ᠵᠢᠯᠣᠭᠤᠴᠢ ᠶᠢᠨ ᠦᠨᠡᠮᠯᠡᠯ ᠢᠶᠠᠨ 12 ᠬᠤᠪᠢ ᠬᠠᠰᠤᠭᠤᠯᠤᠭᠰᠠᠨ ᠤ ᠳᠠᠷᠠᠭ᠎ᠠ ᠲᠡᠷᠭᠡ ᠵᠢᠯᠣᠭᠤᠳᠴᠤ ᠵᠠᠮ ᠳᠤ ᠭᠠᠷᠪᠠᠯ ᠦᠨᠡᠮᠯᠡᠯ ᠦᠭᠡᠢ ᠪᠠᠷ ᠲᠡᠷᠭᠡ ᠵᠢᠯᠣᠭᠤᠳᠤᠭᠰᠠᠨ ᠳᠤ ᠲᠣᠭᠠᠴᠠᠭᠳᠠᠨ᠎ᠠ
ᠨᠡᠶᠢᠲᠡᠯᠡᠭᠰᠡᠨ ᠴᠠᠭ᠄
2020/11/2
      ﹇ᠬᠡᠷᠡᠭ ᠤᠨ  ᠪᠠᠶᠢᠳᠠᠯ﹈  ᠵᠢᠯᠣᠭᠤᠴᠢ ᠶᠢᠨ  ᠦᠨᠡᠮᠯᠡᠯ ᠢᠶᠠᠨ  ᠪᠦᠬᠦᠯᠢ  12  ᠬᠤᠪᠢ  ᠬᠠᠰᠤᠭᠤᠯᠤᠭᠠᠳ   ᠲᠦᠷ‌‍ᠲ᠋ᠠᠷᠤᠭᠤᠯᠤᠭᠰᠠᠨ ᠤ ᠳᠠᠷᠠᠭ᠎ᠠ᠂ ᠡᠩ ᠤᠨ ᠬᠥᠮᠦᠰ  ᠳᠦᠷᠢᠶᠡᠰᠦᠨ  ᠮᠠᠰᠢᠨ ᠳᠤ  ᠰᠠᠭᠤᠬᠤ  ᠪᠤᠶᠤ  ᠪᠤᠰᠤᠳ ᠤᠨ  ᠲᠡᠷᠭᠡᠨ ᠳ᠋ᠤ᠋‌‍ᠰᠠᠭᠤᠵᠤ ᠲᠡᠷᠭᠡ ᠬᠠᠮᠢᠶᠠᠷᠬᠤ ᠭᠠᠵᠠᠷ ᠬᠦᠷᠴᠦ ᠲᠠᠬᠢᠨᠲᠠ ᠰᠢᠯᠭᠠᠯᠲᠠ   ᠳᠤ  ᠣᠷᠣᠯᠴᠠᠳᠠᠭ᠃  ᠭᠡᠪᠡᠴᠦ  ᠲᠦᠢᠯ ᠤᠨ  ᠴᠥᠭᠡᠨ‌‍ᠲ᠋ᠣᠭᠠᠨ ᠤ ᠬᠥᠮᠦᠰ ᠵᠠᠪᠰᠢᠶᠠᠨ  ᠳᠠᠯᠢᠮᠳᠠᠭᠤᠯᠬᠤ  ᠰᠡᠳᠬᠢᠴᠡ  ᠡᠭᠦᠰᠴᠤ  ᠥᠪᠡᠷ ᠢᠶᠠᠨ  ᠲᠡᠷᠭᠡ  ᠵᠢᠯᠣᠭᠤᠳᠴᠤ  ᠣᠴᠢᠬᠤ ᠵᠢ‌‍ᠰᠣᠩᠭᠤᠭᠰᠠᠨ ᠪᠠᠶᠢᠨ᠎ᠠ᠃ ᠵᠢᠶᠠᠩᠰᠦ ᠶᠢᠨ ᠲᠠᠶᠢᠼᠠᠩ ᠤᠨ ᠨᠢᠭᠡ ᠪᠦᠯᠦᠭ ᠬᠥᠮᠦᠰ  ᠡᠳᠡᠭᠡᠷ  ︽ᠦᠨᠡᠮᠯᠡᠯ  ᠦᠭᠡᠶ︾  ᠨᠦᠬᠦᠵᠦ ᠰᠢᠯᠭᠠᠭᠤᠯᠤᠭᠰᠠᠳ ᠢ ᠠᠵᠢᠵᠤ ᠠᠪᠤᠭᠠᠳ᠂ ᠲᠡᠳᠡᠨ ᠤ ᠵᠢᠯᠤᠭᠤᠳᠤᠭᠳᠰᠠᠨ ᠮᠠᠰᠢᠨ   ᠲᠠᠢ  ᠵᠣᠷᠢᠭᠤᠳᠠ  ᠮᠦᠷᠭᠦᠯᠳᠦᠨ  ᠲᠡᠷᠭᠡᠨ‌ᠠᠳᠡᠯ ᠡᠭᠦᠰᠬᠡᠬᠦ ᠪᠠᠷ ᠳᠠᠮᠵᠢᠨ ᠵᠣᠭᠤᠰ ᠮᠥᠩᠭᠦ ᠯᠠᠶᠢᠮᠤᠤᠷᠳᠠᠵᠤ ᠪᠠᠶᠢᠨ᠎ᠠ᠃              ᠲᠦᠷᠦᠭᠦᠬᠡᠨ᠂ ᠵᠢᠶᠠᠩᠰᠦ ᠶᠢᠨ ᠲᠠᠶᠢᠼᠠᠩ ᠬᠤᠲᠠ ᠶᠢᠨ ᠠᠷᠠᠳ ᠶᠠᠩ ᠣᠪᠣᠭᠲᠤ ᠵᠠᠮ ᠬᠠᠷᠢᠯᠴᠠᠭᠠᠨ ᠤ  ᠴᠠᠭᠳᠠᠭᠠᠨ ‍ᠤ‌ᠠᠩᠭᠢ ᠳᠤ ᠬᠦᠷᠴᠦ ᠵᠠᠮ ᠬᠠᠷᠢᠯᠴᠠᠭᠠᠨ ᠤ ᠠᠳᠡᠯ ᠢ ᠰᠢᠢᠳᠪᠦᠷᠢᠯᠡᠵᠡᠢ᠃  ᠡᠭᠦᠨ ᠠᠴᠠ  ᠡᠮᠦᠨ᠎ᠡ   ᠨᠢ  ᠲᠡᠷᠡ  ᠵᠢᠯᠤᠭᠤᠴᠢ ᠵᠢᠨ‌ᠦᠨᠡᠮᠯᠡᠯ ᠤᠨ ᠬᠤᠪᠢ ᠪᠠᠨ ᠪᠦᠬᠦᠨ ᠢ ᠬᠠᠰᠤᠭᠤᠯᠵᠤ᠂ ᠦᠨᠡᠮᠯᠡᠯ ᠢᠶᠠᠨ  ᠴᠤ  ᠵᠠᠮ  ᠬᠠᠷᠢᠯᠴᠠᠭᠠᠨ ᠤ  ᠴᠠᠭᠳᠠᠭᠠᠨ ᠤ  ᠰᠠᠯᠠᠭ᠎ᠠ‌ᠮᠥ᠋ᠴᠢᠷ ᠲᠤ ᠲᠦᠷ ᠳᠠᠷᠤᠭᠤᠯᠤᠭᠰᠠᠨ ᠪᠠᠶᠢᠨ᠎ᠠ᠃ ᠲᠡᠷᠭᠡ ᠬᠠᠮᠢᠶᠠᠷᠬᠤ ᠭᠠᠵᠠᠷ ᠬᠤᠯᠠ ᠦᠭᠡᠢ ᠢ ᠪᠣᠳᠣᠯᠬᠢᠯᠠᠨ᠂ ᠶᠠᠩ  ᠣᠪᠣᠭᠲᠤ‌‍ᠭᠡᠷ ᠤᠨ ᠬᠥᠮᠦᠰ ᠢᠶᠠᠨ ᠳᠠᠭᠤᠳᠠᠵᠤ ᠬᠠᠪᠰᠤᠷᠤᠭᠤᠯᠤᠭᠰᠠᠨ ᠴᠤ ᠦᠭᠡᠢ᠂ ᠬᠠᠷᠢᠨ  ᠥᠪᠡᠷ ᠢᠶᠠᠨ  ᠲᠡᠷᠭᠡ   ᠪᠠᠨ  ᠵᠢᠯᠣᠭᠤᠳᠴᠤ‌‍ᠲ᠋ᠡᠷᠭᠡ ᠬᠠᠮᠢᠶᠠᠷᠬᠤ ᠭᠠᠵᠠᠷ ᠣᠴᠢᠪᠠ᠃ ᠲᠤᠰ ᠡᠳᠦᠷ ᠤᠨ ᠦᠳᠡ ᠶᠢᠨ  ᠬᠤᠶᠢᠨ᠎ᠠ᠂  ᠶᠠᠩ  ᠣᠪᠣᠭᠲᠤ  ᠰᠤᠷᠤᠯᠴᠠᠯᠭ᠎ᠠ  ᠪᠠᠨ‌‍ᠲ᠋ᠠᠭᠤᠰᠬᠠᠵᠤ ᠲᠡᠷᠭᠡ ᠪᠠᠨ ᠵᠢᠯᠤᠭᠤᠳᠤᠨ ᠪᠤᠴᠠᠬᠤ ᠳᠤ ᠪᠠᠨ ᠲᠡᠷᠭᠡ ᠬᠠᠮᠢᠶᠠᠷᠬᠤ ᠭᠠᠵᠠᠷ ᠠᠴᠠ ᠳᠡᠮᠡᠢ ᠬᠤᠯᠠ ᠦᠭᠡᠢ ᠭᠠᠵᠠᠷ ᠲᠣ᠋‌ᠨᠢᠭᠡ ᠲᠡᠷᠭᠡᠨ ᠳᠤ ᠮᠥᠷᠭᠦᠭᠳᠡᠪᠡ᠃  ᠨᠥᠭᠦᠭᠡ  ᠡᠲᠡᠭᠡᠳ ᠨᠢ  1.5  ᠲᠦᠮᠡᠨ  ᠰᠡᠯᠪᠢᠨ  ᠵᠠᠰᠠᠬᠤ  ᠲᠦᠯᠦᠪᠦᠷᠢ  ᠠᠪᠤᠨ᠎ᠠ᠂ᠦᠭᠡᠶᠢᠪᠡᠯ ᠴᠠᠭᠳᠠᠭ᠎ᠠ ᠳᠤ ᠮᠡᠳᠡᠭᠦᠯᠦᠨ᠎ᠡ ᠭᠡᠵᠡᠢ᠃            ᠨᠦᠭᠦᠭᠡ ᠡᠲᠡᠭᠡᠳ ᠨᠢ ᠴᠠᠭᠳᠠᠭ᠎ᠠ ᠳᠤ ᠮᠡᠳᠡᠭᠦᠯᠦᠨ᠎ᠡ  ᠭᠡᠰᠡᠨ ᠢ  ᠰᠤᠨᠤᠰᠤᠭᠰᠠᠨ  ᠶᠠᠩ  ᠣᠪᠣᠭᠲᠤ  ᠪᠠᠯᠠᠮᠠᠭᠳᠠᠵᠤ᠂ᠱᠠᠭᠠᠷᠳᠠᠯᠭ᠎ᠠ ᠶᠣᠰᠣᠭᠠᠷ ᠨᠢ  1.5  ᠲᠦᠮᠡᠨ  ᠲᠦᠭᠦᠷᠢᠭ  ᠲᠦᠯᠦᠵᠦ  ︽ᠬᠤᠪᠢ ᠪᠠᠷ ᠢᠶᠠᠨ  ᠰᠢᠢᠳᠪᠦᠷᠢᠯᠡᠵᠡᠢ︾᠃  ᠬᠡᠳᠦᠨ‌ᠡᠳᠦᠷ ᠤᠨ ᠳᠠᠷᠠᠭ᠎ᠠ ᠵᠣᠭᠤᠭ ᠤᠨ  ᠳᠤᠮᠳᠠ ᠠᠴᠠ  ᠲᠡᠭᠦᠨ ᠤ  ᠬᠠᠮᠲᠤ  ᠰᠤᠷᠤᠭᠴᠢ   ᠨᠢ  ᠴᠤ  ᠠᠳᠠᠯᠢᠪᠲᠤᠷ  ᠤᠴᠠᠷᠠᠯ  ᠳ᠋ᠥ‌ᠬᠠᠷᠭᠤᠬᠰᠠᠨ ᠪᠦᠭᠡᠳ ᠳᠠᠩᠰᠠ ᠰᠢᠯᠵᠢᠭᠦᠯᠦᠭᠰᠡᠨ ᠮᠡᠳᠡᠭᠡ ᠵᠠᠩᠭᠢ ᠶᠢ ᠬᠠᠷᠢᠴᠠᠭᠤᠯᠬᠤ ᠪᠠᠷ ᠳᠠᠮᠵᠢᠨ ᠵᠣᠭᠤᠰ ᠬᠤᠷᠢᠶᠠᠭᠰᠠᠨ  ᠨᠢ‌ᠠᠳᠠᠯᠢᠬᠠᠨ ᠨᠢᠭᠡ ᠬᠦᠮᠦᠨ ᠪᠠᠶᠢᠬᠤ ᠶᠢ ᠲᠡᠳᠡ ᠣᠯᠵᠤ ᠮᠡᠳᠡᠵᠡᠢ᠃            ᠪᠠᠶᠢᠴᠠᠭᠠᠭᠰᠠᠨ ᠢᠶᠠᠷ᠂ ᠶᠠᠯ᠎ᠠ ᠬᠢᠭᠰᠡᠨ ᠰᠡᠵᠢᠭᠳᠡᠨ ᠵᠠᠩ ᠣᠪᠣᠭᠲᠤ ᠪᠤᠰᠤᠳ ᠬᠥᠮᠦᠨ ᠲᠠᠢ  ᠬᠠᠮᠰᠠᠨ᠂  ᠲᠤᠰᠬᠠᠶᠢᠯᠠᠨ‌ᠵᠢᠯᠤᠭᠤᠳᠴᠠᠢ ᠶᠢᠨ  ᠦᠨᠡᠮᠯᠡᠯ ᠢᠶᠠᠨ  ᠨᠦᠬᠦᠨ  ᠰᠢᠯᠭᠠᠭᠤᠯᠤᠭᠰᠠᠳ ᠢ  ᠵᠠᠪᠰᠢᠶᠠᠨ  ᠳᠠᠯᠢᠮᠳᠠᠭᠤᠯᠤᠨ  ᠲᠡᠷᠭᠡ   ᠮᠦᠷᠬᠦᠬᠦᠯᠵᠦ‌ᠯᠠᠶᠢᠮᠤᠤᠷᠳᠠᠬᠤ ᠪᠦᠯᠬᠦᠮ ᠢ ᠪᠠᠶᠢᠭᠤᠯᠪᠠ᠃ ᠲᠣᠰ ᠡᠪᠰᠡᠯ ᠪᠦᠯᠦᠭ ᠤᠨ ᠠᠵᠢᠯ ᠤᠨ ᠬᠤᠪᠢᠶᠠᠷᠢᠯᠠᠯ ᠨᠢ ᠲᠣᠳᠣᠷᠬᠠᠶ᠂ ᠤᠷᠢᠳ ᠵᠶ᠋ᠡᠷ‌ᠨᠢᠭᠡ ᠬᠥᠮᠦᠨ ᠲᠡᠷᠭᠡ ᠬᠠᠮᠢᠶᠠᠷᠬᠤ  ᠭᠠᠵᠠᠷ ᠠᠴᠠ  ᠵᠢᠯᠣᠭᠤᠴᠢ ᠶᠢᠨ  ᠦᠨᠡᠮᠯᠡᠯ ᠢᠶᠠᠨ  ᠳᠠᠷᠤᠭᠤᠯᠤᠭᠰᠠᠨ  ᠨᠦᠬᠦᠵᠦ  ᠰᠢᠯᠭᠠᠬᠤ‌‍ᠴᠢᠬᠤᠯᠠᠲᠠᠶ ᠵᠢᠯᠣᠭᠤᠴᠢ ᠶᠢ ᠡᠷᠢᠵᠦ ᠬᠠᠷᠠᠯᠲᠠ ᠪᠠᠨ ᠪᠣᠯᠭᠠᠨ᠎ᠠ᠂ ᠡᠨᠡ ᠰᠢᠯᠭᠠᠭᠤᠯᠤᠭᠴᠢ ᠶᠢ  ᠲᠡᠷᠭᠡ  ᠵᠢᠯᠤᠭᠤᠳᠤᠨ  ᠶᠠᠪᠤᠭᠰᠠᠨ‌‍ᠲ᠋ᠠᠷᠤᠢ ᠬᠠᠮᠰᠠᠭᠠᠲᠠᠳ ᠲᠠᠭᠠᠨ ᠮᠡᠳᠡᠭᠳᠡᠵᠦ ᠲᠡᠷᠭᠡ ᠶᠢᠨ ᠬᠢᠨ  ᠠᠷᠤ ᠠᠴᠠ   ᠨᠢ  ᠳᠠᠭᠠᠵᠤ᠂  ᠰᠡᠭᠦᠯᠡᠷ ᠨᠢ  ᠵᠠᠪᠰᠢᠶᠠᠨ  ᠡᠷᠢᠵᠦ‌‍ᠪᠠᠶᠢᠭᠠᠳ ᠬᠤᠤᠷ ᠠᠮᠰᠠᠭᠴᠢ ᠶᠢᠨ  ᠲᠡᠷᠭᠡ ᠶᠢ  ᠵᠣᠷᠢᠭᠤᠳᠠ  ᠮᠥᠷᠭᠦᠯᠳᠦᠭᠦᠯᠵᠦ᠂  ᠬᠤᠤᠷ  ᠠᠮᠰᠠᠭᠴᠢ ᠶᠢᠨ  ᠵᠢᠯᠣᠭᠤᠴᠢ ᠵᠢᠨ‌ᠦᠨᠡᠮᠯᠡᠯ ᠤᠨ ᠬᠤᠪᠢ ᠪᠠᠨ ᠪᠦᠬᠦᠨ ᠢ ᠬᠠᠰᠤᠭᠤᠯᠤᠭᠰᠠᠨ ᠠᠴᠠ ᠴᠠᠭᠳᠠᠭ᠎ᠠ ᠳᠤ ᠲᠠᠬᠢᠵᠤ ᠮᠡᠳᠡᠭᠦᠯᠬᠦ ᠠᠴᠠ  ᠵᠢᠷᠦᠬᠡᠰᠢᠶᠡᠬᠦ  ᠵᠡᠷᠭᠡ‌‍ᠰᠡᠳᠬᠢᠴᠡ ᠶᠢ  ᠠᠰᠢᠭᠯᠠᠨ᠂  ᠠᠳᠡᠯ ᠤᠨ  ᠦᠨᠡᠨ  ᠪᠠᠶᠢᠳᠠᠯ ᠢ  ᠨᠢᠭᠤᠨ  ᠳᠠᠯᠳᠠᠯᠠᠵᠤ᠂  ᠬᠤᠤᠷ  ᠠᠮᠰᠠᠭᠴᠢ   ᠪᠠᠷ  ᠵᠣᠭᠤᠰ‌ᠭᠠᠷᠭᠠᠭᠤᠯᠤᠨ ︽ᠬᠤᠪᠢ ᠲᠤᠤᠷ᠎ᠠ ᠪᠠᠨ ᠰᠢᠢᠳᠪᠦᠷᠢᠯᠡᠲᠡᠭ︾᠃ ᠵᠠᠩ ᠣᠪᠣᠭᠲᠤ ᠶᠢᠨ ᠲᠤᠰᠢᠶᠠᠭᠰᠠᠨ ᠢ ᠦᠨᠳᠦᠰᠦᠯᠡᠪᠡᠯ᠂ ᠲᠡᠷᠡ‌‍ᠲ᠋ᠡᠭᠡᠷ᠎ᠡ ᠳᠤᠷᠠᠳᠤᠭᠰᠠᠨ ᠠᠷᠭ᠎ᠠ ᠪᠠᠷ 9 ᠬᠡᠷᠡᠭ ᠬᠢᠵᠦ᠂ ᠨᠡᠶᠢᠲᠡ 5 ᠲᠦᠮᠡ ᠭᠠᠷᠤᠶ  ᠲᠥᠭᠦᠷᠢᠭ ᠤᠨ  ᠠᠷᠠᠳ ᠤᠨ  ᠵᠣᠭᠤᠰ ᠢ‌‍ᠬᠢᠬᠠᠨ ᠠᠪᠤᠭᠰᠠᠨ ᠪᠠᠶᠢᠨ᠎ᠠ᠃          ﹇ᠬᠠᠥᠯᠢ   ᠶᠢᠨ  ᠲᠠᠶᠢᠯᠤᠯ﹈  ᠮᠠᠨ ᠤ  ᠤᠯᠤᠰ ᠤᠨ  ᠬᠤᠯᠪᠣᠭᠳᠠᠯ  ᠪᠦᠬᠦᠢ  ᠬᠠᠤᠯᠢ  ᠴᠠᠭᠠᠵᠠ ᠶᠢᠨ  ᠲᠣᠭᠲᠠᠭᠠᠯ ᠢ‌ᠦᠨᠳᠦᠰᠦᠯᠡᠪᠡᠯ᠂ ᠵᠢᠯᠣᠭᠤᠴᠢ ᠶᠢᠨ ᠦᠨᠡᠮᠯᠡᠯ ᠢᠶᠠᠨ ᠪᠦᠬᠦᠯᠢ  12  ᠬᠤᠪᠢ  ᠬᠠᠰᠤᠭᠤᠯᠤᠭᠠᠳ  ᠲᠦᠷ  ᠳᠠᠷᠤᠭᠤᠯᠤᠭᠰᠠᠨ ‍ᠤ‌‍ᠲ᠋ᠠᠷᠠᠭ᠎ᠠ᠂ ᠵᠢᠯᠤᠭᠤᠴᠢ ᠮᠥᠨ ᠯᠡ ᠲᠡᠷᠭᠡ ᠵᠢᠯᠣᠭᠤᠳᠴᠤ ᠵᠠᠮ ᠳᠤ ᠭᠠᠷᠬᠤ ᠨᠢ ᠦᠨᠡᠮᠯᠡᠯ ᠦᠭᠡᠢ ᠪᠠᠷ  ᠲᠡᠷᠭᠡ  ᠵᠢᠯᠣᠭᠤᠳᠤᠭᠰᠠᠨ‌‍ᠶᠠᠪᠤᠳᠠᠯ ᠪᠣᠯᠤᠨ᠎ᠠ᠃ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ‌ᠵᠢᠯᠣᠭᠤᠴᠢ ᠶᠢ 200 ᠲᠥᠭᠦᠷᠢᠭ ᠠᠴᠠ ᠳᠡᠭᠡᠭᠰᠢ 2000 ᠲᠥᠭᠦᠷᠢᠭ ᠠᠴᠠ ᠳᠣᠷᠣᠭᠰᠢ ᠵᠣᠭᠤᠰ ᠢᠶᠠᠷ ᠲᠣᠷᠭᠠᠵᠤ  ᠪᠣᠯᠤᠨ᠎ᠠ᠂ᠦᠢᠯᠡ ᠪᠠᠶᠢᠳᠠᠯ ᠨᠢ ᠬᠦᠨᠳᠦ ᠨᠣᠴᠢᠲᠠᠶ ᠪᠠᠶᠢᠪᠠᠯ ᠪᠠᠰᠠ 15 ᠡᠳᠦᠷ ᠵᠠᠰᠠᠭ ᠵᠠᠬᠢᠷᠭᠠᠨ ᠢᠶᠠᠷ ᠲᠦᠷ ᠬᠤᠷᠢᠬᠤ   ᠪᠠᠷ  ᠰᠢᠳᠬᠡᠵᠦ‌‍ᠪᠣᠯᠤᠨ᠎ᠠ᠃            ᠲᠤᠰ  ᠬᠡᠷᠡᠭ ᠲᠠᠬᠢ  ᠬᠤᠤᠷ  ᠠᠮᠰᠠᠭᠴᠢ   ᠨᠢ  ᠶᠠᠭ  ᠥᠪᠡᠷ ᠢᠶᠠᠨ  ᠬᠠᠤᠯᠢ ᠶᠢ  ᠵᠥᠷᠢᠴᠡᠭᠰᠡᠨ ᠠᠴᠠ   ᠪᠣᠯᠵᠤ᠂ᠴᠠᠭᠳᠠᠭ᠎ᠠ ᠳᠤ ᠮᠡᠳᠡᠭᠦᠯᠪᠡᠯ ᠨᠠᠩ ᠴᠢᠩᠭ᠎ᠠ ᠰᠢᠳᠬᠡᠯ  ᠣᠯᠬᠤ ᠠᠴᠠ  ᠠᠶᠤᠬᠤ ᠳᠤ ᠪᠠᠨ  ᠰᠠᠶ᠋ᠢ  ᠬᠠᠤᠯᠢ  ᠪᠤᠰᠤ  ᠡᠲᠡᠭᠡᠳ ᠲᠤ᠋‌ᠵᠠᠪᠰᠢᠶᠠᠨ ᠣᠯᠭᠤᠪᠠ᠃ ᠡᠶᠢᠮᠦ ᠠᠴᠠ ᠵᠢᠯᠣᠭᠤᠴᠢ ᠶᠢᠨ ᠦᠨᠡᠮᠯᠡᠯ ᠢᠶᠠᠨ 12 ᠬᠤᠪᠢ ᠬᠠᠰᠤᠭᠤᠯᠤᠨ ᠲᠦᠷ ᠲᠠᠷᠤᠭᠤᠯᠤᠭᠰᠠᠨ ‍ᠤ‌‍ᠲ᠋ᠠᠷᠠᠭ᠎ᠠ᠂ ᠵᠢᠯᠣᠭᠤᠴᠢ 15 ᠡᠳᠦᠷ ᠤᠨ ᠳᠣᠲᠣᠷ᠎ᠠ ᠲᠦᠷᠢᠶᠡᠰᠦᠨ ᠮᠠᠰᠢᠨ ᠳᠤ ᠰᠠᠭᠤᠬᠤ᠂ ᠪᠤᠰᠤᠳ ᠤᠨ ᠲᠡᠷᠭᠡᠨ ᠳᠤ  ᠰᠠᠭᠤᠬᠤ‌ᠵᠡᠷᠭᠡ ᠬᠠᠤᠯᠢ ᠶᠣᠰᠣᠨ ᠤ ᠠᠷᠭ᠎ᠠ ᠬᠡᠯᠪᠡᠷᠢ ᠪᠠᠷ ᠬᠠᠮᠢᠶ᠎ᠠ ᠪᠥᠬᠦᠶ ᠰᠠᠯᠠᠭ᠎ᠠ  ᠮᠥᠴᠢᠷ ᠲᠤ  ᠬᠦᠷᠴᠦ  ᠰᠤᠷᠤᠯᠴᠠᠬᠤ ᠶᠢᠨ  ᠬᠠᠮᠲᠤ‌‍ᠰᠢᠯᠭᠠᠯᠲᠠ ᠶᠢ ᠲᠠᠮᠵᠢᠬᠤ  ᠬᠡᠷᠡᠭᠲᠡᠢ᠂  ᠡᠭᠦᠨ ᠠᠴᠠ  ᠡᠮᠦᠨ᠎ᠡ  ᠶᠠᠮᠠᠷ  ᠴᠤ  ᠵᠠᠪᠰᠢᠬᠤ  ᠪᠣᠳᠣᠯ  ᠣᠷᠣᠵᠤ  ᠪᠤᠯᠬᠤ  ᠦᠭᠡᠢ᠂ᠰᠠᠨᠠᠭ᠎ᠠ ᠪᠠᠷ ᠢᠶᠠᠨ ᠰᠡᠮᠡᠭᠡᠷ ᠲᠡᠷᠭᠡ ᠵᠢᠯᠣᠭᠤᠳᠴᠤ ᠵᠠᠮ ᠳᠤ ᠭᠠᠷᠴᠤ ᠨᠡᠩ ᠪᠣᠯᠬᠤ ᠦᠭᠡᠢ᠃             ᠲᠦᠷᠦᠭᠦᠬᠡᠨ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠷᠠᠳ ᠤᠨ ᠳᠡᠭᠡᠳᠦ ᠰᠢᠭᠦᠬᠦ  ᠬᠤᠷᠢᠶ᠎ᠠ  ᠪᠠ‌ᠠᠷᠠᠳ ᠤᠨ ᠳᠡᠭᠡᠳᠦ ᠪᠠᠶᠢᠴᠠᠭᠠᠬᠤ ᠬᠤᠷᠢᠶ᠎ᠠ᠂ ᠳᠣᠲᠣᠭᠠᠳᠤ ᠶᠢ  ᠬᠠᠮᠠᠭᠠᠯᠠᠬᠤ  ᠶᠠᠮᠤᠨ  ᠬᠠᠮᠲᠤᠷᠠᠨ  ︽︿ ᠯᠠᠶᠢᠮᠤᠤᠷᠳᠠᠵᠤ  ﹀ᠬᠠᠤᠯᠢ ᠠᠴᠠ ᠵᠥᠷᠢᠴᠡᠭᠰᠡᠨ ᠶᠠᠯᠠᠲᠤ ᠬᠡᠷᠡᠭ ᠢ ᠬᠠᠤᠯᠢ ᠶᠣᠰᠣᠭᠠᠷ ᠰᠢᠢᠳᠪᠦᠷᠢᠯᠡᠬᠦ ᠲᠤᠬᠠᠶ ᠵᠢᠯᠣᠭᠤᠳᠬᠤ ᠰᠠᠨᠠᠯ︾ ᠢ  ᠳᠠᠷᠤᠮᠠᠯᠯᠠᠨ‌‍ᠲ᠋ᠠᠷᠬᠠᠭᠠᠵᠠᠢ᠂ ᠰᠠᠨᠠᠯ ᠳᠤ ᠵᠢᠭᠠᠵᠤ ᠭᠠᠷᠭᠠᠭᠰᠠᠨ ᠨᠢ᠂ ᠣᠶᠢᠷ᠎ᠠ ᠶᠢᠨ ᠵᠢᠯ ᠳᠤ ︽ᠯᠠᠶᠢᠮᠤᠤᠷᠳᠠᠬᠤ︾  ᠦᠵᠡᠭᠳᠡᠯ  ᠪᠠᠶᠢᠨ  ᠳᠠᠬᠢᠨ‌ᠭᠠᠷᠴᠤ᠂  ᠡᠭᠦᠨ ᠳᠤ  ᠵᠠᠷᠢᠮ ᠨᠢ  ᠵᠣᠷᠢᠭᠤᠳᠠ  ᠵᠠᠮ  ᠬᠠᠷᠢᠯᠴᠠᠭᠠᠨ ᠤ  ᠠᠳᠡᠯ  ᠭᠠᠷᠭᠠᠵᠤ᠂ ᠬᠤᠤᠷ  ᠠᠮᠰᠠᠭᠴᠢ   ᠶᠢᠨ  ᠵᠠᠮ‌ᠨᠡᠪᠲᠡᠷᠡᠯᠭᠡ ᠶᠢᠨ ᠳᠦᠷᠢᠮ ᠠᠴᠠ ᠵᠦᠷᠢᠴᠡᠭᠰᠡᠨ ᠪᠤᠶᠤ ᠠᠷᠢᠬᠢ ᠤᠤᠭᠤᠭᠰᠠᠨ ᠤ  ᠳᠠᠷᠠᠭ᠎ᠠ  ᠲᠡᠷᠭᠡ  ᠵᠢᠯᠣᠭᠤᠳᠬᠤ᠂  ᠦᠨᠡᠮᠯᠡᠯ‌ᠦᠭᠡᠢ ᠪᠠᠷ ᠲᠡᠷᠭᠡ ᠵᠢᠯᠣᠭᠤᠳᠬᠤ᠂ ᠮᠠᠰᠢᠨᠲᠤ ᠲᠡᠷᠭᠡᠨ ᠤ ᠭᠠᠷ ᠭᠦᠢᠴᠡᠳᠬᠡᠯ ᠪᠦᠷᠢᠨ ᠪᠤᠰᠤ  ᠵᠡᠷᠭᠡ  ᠬᠠᠤᠯᠢ  ᠲᠣᠭᠲᠠᠭᠠᠯ ᠡᠴᠠ‌ᠵᠥ᠋ᠷᠢᠴᠡᠭᠰᠡᠨ ᠦᠢᠯᠡ ᠠᠵᠢᠯᠯᠠᠭ᠎ᠠ ᠬᠢᠭᠰᠡᠨ ᠤ ᠳᠠᠷᠠᠭ᠎ᠠ᠂ ᠪᠠᠶᠢᠴᠠᠭᠠᠨ ᠰᠢᠢᠳᠬᠡᠭᠳᠡᠬᠦ ᠠᠴᠠ ᠠᠶᠤᠬᠤ ᠰᠡᠳᠬᠢᠴᠡ ᠶᠢ  ᠠᠰᠢᠭᠯᠠᠨ‌ᠮᠥ᠋ᠩᠭᠦ ᠯᠠᠶᠢᠮᠤᠤᠷᠳᠠᠳᠠᠭ᠃ ᠨᠡᠶᠢᠭᠡᠮ ᠨᠡᠶᠢᠲᠡ ᠶᠢᠨ ᠬᠢᠨ ᠥᠪᠡᠷ ᠢ ᠪᠠᠨ ᠬᠠᠮᠠᠭᠠᠯᠠᠬᠤ ᠦᠵᠡᠯ ᠤᠬᠠᠮᠰᠠᠷ ᠢᠶᠠᠨ  ᠴᠢᠩᠭᠠᠳᠬᠠᠵᠤ᠂ᠡᠶᠢᠮᠦᠷᠬᠦᠦ ᠪᠠᠶᠢᠳᠠᠯ ᠳᠤ ᠲᠤᠯᠭᠠᠷᠠᠪᠠᠯ᠂ ᠴᠠᠭ ᠲᠤᠬᠠᠶ ᠳᠤᠨᠢ ᠴᠠᠭᠳᠠᠭ᠎ᠠ ᠳᠤ ᠮᠡᠳᠡᠭᠦᠯᠵᠦ᠂ ᠥᠪᠡᠷ ᠤᠨ ᠬᠠᠤᠯᠢ ᠶᠣᠰᠣᠨ ᠤ ᠡᠷᠬᠡ‌ᠠᠰᠢᠭ ᠢᠶᠠᠨ ᠬᠠᠤᠯᠢ ᠶᠣᠰᠣᠭᠠᠷ ᠬᠠᠮᠠᠭᠠᠯᠠᠬᠤ ᠬᠡᠷᠡᠭᠲᠡᠶ᠃ ︵ᠰᠤᠷᠪᠤᠯᠵᠢᠯᠠᠭᠴᠢ ᠵᠠᠩ ᠼᠦᠩ ᠡᠮᠬᠢᠳᠬᠡᠪᠡ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号