠭᠠᠨ ᠲᠠᠶᠢᠴᠢᠭᠤᠳ ᠠᠶᠢᠮᠠᠭ ᠤᠨ ᠲᠠᠷᠭᠤᠳᠠᠢ ᠬᠢᠷᠢᠯᠳᠤᠭ ᠲᠤ ᠪᠠᠷᠢᠭᠳᠠᠭᠠᠳ ᠲᠤᠳᠠᠭᠠᠨ ᠭᠠᠷᠴᠤ᠂ ᠤᠰᠤᠨ ᠤ ᠬᠠᠷᠭᠢ ᠳᠤ ᠬᠡᠪᠳᠡᠵᠤ ᠪᠠᠶᠢᠳᠠᠯ᠎ᠠ ᠰᠤᠷᠬᠠᠨ ᠰᠢᠷ᠎ᠠ ᠤᠯᠵᠤ ᠦᠵᠡᠭᠡᠳ᠄ ︽ᠴᠢᠮ᠎ᠡ ᠳᠤ ᠡᠨᠡ ᠮᠡᠳᠣ ᠠᠷᠭ᠎ᠠ ᠤᠬᠠᠭᠠᠨ ᠪᠦᠷᠢᠨ ᠮᠦᠷᠳᠡᠬᠡᠨ ᠨᠢᠭᠤᠷ ᠲᠡᠭᠡᠨ ᠭᠠᠯ ᠲᠠᠢ᠂ ᠨᠢᠳᠦᠨ ᠳᠡᠭᠡᠨ ᠴᠤᠭ ᠲᠠᠢ ᠲᠤᠯᠠ ᠲᠠᠶᠢᠴᠢᠭᠤᠳ ᠠᠬ᠎ᠠ ᠲᠡᠬᠦᠦ ᠨᠠᠷ ᠲᠠᠭᠠᠨ ᠡᠶᠢᠨ ᠬᠦ ᠠᠳᠠᠭᠠᠷᠬᠠᠬᠤ ᠠᠵᠢ᠃ ᠴᠢ ᠢᠩᠭᠢᠵᠤ ᠬᠡᠪᠳᠡᠵᠤ ᠪᠠᠶᠢᠭᠠᠷᠠᠢ᠂ ᠪᠢ ᠴᠢᠮ᠎ᠡ ᠶᠢ ᠵᠢᠭᠠᠵᠤ ᠦᠭᠭᠦ ᠦᠭᠡᠢ︾ ᠭᠡᠳ ᠦᠩᠭᠡᠷᠡᠨ ᠭᠠᠷᠪᠠ᠃ ᠲᠠᠷᠭᠤᠳᠠᠢ ᠬᠢᠷᠢᠯᠳᠤᠭ ᠲᠠᠬᠢᠵᠤ ᠬᠡᠷᠬᠢᠨ ᠡᠷᠢᠬᠦ ᠶᠢ ᠵᠦᠪᠯᠡᠬᠦ ᠳᠤ ᠰᠤᠷᠬᠠᠨ ᠰᠢᠷ᠎ᠠ᠄ ︽ᠬᠦᠮᠦᠨ ᠪᠦᠷᠢ ᠶᠠᠪᠤᠭᠰᠠᠨ ᠮᠦᠷ ᠢᠶᠠᠷ ᠢᠶᠠᠨ ᠬᠡᠳᠡᠷᠬᠦ ᠶᠠᠪᠣᠵᠤ᠂ ᠨᠡᠩᠵᠢᠭᠰᠡᠨ ᠦᠭᠡᠢ ᠭᠠᠵᠠᠷ ᠢᠶᠠᠷ ᠲᠠᠬᠢᠨ ᠰᠢᠬᠦᠵᠤ ᠡᠷᠢᠶ᠎ᠡ︾ ᠬᠡᠰᠡᠨ ᠳᠤ ︽ᠵᠠ︕︾ ᠬᠡᠵᠤ ᠵᠦᠪᠰᠢᠶᠡᠷᠡᠬᠡᠳ᠂ ᠬᠦᠮᠦᠨ ᠪᠦᠷᠢ ᠶᠠᠪᠤᠭᠰᠠᠨ ᠮᠦᠷ ᠢᠶᠠᠷ ᠢᠶᠠᠨ ᠲᠠᠬᠢᠨ ᠶᠠᠪᠤᠵᠤ ᠡᠷᠢᠪᠡ᠃ ᠡᠨᠡ ᠦᠶ᠎ᠡ ᠳᠤ ᠮᠦᠨ ᠰᠤᠷᠬᠠᠨ ᠰᠢᠷ᠎ᠠ ᠲᠠᠭᠠᠷᠠᠯᠳᠣᠵᠣ᠄ ︽ᠲᠠᠶᠢᠴᠢᠭᠤᠳ ᠠᠬ᠎ᠠ ᠲᠡᠬᠦᠦ ᠨᠠᠷ ᠴᠢᠨᠢ ᠠᠷᠠᠭᠠᠨ ᠰᠢᠳᠣ ᠪᠠᠨ ᠪᠢᠯᠡᠬᠦᠳᠡᠵᠤ ᠶᠠᠪᠤᠵᠤ ᠪᠤᠢ᠃ ᠴᠢ ᠬᠠᠳᠠᠭᠤᠵᠢᠨ ᠬᠡᠪᠳᠡᠵᠤ ᠪᠤᠢ︕︾ ᠭᠡᠳ ᠦᠩᠭᠡᠷᠡᠵᠤ ᠭᠠᠷᠪᠠ᠃ ᠲᠡᠭᠡᠭᠡᠳ ᠲᠠᠬᠢᠵᠤ ᠮᠦᠨ ᠬᠡᠷᠬᠢᠨ ᠡᠷᠢᠬᠦ ᠶᠢ ᠵᠦᠪᠯᠡᠯᠳᠦᠬᠦ ᠳᠤ ᠰᠤᠷᠬᠠᠨ ᠰᠢᠷ᠎ᠠ᠄ ︽ᠲᠠᠨ ᠤ ᠲᠠᠶᠢᠴᠢᠭᠤᠳ ᠬᠡᠭᠡᠨ ᠡᠳᠦᠷ ᠭᠡᠷᠡᠯᠳᠣ ᠨᠠᠷᠠᠨ ᠤ ᠲᠤᠤᠷ᠎ᠠ᠂ ᠪᠤᠰᠤᠭ᠎ᠠ ᠬᠦᠮᠦᠨ ᠢ ᠠᠯᠳᠠᠭᠠᠳ ᠳ᠋ᠤᠬᠡ ᠬᠠᠷᠠᠩᠭᠤᠢ ᠰᠦᠨᠢ ᠬᠠᠮᠢᠭ᠎ᠠ ᠠᠴᠠ ᠣᠯᠬᠤ ᠨᠢ ᠪᠤᠢ︖ ᠬᠦᠮᠦᠨ ᠪᠦᠷᠢ ᠶᠠᠪᠤᠭᠰᠠᠨ ᠮᠦᠷ ᠢᠶᠠᠷ ᠢᠶᠠᠨ ᠪᠠᠰᠠ ᠨᠢᠭᠡ ᠤᠳᠠᠭ᠎ᠠ ᠰᠢᠬᠦᠨ ᠦᠵᠡᠵᠤ ᠲᠠᠷᠬᠠᠭᠠᠳ ᠮᠠᠷᠭᠠᠰᠢ ᠴᠤᠭᠯᠠᠷᠠᠵᠤ ᠡᠷᠢᠶ᠎ᠡ᠃ ᠲᠦᠩᠭᠡ ᠲᠠᠢ ᠬᠦᠮᠦᠨ ᠬᠠᠮᠢᠭ᠎ᠠ ᠤᠴᠢᠬᠤ ᠪᠤᠢ︖︾ ᠬᠡᠰᠡᠨ ᠳᠤ ᠪᠦᠬᠦᠳᠡᠬᠡᠷ ︽ᠵᠠ︾ ᠬᠡᠵᠡᠬᠡᠵᠤ ᠪᠤᠴᠠᠵᠤ ᠡᠷᠢᠬᠦ ᠪᠠᠷ ᠶᠠᠪᠤᠪᠠ᠃ ᠰᠤᠷᠬᠠᠨ ᠰᠢᠷ᠎ᠠ ᠪᠠᠰᠠ ᠲᠠᠭᠠᠷᠢᠨ ᠢᠷᠡᠵᠤ᠄ ︽ᠤᠳᠤ ᠨᠢᠭᠡ ᠤᠳᠠᠭ᠎ᠠ ᠡᠷᠢᠬᠡᠳ ᠲᠠᠷᠬᠠᠵᠤ᠂ ᠮᠠᠷᠭᠠᠰᠢ ᠡᠷᠢᠬᠦ ᠪᠠᠷ ᠪᠤᠯᠵᠤᠪᠠ᠃ ᠦᠨᠦ ᠮᠠᠨ ᠢ ᠲᠠᠷᠬᠠᠮᠠᠭᠴᠠ ᠡᠵᠢ ᠪᠤᠯᠤᠨ ᠲᠡᠬᠦᠦ ᠨᠠᠷ ᠢᠶᠠᠨ ᠡᠷᠢᠬᠦ ᠪᠠᠷ ᠶᠠᠪᠤ᠃ ᠬᠡᠷᠪᠡ ᠬᠦᠮᠦᠨ ᠳᠤ ᠲᠤᠬᠢᠶᠠᠯᠳᠤᠪᠠᠯ ᠨᠠᠮᠠᠢᠢ ᠦᠵᠡᠪᠡ ᠬᠡᠵᠤ ᠪᠢᠳᠡᠬᠡᠢ ᠬᠡᠯᠡᠩᠳᠦᠨ︕︾ ᠬᠡᠵᠤ ᠲᠡᠮᠦᠵᠢᠨ ᠳᠤ ᠬᠡᠯᠡᠬᠡᠳ ᠦᠩᠭᠡᠷᠡᠵᠤ ᠭᠠᠷᠪᠠ᠃ ᠲᠡᠳᠡᠨ ᠢ ᠲᠠᠷᠬᠠᠮᠠᠭᠴᠠ ᠲᠡᠮᠦᠵᠢᠨ ︽ᠲᠦᠷᠦᠬᠦᠦ ᠬᠡᠳᠦᠨ ᠡᠳᠦᠷ ᠠᠶᠢᠯ ᠬᠡᠰᠦᠵᠤ ᠬᠤᠨᠤᠬᠤ ᠳᠤ ᠰᠤᠷᠬᠠᠨ ᠰᠢᠷ᠎ᠠ ᠶᠢᠨ ᠬᠡᠷ ᠲᠤ ᠬᠤᠨᠤᠪᠠᠯ ᠲᠡᠬᠦᠨ ᠤ ᠬᠦᠪᠡᠬᠦᠨ ᠴᠢᠮᠪᠠᠢ᠂ ᠴᠢᠯᠠᠭᠤᠨ ᠬᠤᠶᠠᠷ ᠨᠠᠮᠠᠢᠢ ᠦᠷᠦ ᠡᠪᠡᠳᠦᠨ ᠬᠠᠶᠢᠷᠠᠯᠠᠵᠤ ᠰᠦᠨᠢ ᠪᠦᠷᠢ ᠬᠢᠨᠵᠢ ᠭᠠᠪᠠ ᠶᠢ ᠮᠢᠨᠢ ᠰᠤᠯᠠᠯᠠᠨ ᠥᠭᠴᠤ ᠬᠤᠨᠤᠭᠤᠯᠬᠤ ᠪᠢᠯᠡ᠃ ᠡᠳᠦᠬᠡ ᠪᠠᠰᠠ ᠰᠤᠷᠬᠠᠨ ᠰᠢᠷ᠎ᠠ ᠨᠠᠮᠠᠢᠢ ᠦᠵᠡᠵᠤ ᠪᠠᠶᠢᠭᠠᠳ ᠵᠢᠭᠠᠵᠤ ᠦᠭᠭᠦᠭᠰᠡᠨ ᠦᠭᠡᠢ ᠦᠩᠭᠡᠷᠡᠪᠡ᠃ ᠲᠡᠳᠡ ᠨᠠᠮᠠᠢᠢ ᠠᠪᠤᠷᠠᠵᠤ ᠮᠡᠳᠡᠨ᠎ᠡ︾ ᠬᠡᠵᠤ ᠪᠤᠳᠤᠭᠠᠳ ᠰᠤᠷᠬᠠᠨ ᠰᠢᠷ᠎ᠠ ᠶᠢᠨ ᠬᠡᠷ ᠢ ᠴᠢᠭᠯᠡᠨ ᠤᠨᠤᠨ ᠮᠦᠷᠡᠨ ᠦᠬᠡᠳᠡ ᠶᠠᠪᠤᠪᠠ᠃ ᠰᠤᠷᠬᠠᠨ ᠰᠢᠷ᠎ᠠ ᠶᠢᠨ ᠬᠡᠷ ᠨᠢ ᠦᠷᠬᠦᠯᠵᠢ ᠰᠦᠨᠢ ᠲᠦᠯᠢ ᠦᠩᠭᠡᠷᠡᠳᠡᠯ᠎ᠡ ᠬᠡᠬᠦᠦ ᠶᠢᠨ ᠰᠦ ᠪᠡᠨ᠎ᠡ ᠰᠠᠮᠤᠷᠴᠤ ᠠᠶᠢᠷᠠᠭ ᠢᠶᠠᠨ ᠪᠦᠯᠢᠬᠦ ᠶᠢ ᠲᠡᠮᠦᠵᠢᠨ ᠮᠡᠳᠡᠬᠦ ᠲᠤᠯᠠ ᠪᠠᠶᠢᠨ ᠪᠠᠶᠢᠨ ᠰᠤᠨᠤᠰᠳᠠᠬᠤ ᠪᠦᠯᠢᠬᠦᠷ ᠤᠨ ᠴᠢᠮᠡᠭᠡ ᠶᠢ ᠴᠢᠩᠨᠠᠭᠰᠠᠭᠠᠷ ᠬᠦᠷᠴᠤ ᠤᠴᠢᠭᠰᠠᠨ ᠳᠤ ᠰᠤᠷᠬᠠᠨ ᠰᠢᠷ᠎ᠠ᠄ ︽ᠪᠢ ᠴᠢᠮ᠎ᠡ ᠳᠤ ᠡᠬᠡ ᠪᠠ ᠲᠡᠬᠦᠦ ᠨᠠᠷ ᠢᠶᠠᠨ ᠡᠷᠢᠬᠦ ᠪᠡᠷ᠎ᠡ ᠶᠠᠪᠤ ᠬᠡᠰᠡᠨ ᠪᠢᠰᠢᠦ᠂ ᠶᠠᠭᠤᠨ ᠳᠤ ᠠᠳᠡ ᠢᠷᠡᠪᠡ︖︾ ᠭᠡᠪᠡ᠃ ᠲᠡᠬᠦᠨ ᠤ ᠬᠦᠪᠡᠬᠦᠨ ᠴᠢᠮᠪᠠᠢ᠂ ᠴᠢᠯᠠᠭᠤᠨ ᠬᠤᠶᠠᠷ᠄ ︽ᠪᠤᠯᠵᠤᠮᠤᠷ ᠰᠢᠪᠠᠭᠤ᠂ ᠪᠦᠷᠬᠦᠳ ᠠᠴᠠ ᠲᠤᠳᠠᠭᠠᠵᠤ ᠪᠤᠳᠠ ᠶᠢᠨ ᠢᠷᠤᠭᠠᠷ ᠲᠤ ᠰᠢᠷᠭᠤᠪᠠᠯ ᠪᠤᠳᠠ ᠲᠡᠬᠦᠨ ᠢ ᠬᠠᠮᠠᠭᠠᠯᠠᠵᠤ ᠠᠪᠤᠷᠠᠬᠤ ᠪᠠᠶᠢᠳᠠᠯ᠎ᠠ᠂ ᠤᠳᠤ ᠪᠢᠳᠡᠨ ᠳᠤ ᠬᠦᠮᠦᠨ ᠬᠤᠷᠭᠤᠳᠠᠵᠤ ᠢᠷᠡᠬᠦ ᠳᠤ ᠴᠢᠩᠭᠢᠵᠤ ᠬᠡᠯᠡᠵᠤ ᠶᠠᠭᠠᠬᠢᠨ ᠪᠣᠯᠬᠤ ᠪᠣᠢ︖︾ ᠬᠡᠵᠤ ᠡᠴᠢᠬᠡ ᠪᠡᠨ᠎ᠡ ᠪᠤᠷᠤᠭᠤᠰᠢᠶᠠᠵᠤ᠂ ᠭᠠᠪᠠ ᠬᠢᠨᠵᠢ ᠶᠢ ᠨᠢ ᠡᠪᠳᠡᠵᠤ ᠬᠠᠶᠠᠭᠠᠳ ᠲᠡᠮᠦᠵᠢᠨ ᠢ ᠨᠤᠤᠰᠤᠨ ᠲᠡᠷᠬᠡᠨ ᠲᠤᠳᠣᠷ᠎ᠠ ᠪᠠᠨ ᠨᠢᠭᠤᠵᠤ᠂ ᠬᠠᠳᠠᠭᠠᠨ ᠨᠡᠷᠡᠳᠣ ᠥᠬᠢᠨ ᠲᠡᠬᠦᠦ ᠪᠠᠷ ᠢᠶᠠᠨ ᠠᠰᠠᠷᠠᠭᠤᠯᠪᠠ᠃ ᠮᠠᠷᠭᠠᠰᠢ ᠦᠷᠯᠦᠬᠡ ᠨᠢ ᠲᠠᠶᠢᠴᠢᠭᠤᠳ ᠡᠷᠳᠡᠯᠡᠨ ᠪᠤᠰᠴᠤ ︽ᠭᠠᠪᠠ ᠬᠢᠨᠵᠢ ᠲᠠᠢ ᠬᠦᠮᠦᠨ ᠬᠡᠳᠦᠢ ᠬᠤᠯᠠ ᠶᠠᠪᠤᠵᠤ ᠲᠡᠶᠢᠯᠬᠦ ᠪᠢᠯᠡ᠃ ᠯᠠᠪ ᠮᠠᠨᠠᠶᠢᠬᠢᠨ ᠨᠢᠭᠤᠭᠰᠠᠨ ᠪᠢᠵᠡ᠃ ᠦᠪᠡᠷ ᠵᠠᠭᠤᠷ᠎ᠠ ᠶᠢᠨ ᠠᠶᠢᠯ ᠤᠳ ᠢᠶᠠᠨ ᠨᠡᠩᠵᠢᠶ᠎ᠡ︾ ᠬᠡᠵᠤ ᠠᠶᠢᠯ ᠪᠦᠷᠢ ᠶᠢ ᠨᠡᠩᠵᠢᠭᠰᠡᠬᠡᠷ ᠰᠤᠷᠬᠠᠨ ᠰᠢᠷ᠎ᠠ ᠶᠢᠨ ᠳᠤ ᠢᠷᠡᠵᠤ᠂ ᠬᠡᠷ ᠲᠡᠷᠬᠡ ᠶᠢ ᠨᠢ ᠨᠡᠩᠵᠢᠭᠰᠡᠬᠡᠷ ᠨᠤᠤᠰᠤᠨ ᠲᠡᠷᠬᠡᠨ ᠳᠤ ᠬᠦᠷᠦᠬᠡᠳ ᠠᠮᠠᠰᠠᠷ ᠲᠡᠰᠬᠦᠢ ᠨᠤᠤᠰᠤ ᠶᠢ ᠲᠠᠳᠠᠵᠤ ᠲᠡᠮᠦᠵᠢᠨ ᠤ ᠭᠦᠯ ᠳᠤ ᠬᠦᠷᠦᠭᠰᠡᠨ᠎ᠡ ᠰᠤᠷᠬᠠᠨ ᠰᠢᠷ᠎ᠠ᠄ ︽ᠡᠶᠢᠮᠤ ᠬᠠᠯᠠᠭᠤᠨ ᠴᠠᠭ ᠲᠤ ᠨᠤᠤᠰᠤᠨ ᠲᠤᠳᠤᠷ᠎ᠠ ᠠᠮᠢᠳᠣ ᠬᠦᠮᠦᠨ ᠶᠠᠭᠠᠬᠢᠨ ᠪᠠᠶᠢᠵᠤ ᠪᠣᠯᠬᠤ ᠪᠤᠢ︖ ᠰᠡᠳᠬᠢᠯ ᠢᠶᠠᠨ ᠬᠠᠨᠤᠳᠠᠯ᠎ᠠ ᠡᠷᠢ︾ ᠬᠡᠪᠡ᠃ ᠨᠡᠩᠵᠢᠬᠦᠯ ᠤᠨ ᠬᠦᠮᠦᠰ ᠦᠨᠡᠮᠰᠢᠬᠡᠳ ᠲᠠᠷᠬᠠᠨ ᠶᠠᠪᠤᠪᠠ᠃ ᠲᠡᠳᠡᠨ ᠢ ᠶᠠᠪᠤᠭᠰᠠᠨ ᠤ ᠬᠤᠶᠢᠨ᠎ᠡ᠂ ᠰᠤᠷᠬᠠᠨ ᠰᠢᠷ᠎ᠠ ᠲᠡᠮᠦᠵᠢᠨ ᠢ ᠨᠤᠤᠰᠤᠨ ᠲᠡᠷᠬᠡᠨ ᠠᠴᠠ ᠭᠠᠷᠭᠠᠭᠠᠳ᠄ ︽ᠴᠢ ᠨᠠᠮᠠᠢᠢ ᠦᠨᠡᠰᠤ ᠪᠤᠯᠭᠠᠨ ᠬᠡᠶᠢᠰᠬᠡᠬᠦ ᠠᠯᠳᠠᠪᠠ᠃ ᠤᠳᠤ ᠲᠠᠷᠤᠢ ᠡᠬᠡ ᠬᠢᠬᠡᠳ ᠲᠡᠬᠦᠦ ᠨᠠᠷ ᠢᠶᠠᠨ ᠡᠷᠢᠬᠦ ᠪᠠᠷ ᠶᠠᠪᠤ︕︾ ᠬᠡᠵᠤ ᠠᠮᠠ ᠴᠠᠭᠠᠨ ᠡᠷᠮᠡᠭ ᠬᠤᠯᠠᠨᠴᠢ ᠬᠡᠬᠦᠦ ᠪᠠᠨ ᠤᠨᠤᠭᠤᠯᠵᠤ ᠡᠮᠡᠬᠡᠯ ᠤᠨ ᠭᠠᠨᠵᠤᠭ᠎ᠠ ᠳᠤᠨᠢ ᠲᠠᠷᠭᠤᠨ ᠬᠤᠷᠠᠭᠠᠨ ᠮᠢᠬ᠎ᠠ᠂ ᠬᠦᠬᠦᠦᠷ ᠲᠠᠢ ᠠᠶᠢᠷᠠᠭ ᠲᠡᠬᠦᠵᠢᠯᠡᠬᠡᠳ ᠶᠠᠪᠤᠭᠤᠯᠪᠠ᠃ 1200 ᠣᠨ ᠳᠤ ᠴᠢᠩᠭᠢᠰ ᠬᠠᠭᠠᠨ ᠤᠨᠤᠨ ᠮᠦᠷᠡᠨ ᠤ ᠬᠦᠪᠡᠬᠡᠨ᠎ᠡ ᠲᠠᠶᠢᠴᠢᠭᠤᠳ ᠠᠶᠢᠮᠠᠭ ᠢ ᠪᠠᠶᠢᠯᠳᠣᠨ ᠰᠦᠨᠦᠬᠡᠬᠦ ᠦᠶᠡᠰ᠂ ᠲᠦᠷᠪᠡᠭᠰᠡᠨ ᠢᠷᠬᠡᠳ ᠢ ᠨᠡᠬᠡᠮᠵᠢᠯᠡᠨ ᠶᠠᠪᠤᠵᠤ ᠪᠠᠶᠢᠳᠠᠯ᠎ᠠ ᠲᠡᠪᠠᠭᠠᠨ ᠤ ᠤᠷᠤᠢ ᠲᠡᠬᠡᠷᠡ ᠤᠯᠠᠭᠠᠨ ᠲᠡᠪᠡᠯ ᠲᠠᠢ ᠨᠢᠭᠡᠨ ᠪᠦᠰᠡᠬᠦᠢ ᠲᠠᠭᠤᠨ ᠲᠠᠯᠪᠢᠨ ᠤᠬᠢᠯᠠᠵᠤ᠄ ︽ᠲᠡᠮᠦᠵᠢᠨ︾ ᠬᠡᠮᠡᠨ ᠬᠠᠰᠬᠢᠷᠴᠤ ᠪᠠᠶᠢᠬᠤ ᠰᠤᠨᠤᠰᠳᠠᠪᠠ᠃ ᠴᠢᠩᠭᠢᠰ ᠬᠠᠭᠠᠨ ᠬᠦᠮᠦᠨ ᠶᠠᠪᠤᠭᠤᠯᠵᠤ ᠤᠴᠢᠷ ᠢ ᠠᠰᠠᠭᠤᠯᠭᠠᠭᠰᠠᠨ ᠳᠤ ᠲᠡᠷᠡ ᠪᠦᠰᠡᠬᠦᠢ ᠄ ︽ᠪᠢ ᠪᠣᠯ ᠰᠤᠷᠬᠠᠨ ᠰᠢᠷ᠎ᠠ ᠶᠢᠨ ᠥᠬᠢᠨ ᠬᠠᠳᠠᠭᠠᠨ ᠶᠤᠮ᠃ ᠮᠢᠨᠤ ᠨᠦᠬᠦᠷ ᠴᠡᠷᠢᠭ ᠲᠤ ᠪᠠᠷᠢᠭᠳᠠᠵᠤ ᠠᠯᠠᠭᠳᠠᠬᠤ ᠬᠡᠵᠤ ᠪᠠᠶᠢᠬᠤ ᠲᠤᠯᠠ ᠲᠡᠮᠦᠵᠢᠨ ᠢ ᠬᠠᠰᠬᠢᠷᠴᠤ ᠠᠪᠤᠷᠠᠭᠤᠯᠬᠤ ᠬᠡᠰᠡᠨ ᠪᠢᠯᠡ︕︾ ᠬᠡᠪᠡ᠃ ᠴᠢᠩᠭᠢᠰ ᠬᠠᠭᠠᠨ ᠡᠭᠦᠨ ᠢ ᠰᠤᠨᠤᠰᠮᠠᠭᠴᠠ ᠲᠠᠷᠤᠢ ᠨᠦᠬᠦᠷ ᠢ ᠨᠢ ᠠᠪᠤᠷᠠᠬᠤ ᠪᠡᠷ᠎ᠡ ᠲᠠᠪᠬᠢᠨ ᠤᠴᠢᠭᠰᠠᠨ ᠪᠤᠯᠪᠠᠴᠤ ᠡᠰᠡ ᠵᠠᠪᠳᠤᠪᠠ᠃ ᠲᠡᠭᠡᠭᠡᠳ ᠬᠠᠳᠠᠭᠠᠨ ᠤ ᠤᠷᠢᠳᠣ ᠶᠢᠨ ᠠᠴᠢ ᠶᠢ ᠨᠢ ᠰᠠᠨᠠᠭᠠᠯᠵᠠᠭᠠᠳ ᠤᠷᠳᠤᠨ ᠳᠠᠭᠠᠨ ᠤᠷᠢᠨ ᠠᠪᠠᠴᠢᠵᠤ᠂ ᠰᠠᠭᠤᠳᠠᠯ ᠬᠠᠶᠢᠷᠠᠯᠠᠭᠰᠠᠨ ᠪᠠᠶᠢᠨ᠎ᠠ᠃ ᠲᠠᠷᠠᠭ᠎ᠠ ᠡᠳᠦᠷ ᠨᠢ ᠰᠤᠷᠬᠠᠨ ᠰᠢᠷ᠎ᠠ ᠪᠠᠰᠠ ᠴᠢᠯᠠᠭᠤᠨ᠂ ᠴᠢᠮᠪᠠᠢ᠂ ᠬᠤᠶᠠᠷ ᠬᠦᠪᠡᠬᠦᠨ ᠢᠶᠠᠨ ᠲᠠᠭᠠᠭᠤᠯᠵᠤ᠂ ᠴᠢᠩᠭᠢᠰ ᠬᠠᠭᠠᠨ ᠳᠤ ᠲᠠᠭᠠᠷ᠎ᠠ ᠢᠷᠡᠪᠡ᠃ ᠴᠢᠩᠭᠢᠰ ᠬᠠᠭᠠᠨ᠄ ︽ᠭᠥᠵᠥᠭᠦᠨ ᠳᠤ ᠮᠢᠨᠢ ᠤᠭᠯᠠᠭᠰᠠᠨ ᠬᠦᠨᠳᠤ ᠮᠤᠳᠤ ᠶᠢ ᠬᠦᠰᠡᠷ ᠬᠠᠶᠠᠭᠰᠠᠨ ᠵᠠᠬ᠎ᠠ ᠳᠤ ᠮᠢᠨᠢ ᠤᠭᠯᠠᠭᠰᠠᠨ ᠵᠠᠭᠠᠳᠠᠰᠤ ᠲᠦᠩᠭᠡ ᠶᠢ ᠵᠠᠶᠢᠯᠠᠭᠤᠯᠵᠤ ᠦᠭᠭᠦᠭᠰᠡᠨ ᠡᠴᠢᠬᠡ ᠮᠡᠳᠣ ᠠᠴᠢᠳᠣ ᠡᠷᠬᠢᠮ ᠲᠠ ᠨᠠᠷ ᠢᠩᠭᠢᠵᠤ ᠶᠠᠭᠤᠨ ᠳᠤ ᠶᠡᠭᠡ ᠬᠤᠵᠢᠮᠳᠠᠵᠤ ᠢᠷᠡᠪᠡ︖︾ ᠬᠡᠰᠡᠨ ᠳᠤ ᠰᠤᠷᠬᠠᠨ ᠰᠢᠷ᠎ᠠ᠄ ︽ᠪᠢ ᠴᠢᠮ᠎ᠡ ᠳᠤ ᠲᠤᠳᠤᠷ᠎ᠠ ᠪᠠᠨ ᠭᠦᠨ ᠢᠳᠡᠷᠬᠡᠭᠰᠡᠭᠡᠷ ᠪᠠᠶᠢᠭᠰᠠᠨ ᠪᠢᠯᠡ᠃ ᠶᠠᠭᠠᠷᠠᠭᠠᠳ ᠶᠠᠭᠠᠬᠢᠬᠤ ᠪᠤᠢ︖ ᠬᠡᠷᠪᠡ ᠶᠠᠭᠠᠷᠠᠵᠤ ᠤᠷᠢᠳ ᠢᠷᠡᠪᠡᠰᠣ ᠲᠠᠶᠢᠴᠢᠭᠤᠳ ᠤᠨ ᠨᠤᠶᠠᠳ᠂ ᠮᠢᠨᠤ ᠬᠤᠴᠤᠷᠤᠭᠰᠠᠨ ᠡᠮ᠎ᠡ᠂ ᠬᠦᠪᠡᠬᠦᠳ ᠪᠠ ᠠᠳᠤᠭᠤ ᠮᠠᠯ ᠢ ᠦᠨᠡᠰᠦ ᠪᠣᠯᠭᠠᠨ ᠬᠡᠶᠢᠰᠬᠡᠬᠦ ᠮᠠᠭᠠᠳ ᠲᠤᠯᠠ ᠪᠢᠳᠡ ᠶᠠᠭᠠᠷᠠᠭᠰᠠᠨ ᠦᠭᠡᠢ ᠶᠤᠮ᠃ ᠡᠳᠦᠬᠡ ᠬᠠᠭᠠᠨ ᠳᠤ ᠨᠡᠶᠢᠯᠡᠵᠤ ᠢᠷᠡᠪᠡ︾ ᠬᠡᠪᠡ᠃ ᠡᠨᠡ ᠦᠬᠡ ᠶᠢ ᠰᠤᠨᠤᠰᠤᠭᠠᠳ ᠴᠢᠩᠭᠢᠰ ᠬᠠᠭᠠᠨ ︽ᠵᠦᠪ︾ ᠭᠡᠵᠠᠢ᠃ 1206 ᠣᠨ ᠳᠤ ᠴᠢᠩᠭᠢᠰ ᠬᠠᠭᠠᠨ ᠮᠤᠩᠭᠤᠯ ᠤᠨ ᠤᠯᠠᠨ ᠠᠶᠢᠮᠠᠭ ᠢ ᠨᠢᠭᠡᠳᠬᠡᠵᠤ᠂ ᠤᠯᠤᠰ ᠪᠠᠶᠢᠭᠤᠯᠬᠤ ᠳᠤ ᠵᠢᠳᠬᠦᠭᠰᠡᠨ ᠭᠠᠪᠢᠶᠠᠳᠠᠨ ᠰᠠᠶᠢᠳ ᠢᠶᠠᠨ ᠱᠠᠩᠨᠠᠬᠤ ᠦᠶᠡᠰ ᠰᠤᠷᠬᠠᠨ ᠰᠢᠷ᠎ᠠ ᠂ ᠴᠢᠯᠠᠭᠤᠨ᠂ ᠴᠢᠮᠪᠠᠢ ᠶᠢ ᠴᠦᠮ ᠮᠢᠩᠭᠠᠨ ᠤ ᠨᠤᠶᠠᠨ ᠡᠷᠬᠦᠮᠵᠢᠯᠡᠵᠤ᠄ ︽ᠨᠠᠮᠠᠢᠢ ᠦᠴᠦᠬᠡᠨ ᠴᠠᠭ ᠲᠤ᠂ ᠲᠠᠶᠢᠴᠢᠭᠤᠳ ᠤᠨ ᠲᠠᠷᠭᠤᠳᠠᠢ ᠬᠢᠷᠢᠯᠳᠤᠭ᠂ ᠠᠬ᠎ᠠ ᠲᠡᠬᠦᠦ ᠨᠠᠷ ᠲᠠᠢ ᠪᠠᠨ ᠨᠡᠶᠢᠯᠡᠵᠤ ᠠᠳᠠᠭᠠᠷᠬᠠᠭᠠᠳ ᠪᠠᠷᠢᠬᠤ ᠴᠠᠭ ᠲᠤ᠂ ᠲᠠ ᠨᠠᠷ ᠨᠤᠤᠰᠤᠨ ᠲᠡᠷᠬᠡᠨ ᠲᠤᠳᠤᠷ᠎ᠠ ᠪᠡᠨ᠎ᠡ ᠨᠢᠭᠤᠵᠤ᠂ ᠥᠬᠢᠨ ᠬᠠᠳᠠᠭᠠᠨ ᠢᠶᠠᠷ ᠢᠶᠠᠨ ᠠᠰᠠᠷᠠᠭᠤᠯᠵᠤ ᠪᠠᠶᠢᠭᠠᠳ ᠲᠠᠯᠪᠢᠵᠤ ᠶᠠᠪᠤᠭᠤᠯᠤᠭᠰᠠᠨ ᠪᠢᠰᠢᠦ︖ ᠲᠠᠨ ᠤ ᠲᠡᠷᠡ ᠠᠴᠢ ᠭᠠᠪᠢᠶ᠎ᠠ ᠶᠢ ᠴᠢᠨᠢ ᠪᠢ ᠬᠠᠷᠠᠩᠭᠤᠢ ᠰᠦᠨᠢ ᠵᠡᠬᠦᠳᠦᠨ ᠳᠡᠭᠡᠨ ᠪᠤᠳᠤᠵᠤ᠂ ᠬᠡᠭᠡᠨ ᠡᠳᠦᠷ ᠴᠡᠬᠡᠵᠢᠨ ᠳᠡᠭᠡᠨ ᠰᠠᠨᠠᠭᠰᠠᠭᠠᠷ ᠶᠠᠪᠤᠭᠰᠠᠨ ᠪᠢᠯᠡ᠃ ᠲᠠᠷᠠᠭ᠎ᠠ ᠨᠢ ᠲᠠᠶᠢᠴᠢᠭᠤᠳ ᠠᠴᠠ ᠨᠠᠳᠠ ᠪᠠᠭ᠋ᠠᠨ ᠤᠳᠠᠵᠤ ᠢᠷᠡᠪᠡ᠃ ᠤᠳᠤ ᠲᠠᠨ ᠳᠤ ᠰᠤᠶᠤᠷᠬᠠᠯ ᠢ ᠦᠭᠭᠦᠶ᠎ᠡ᠃ ᠶᠠᠮᠠᠷ ᠰᠤᠶᠤᠷᠬᠠᠯ ᠢ ᠬᠦᠰᠡᠵᠤ ᠪᠠᠶᠢᠨ᠎ᠠ ᠪᠤᠢ︖︾ ᠬᠡᠰᠡᠨ ᠳᠤ ᠰᠤᠷᠬᠠᠨ ᠰᠢᠷ᠎ᠠ ᠪᠠ ᠲᠡᠬᠦᠨ ᠤ ᠬᠦᠪᠡᠬᠦᠨ ᠴᠢᠯᠠᠭᠤᠨ᠂ ᠴᠢᠮᠪᠠᠢ᠄ ︽ᠪᠢᠳᠡ ᠮᠡᠷᠬᠢᠳ ᠤᠨ ᠨᠤᠲᠤᠭ ᠰᠡᠯᠡᠩᠭᠡ ᠳᠤ ᠲᠠᠷᠬᠠᠨ ᠲᠤᠷ᠎ᠠ ᠪᠠᠷ ᠨᠤᠲᠤᠭᠯᠠᠬᠤ ᠶᠢ ᠬᠦᠰᠡᠨ᠎ᠡ᠃ ᠦᠬᠡᠷ᠎ᠡ ᠶᠠᠮᠠᠷ ᠬᠡᠰᠢᠭ ᠬᠦᠷᠳᠡᠬᠡᠬᠦ ᠶᠢ ᠬᠠᠭᠠᠨ ᠦᠪᠡᠷ ᠢᠶᠠᠨ ᠮᠡᠳᠡᠳᠦᠬᠡᠢ︕︾ ᠬᠡᠪᠡ᠃ ᠡᠬᠦᠨ ᠳᠤ ᠴᠢᠩᠭᠢᠰ ᠬᠠᠭᠠᠨ᠄ ︽ᠲᠡᠭᠡᠪᠡᠯ ᠮᠡᠷᠬᠢᠳ ᠤᠨ ᠭᠠᠵᠠᠷ ᠰᠡᠯᠡᠩᠭᠡ ᠶᠢᠨ ᠨᠤᠲᠤᠭ ᠲᠤ ᠲᠠᠷᠬᠠᠯᠠᠵᠤ᠂ ᠤᠷᠤᠭ ᠤᠨ ᠤᠷᠤᠭ ᠬᠦᠷᠳᠡᠯ᠎ᠡ ᠨᠤᠲᠤᠭ ᠤᠷᠤᠨ ᠢᠶᠠᠨ ᠡᠵᠡᠮᠰᠢᠨ᠂ ᠨᠤᠮᠤ ᠰᠤᠮᠤ ᠪᠠᠨ ᠠᠭᠰᠠᠵᠤ᠂ ᠬᠤᠷᠢᠮ ᠨᠠᠶᠢᠷ ᠬᠢᠵᠤ᠂ ᠬᠤᠨᠳᠠᠭ᠎ᠠ ᠰᠦᠩ ᠢᠶᠠᠨ ᠲᠦᠰᠢᠯᠴᠡᠵᠤ ᠶᠠᠪᠤᠳᠤᠭᠠᠢ᠃ ᠶᠢᠰᠦᠨ ᠤᠳᠠᠭ᠎ᠠ ᠤᠰᠤᠯᠳᠠᠬᠤ ᠦᠭᠡᠢ ᠵᠢᠮᠡᠯᠡᠬᠦ ᠦᠭᠡᠢ ᠪᠤᠯᠭᠠᠶ᠎ᠠ︕︾ ᠬᠡᠮᠡᠨ ᠵᠠᠷᠯᠢᠭ ᠪᠣᠯᠪᠠ᠃ ᠴᠢᠩᠭᠢᠰ ᠬᠠᠭᠠᠨ ᠪᠠᠰᠠ ᠴᠢᠯᠠᠭᠤᠨ᠂ ᠴᠢᠮᠪᠠᠢ ᠬᠤᠶᠠᠭᠤᠯᠠ ᠶᠢ ᠲᠠᠭᠤᠳᠠᠵᠤ᠄ ︽ᠤᠷᠢᠳᠤ ᠴᠢᠯᠠᠭᠤᠨ᠂ ᠴᠢᠮᠪᠠᠢ ᠲᠠ ᠬᠤᠶᠠᠷ ᠤᠨ ᠬᠡᠯᠡᠭᠰᠡᠨ ᠢ ᠮᠠᠷᠳᠠᠵᠤ ᠬᠡᠷᠬᠢᠨ ᠪᠤᠯᠬᠤ ᠪᠤᠢ︖ ᠴᠢᠯᠠᠭᠤᠨ᠂ ᠴᠢᠮᠪᠠᠢ ᠲᠠ ᠬᠤᠶᠠᠷ᠂ ᠰᠠᠨᠠᠭᠰᠠᠨ ᠢᠶᠠᠨ ᠬᠡᠯᠡᠶ᠎ᠡ ᠬᠡᠪᠡᠯ᠂ ᠲᠤᠳᠠᠭᠤ ᠪᠡᠨ᠎ᠡ ᠭᠤᠶᠤᠶ᠎ᠠ ᠬᠡᠮᠡᠪᠡᠰᠣ᠂ ᠲᠠᠮ ᠬᠦᠮᠦᠨ ᠢᠶᠠᠷ ᠪᠦᠦ ᠬᠡᠯᠡᠬᠦᠯᠵᠤ ᠪᠠᠢ᠃ ᠦᠪᠡᠷᠦᠨ ᠪᠡᠶ᠎ᠡ ᠪᠠᠷ ᠠᠭᠤᠯᠵᠠᠨ᠂ ᠦᠪᠡᠷᠦᠨ ᠠᠮᠠ ᠪᠠᠷ ᠰᠠᠨᠠᠭᠰᠠᠨ ᠢᠶᠠᠨ ᠬᠡᠯᠡᠵᠤ᠂ ᠲᠤᠳᠠᠭᠰᠠᠨ ᠢᠶᠠᠨ ᠭᠤᠶᠤᠵᠤ ᠪᠠᠢ︕︾ ᠭᠡᠵᠤ ᠵᠠᠷᠯᠢᠭ ᠪᠤᠯᠪᠠ᠃ ᠪᠠᠰᠠ ᠰᠤᠷᠬᠠᠨ ᠰᠢᠷ᠎ᠠ ᠶᠢ ᠲᠠᠭᠤᠳᠠᠵᠤ᠄ ︽ᠤᠯᠠᠨ ᠲᠠᠶᠢᠰᠦᠨ ᠳᠤ ᠲᠤᠪᠳᠣᠯᠵᠤ ᠤᠯᠵᠠ ᠶᠠᠭᠤᠮ᠎ᠠ ᠶᠢ ᠣᠯᠪᠠᠯ ᠤᠯᠤᠭᠰᠠᠨ ᠢᠶᠠᠨ ᠪᠦᠷᠢᠨ ᠠᠪᠳᠤᠭᠠᠢ︕ ᠠᠶᠠᠨ ᠠᠪᠠ ᠶᠢ ᠬᠢᠵᠤ ᠠᠩ ᠬᠦᠷᠦᠭᠡ ᠶᠢ ᠠᠯᠠᠪᠠᠯ ᠠᠯᠠᠭᠰᠠᠨ ᠢᠶᠠᠨ ᠪᠦᠷᠢᠨ ᠠᠪᠳᠤᠭᠠᠢ︕︾ ᠬᠡᠮᠡᠨ ᠵᠠᠷᠯᠢᠭ ᠪᠤᠯᠪᠠ᠃ ᠴᠢᠯᠠᠭᠤᠨ ᠪᠣᠯ ᠲᠤᠩ ᠡᠷᠡᠯᠭᠡᠭ ᠪᠠᠭᠠᠳᠤᠷ ᠬᠦᠮᠦᠨ ᠶᠤᠮ᠃ ᠡᠶᠢᠮᠤ ᠠᠴᠠ ᠴᠢᠩᠭᠢᠰ ᠬᠠᠭᠠᠨ ᠢ ᠲᠠᠭᠠᠭᠰᠠᠨ ᠠᠴᠠ ᠬᠤᠶᠢᠰᠢ᠂ ᠴᠡᠷᠢᠭ ᠲᠠᠶᠢᠨ ᠳᠤ ᠪᠠᠶᠢᠭᠤᠯᠤᠭᠰᠠᠨ ᠭᠠᠪᠢᠶ᠎ᠠ ᠨᠢ ᠪᠤᠭᠤᠷᠴᠢ᠂ ᠮᠤᠬᠤᠯᠠᠢ᠂ ᠪᠤᠷᠤᠬᠤᠯ ᠲᠠᠢ ᠵᠡᠷᠬᠡᠴᠡᠭᠰᠡᠨ ᠪᠤᠯᠬᠤᠷ ᠲᠦᠷᠪᠡᠨ ᠬᠦᠯᠦᠭ ᠤᠨ ᠬᠢᠨᠢ ᠨᠢᠭᠡ ᠨᠢ ᠪᠤᠯᠤᠭᠰᠠᠨ ᠪᠠᠶᠢᠵᠠᠢ᠃ ᠨᠢᠭᠡ ᠤᠳᠠᠭ᠎ᠠ ᠴᠢᠯᠠᠭᠤᠨ᠂ ᠴᠢᠩᠭᠢᠰ ᠬᠠᠭᠠᠨ ᠢ ᠲᠠᠭᠠᠵᠤ᠂ ᠲᠠᠶᠢᠰᠦᠨ ᠲᠠᠢ ᠪᠠᠶᠢᠯᠳᠤᠬᠤ ᠵᠠᠭᠤᠷ᠎ᠠ ᠤᠨᠤᠭᠰᠠᠨ ᠮᠣᠷᠢ ᠨᠢ ᠵᠢᠳᠠᠯᠠᠭᠳᠠᠨ ᠤᠨᠠᠭᠰᠠᠨ ᠳᠤ ᠲᠠᠶᠢᠰᠦᠨ ᠤ ᠵᠠᠩᠵᠤᠨ ᠵᠢᠳᠠ ᠡᠷᠬᠦᠨ ᠴᠢᠯᠠᠭᠤᠨ ᠢ ᠵᠢᠳᠠᠯᠠᠬᠤ ᠬᠡᠳᠡᠯ᠎ᠡ ᠴᠢᠯᠠᠭᠤᠨ ᠤᠬᠤᠰᠬᠢᠨ ᠪᠤᠰᠤᠭᠠᠳ ᠵᠢᠳᠠ ᠪᠠᠨ ᠡᠷᠭᠢᠭᠦᠯᠵᠤ ᠲᠠᠶᠢᠰᠦᠨ ᠤ ᠵᠠᠩᠵᠤᠨ ᠢ ᠵᠢᠳᠠᠯᠠᠨ ᠤᠨᠠᠭᠠᠪᠠ᠃ ᠲᠡᠷᠡ ᠲᠤᠬᠠᠢ ᠴᠢᠩᠭᠢᠰ ᠬᠠᠭᠠᠨ ᠡᠷᠡᠭᠡᠢ ᠭᠤᠵᠦ᠋ᠢᠯᠭᠠᠵᠤ ᠴᠢᠯᠠᠭᠤᠨ ᠢ ︽ᠪᠠᠭᠠᠳᠤᠷ︾ ᠭᠡᠵᠤ ᠮᠠᠭᠳᠠᠭᠰᠠᠨ ᠪᠠᠶᠢᠯ᠎ᠠ᠃ ᠲᠡᠬᠦᠨ ᠠᠴᠠ ᠬᠤᠶᠢᠰᠢ ᠴᠢᠯᠠᠭᠤᠨ ᠪᠠᠭᠠᠳᠤᠷ ᠬᠡᠵᠤ ᠣᠯᠠᠨ᠎ᠠ ᠠᠯᠳᠠᠷᠰᠢᠭᠰᠠᠨ ᠪᠠᠶᠢᠵᠠᠢ᠃ ᠴᠢᠯᠠᠭᠤᠨ ᠪᠣᠯ ᠴᠢᠩᠭᠢᠰ ᠬᠠᠭᠠᠨ ᠤ ᠲᠦᠷᠪᠡᠨ ᠬᠦᠯᠦᠭ ᠤᠨ ᠲᠤᠳᠤᠷ᠎ᠠ ᠬᠠᠮᠤᠭ ᠠᠴᠠ ᠤᠷᠳᠤ ᠨᠠᠰᠤᠯᠠᠵᠤ᠂ ᠦᠭᠡᠳᠡᠢ ᠬᠠᠭᠠᠨ ᠤ ᠦᠶ᠎ᠡ ᠳᠤ ᠬᠦᠷᠳᠡᠯ᠎ᠡ ᠠᠮᠢᠳᠤᠷᠠᠵᠤ ᠪᠠᠶᠢᠭᠰᠠᠨ ᠶᠤᠮ᠃ ᠬᠡᠪᠡᠴᠤ ᠲᠡᠷᠡ ᠨᠠᠰᠤᠨ ᠲᠤᠷᠰᠢ ᠳᠠᠭᠠᠨ ᠴᠢᠩᠭᠢᠰ ᠬᠠᠭᠠᠨ ᠢ ᠰᠢᠳᠠᠷ ᠲᠠᠭᠠᠵᠤ᠂ ᠭᠠᠭᠴᠠ ᠪᠡᠶ᠎ᠡ ᠪᠠᠷ ᠴᠡᠷᠢᠭ ᠲᠠᠶᠢᠴᠢᠯᠠᠨ ᠭᠠᠳᠠᠭᠰᠢ ᠲᠠᠶᠢᠯᠠᠵᠤ ᠦᠩᠭᠡᠷᠡᠭᠰᠡᠨ ᠦᠭᠡᠢ ᠪᠤᠯᠬᠤᠷ ᠲᠡᠭᠦᠨ ᠤ ᠦᠢᠯᠡ ᠶᠠᠪᠤᠳᠠᠯ ᠢ ᠲᠡᠦᠬᠡ ᠱᠠᠰᠳᠢᠷ ᠲᠤ ᠲᠡᠮᠳᠡᠭᠯᠡᠭᠰᠡᠨ ᠢᠶᠠᠷ ᠲᠤᠩ ᠬᠤᠪᠤᠷ ᠪᠢᠯᠡ᠃
 
ᠢᠷᠡᠯᠲᠡ᠄ ᠣᠯᠠᠭᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号