ᠭᠤᠯᠢᠷ ᠬᠤᠭᠤᠯᠠᠨ ᠭᠡᠷ ᠠᠴᠠ ᠪᠠᠶᠠᠵᠢᠯ ᠤᠨ ᠵᠠᠮ ᠲᠡᠰᠢ
ᠨᠡᠶᠢᠲᠡᠯᠡᠭᠰᠡᠨ ᠴᠠᠭ᠄
2024/6/17

    ︽ᠡᠳᠦᠷ ᠤᠨ ᠠᠵᠢᠯ ᠥᠷᠯᠥᠭᠡ‌᠎ ᠠᠴᠠ︾ ᠭᠡᠳᠡᠭᠴᠢᠯᠡᠨ ᠪᠠᠯᠭᠠᠷᠭᠤᠣᠯ ᠪᠠᠯᠭᠠᠰᠤᠨ ᠳᠤ ᠭᠤᠯᠢᠷ ᠬᠤᠭᠤᠯᠠᠨ

ᠭᠡᠷ ᠡᠷᠬᠢᠯᠡᠳᠡᠭ ᠮᠥᠩᠭᠦᠨᠪᠠᠭᠠᠨ᠎ᠠ᠂ ᠲᠤᠶᠠᠭ᠎ᠠ ᠬᠤᠶᠠᠷ ᠡᠨᠡ ᠡᠳᠦᠷ ᠪᠠᠰᠠ ᠯᠡ ᠤᠷᠭᠤᠬᠤ ᠨᠠᠷᠠᠨ ᠠᠴᠠ ᠤᠷᠢᠳᠤᠭᠤᠷ

ᠠᠵᠢᠯ ᠳᠠᠭᠠᠨ ᠣᠷᠣᠵᠤ᠂ ᠭᠠᠯ ᠲᠣᠭᠤᠭᠠᠨ ᠤ ᠵᠢᠵᠢᠭᠬᠡᠨ ᠥᠷᠥᠭᠡᠨ ᠳᠡᠭᠡᠨ ᠮᠠᠰᠢ ᠶᠠᠭᠠᠷᠠᠯᠲᠠᠢ ᠠᠵᠢᠯᠯᠠᠨ᠎ᠠ  ᠃

    ᠮᠥᠩᠭᠦᠨᠪᠠᠭᠠᠨ᠎ᠠ᠂ ᠲᠤᠶᠠᠭ᠎ᠠ ᠪᠣᠯ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠤᠮᠤᠨ ᠤ

ᠰᠠᠶᠢᠬᠠᠨᠨᠠᠭᠤᠷ ᠭᠠᠴᠠᠭᠠᠨ ᠤ ᠮᠠᠯᠴᠢᠨ᠃ ᠲᠡᠷᠡ ᠬᠤᠶᠠᠭᠤᠯᠠ 2007 ᠣᠨ ᠳᠤ ᠬᠤᠰᠢᠭᠤᠨ ᠲᠥᠪ ᠪᠠᠯᠭᠠᠷᠭᠤᠣᠯ

ᠪᠠᠯᠭᠠᠰᠤᠨ ᠳᠤ   ᠢᠷᠡᠵᠦ᠂ ᠬᠡᠦᠬᠡᠳ ᠢᠶᠠᠨ ᠬᠠᠷᠠᠵᠤ ᠬᠠᠷᠠᠭᠠᠯᠵᠠᠬᠤ ᠶᠢᠨ ᠳᠠᠭᠠᠤ ᠥᠪᠡᠷ ᠲᠡᠭᠡᠨ ᠲᠣᠬᠢᠷᠠᠭᠰᠠᠨ

ᠬᠥᠯᠥᠰᠦᠨ ᠠᠵᠢᠯ ᠬᠢᠵᠦ ᠡᠬᠢᠯᠡᠵᠡᠢ᠃ ᠪᠠᠷᠢᠯᠭ᠎ᠠ ᠶᠢᠨ ᠠᠵᠢᠯ᠂ ᠡᠪᠡᠰᠦ ᠬᠠᠳᠤᠯᠠᠩ ᠤᠨ ᠠᠵᠢᠯ ᠭᠡᠳ ᠡᠳᠡᠭᠡᠷ ᠣᠯᠠᠨ

ᠵᠢᠯ ᠳᠤ ᠲᠡᠷᠡ ᠬᠤᠶᠠᠷ ᠤᠯᠠᠨ ᠲᠥᠷᠦᠯ ᠤᠨ ᠬᠥᠯᠥᠰᠦᠨ ᠠᠵᠢᠯ ᠬᠢᠵᠦ ᠶᠠᠪᠤᠬᠤ ᠳᠠᠭᠠᠨ ᠠᠵᠢᠯ ᠢ ᠶᠡᠷᠦ ᠨᠢ

ᠭᠤᠯᠣᠵᠤ ᠦᠵᠡᠭᠰᠡᠨ ᠦᠭᠡᠢ᠂ ᠬᠠᠷᠢᠨ ᠨᠢᠭᠡ ᠡᠳᠦᠷ ᠴᠤ ᠭᠡᠰᠡᠨ ᠠᠵᠢᠯ ᠦᠭᠡᠢ ᠵᠦᠭᠡᠷ ᠰᠠᠭᠤᠬᠤ ᠶᠢ ᠲᠡᠪᠴᠢᠳᠡᠭ

ᠪᠠᠶᠢᠵᠠᠢ᠃ ᠭᠡᠷᠭᠡᠢ ᠲᠤᠶᠠᠭ᠎ᠠ ᠨᠢ ᠣᠯᠠᠨ ᠵᠢᠯ ᠬᠤᠭᠤᠯᠠᠨ ᠭᠡᠷ ᠲᠤ ᠠᠵᠢᠯᠯᠠᠭᠰᠠᠨ ᠢᠶᠠᠷ ᠬᠤᠭᠤᠯᠠᠨ ᠭᠡᠷ ᠤᠨ

ᠠᠵᠢᠯ ᠳᠤ ᠵᠣᠬᠢᠬᠤ ᠲᠤᠷᠰᠢᠯᠭ᠎ᠠ ᠲᠠᠢ ᠪᠣᠯᠵᠤ᠂ 2019 ᠣᠨ ᠳᠤ  ᠪᠠᠯᠭᠠᠷᠭᠤᠣᠯ ᠪᠠᠯᠭᠠᠰᠤᠨ ᠳᠤ ︽ᠢᠲᠡᠭᠡᠯᠲᠡᠢ︾

ᠦᠬᠡᠷ ᠤᠨ  ᠮᠢᠬᠠᠨ ᠭᠤᠯᠢᠷ ᠬᠤᠭᠤᠯᠠᠨ ᠭᠡᠷ ᠡᠷᠬᠢᠯᠡᠵᠦ  ᠂ ᠬᠥᠳᠡᠭᠡ ᠶᠢᠨ ᠪᠠᠶᠢᠭᠠᠯᠢᠯᠢᠭ  ᠪᠡᠯᠴᠢᠭᠡᠷ ᠤᠨ ᠰᠢᠨ᠎ᠡ

ᠰᠣᠷᠭᠤᠭ ᠦᠬᠡᠷ ᠤᠨ ᠮᠢᠬ᠎ᠠ  ᠪᠠᠷ ᠭᠤᠯᠢᠷ ᠬᠤᠭᠤᠯᠠ ᠶᠢ ᠦᠨᠦᠷ ᠠᠮᠲᠠᠲᠠᠢ ᠬᠢᠵᠦ᠂ ᠮᠠᠰᠢ ᠣᠯᠠᠨ ᠵᠣᠴᠢᠳ ᠤᠨ

ᠬᠦᠷᠢᠶᠡᠯᠡᠯ ᠢ ᠣᠯᠣᠭᠰᠠᠨ ᠪᠠᠶᠢᠨ᠎ᠠ᠃

    ︽ᠠᠩᠬ᠎ᠠ ᠡᠬᠢᠨ ᠳᠡᠭᠡᠨ ᠬᠤᠭᠤᠯᠠᠨ ᠭᠡᠷ ᠤᠨ ᠵᠣᠴᠢᠳ ᠲᠡᠶᠢᠮᠦ ᠤᠯᠠᠨ ᠪᠢᠰᠢ᠂ ᠡᠨᠡ ᠬᠡᠳᠦᠨ ᠵᠢᠯ ᠳᠤ ᠢᠳᠡᠭ

ᠢᠳᠡᠭ ᠢᠶᠠᠷ ᠵᠣᠴᠢᠳ ᠣᠯᠠᠰᠢᠷᠠᠭᠰᠠᠨ︾ ᠬᠡᠮᠡᠨ ᠮᠥᠩᠭᠡᠨᠪᠠᠭᠠᠨ᠎ᠠ ᠶᠠᠷᠢᠯ᠎ᠠ᠃ ᠬᠤᠭᠤᠯᠠᠨ ᠭᠡᠷ ᠡᠷᠬᠢᠯᠡᠭᠰᠡᠨ ᠡᠳᠡᠭᠡᠷ ᠵᠢᠯ

᠎ ᠤᠳ ᠲᠤ ᠲᠡᠷᠡ ᠬᠤᠶᠠᠷ ᠵᠦᠪᠬᠡᠨ ᠨᠢᠭᠡ ᠯᠡ ᠵᠦᠢᠯ ᠢ ᠪᠠᠷᠢᠮᠲᠠᠯᠠᠭᠰᠠᠭᠠᠷ ᠢᠷᠡᠵᠡᠢ᠃ ᠲᠡᠷᠡ ᠨᠢ ᠳᠠᠷᠤᠢ ︽ᠢᠲᠡᠭᠡᠯ︾᠂

ᠲᠡᠶᠢᠮᠦ ᠠᠴᠠ ᠬᠤᠭᠤᠯᠠᠨ ᠭᠡᠷ ᠤᠨ ᠨᠡᠷᠡᠶᠢᠳᠦᠯ ᠢᠶᠠᠨ ᠴᠤ ᠭᠡᠰᠡᠨ ︽ᠢᠲᠡᠭᠡᠯᠲᠡᠢ︾ ᠭᠡᠰᠡᠨ ᠪᠠᠶᠢᠨ᠎ᠠ᠃ ᠠᠷᠢᠭᠤᠨ

ᠴᠡᠪᠡᠷ   ᠬᠤᠭᠤᠯᠯᠠᠬᠤ ᠣᠷᠴᠢᠨ ᠠᠴᠠ ᠡᠬᠢᠯᠡᠭᠡᠳ ᠡᠲᠡᠭᠡᠳ ᠭᠤᠶᠤ ᠠᠮᠲᠠᠲᠠᠢ ᠭᠤᠯᠢᠷ ᠬᠤᠭᠤᠯᠠ᠂ ᠬᠠᠯᠠᠭᠤᠨ

ᠵᠣᠴᠢᠨᠰᠠᠭ ᠦᠢᠯᠡᠴᠢᠯᠡᠭᠡ ᠨᠢ ᠴᠥᠮ ᠡᠳᠦᠷ ᠠᠴᠠ ᠡᠳᠦᠷ ᠨᠡᠩ ᠤᠯᠠᠨ ᠵᠣᠴᠢᠳ ᠢ ᠲᠠᠲᠠᠵᠤ᠂ ᠣᠳᠤ ᠪᠣᠯᠬᠤ ᠳᠤ

ᠡᠳᠦᠷ  ᠤᠨ 200 ᠭᠠᠷᠤᠢ ᠠᠶᠠᠭ᠎ᠠ ᠭᠤᠯᠢᠷ ᠬᠤᠭᠤᠯᠠ ᠬᠢᠵᠦ᠂ ᠬᠤᠭᠤᠯᠠᠨ ᠭᠡᠷ ᠤᠨ ᠵᠢᠵᠢᠭᠬᠡᠨ ᠥᠷᠥᠭᠡᠨ ᠤ ᠬᠢᠨᠢ

ᠲᠠᠪᠤᠨ ᠰᠢᠷᠡᠭᠡ ᠨᠢ ᠦᠷᠭᠦᠯᠵᠢ ᠵᠣᠴᠢᠳ ᠳᠦᠭᠦᠷᠴᠦ᠂ ᠵᠠᠷᠢᠮ ᠨᠢᠭᠡ ᠨᠢ ᠭᠠᠳᠠᠨ᠎ᠠ ᠲᠡᠷᠭᠡᠨ ᠳᠡᠭᠡᠨ ᠰᠠᠭᠤᠵᠤ ᠣᠷᠣ

ᠭᠠᠷᠬᠤ ᠶᠢ ᠬᠦᠯᠢᠶᠡᠳᠡᠭ ᠪᠣᠯᠤᠭᠰᠠᠨ ᠪᠠᠶᠢᠨ᠎ᠠ᠃ ᠬᠤᠭᠤᠯᠠᠨ ᠭᠡᠷ ᠤᠨ ᠣᠷᠣᠯᠭ᠎ᠠ ᠨᠢ ᠡᠳᠦᠷ ᠢᠷᠡᠬᠦᠶ᠎ᠡ

ᠰᠠᠶᠢᠵᠢᠷᠠᠭᠰᠠᠨ ᠠᠴᠠ ᠮᠥᠩᠭᠦᠨᠪᠠᠭᠠᠨ᠎ᠠ ᠲᠤᠶᠠᠭ᠎ᠠ ᠬᠤᠶᠠᠷ ᠤᠨ ᠤᠤᠯ ᠠᠴᠠ ᠪᠠᠨ ᠴᠢᠨᠡᠭᠡᠯᠢᠭ ᠪᠠᠶᠢᠭᠰᠠᠨ ᠠᠮᠢᠳᠤᠷᠠᠯ

᠎ ᠨᠢ ᠨᠡᠩ ᠴᠢᠨᠡᠭᠡᠯᠢᠭᠵᠢᠵᠦ  ᠂ ᠬᠤᠲᠠ ᠬᠥᠳᠡᠭᠡ  ᠶᠢᠨ ᠪᠠᠶᠠᠨ ᠴᠢᠨᠡᠭᠡᠯᠢᠭ ᠠᠶᠢᠯ ᠡᠷᠥᠬᠡ ᠠᠴᠠ ᠳᠤᠲᠠᠬᠤ ᠵᠦᠢᠯ

ᠦᠭᠡᠢ ᠪᠣᠯᠵᠠᠢ  ᠃

    ︽ᠴᠢᠷᠮᠠᠶᠢᠯᠭ᠎ᠠ ᠬᠥᠮᠥᠨ ᠢ ᠭᠤᠮᠣᠳᠠᠳᠠᠭ ᠦᠭᠡᠢ︾ ᠭᠡᠳᠡᠭ ᠢ ᠮᠥᠩᠭᠦᠨᠪᠠᠭᠠᠨ᠎ᠠ᠂ ᠲᠤᠶᠠᠭ᠎ᠠ ᠬᠤᠶᠠᠷ ᠦᠢᠯᠡᠳᠦᠯᠭᠡ

᠎ ᠠᠴᠠ ᠭᠡᠷᠡᠴᠢᠯᠡᠵᠦ᠂  ᠠᠮᠢᠳᠤᠷᠠᠯ ᠦᠢᠯᠡᠰ ᠤᠨ ᠵᠠᠮ ᠳᠠᠭᠠᠨ ᠣᠯᠣᠯᠲᠠ ᠠᠮᠵᠢᠯᠲᠠ ᠳᠦᠭᠦᠷᠡᠩ ᠶᠠᠪᠤᠵᠤ᠂ ᠰᠢᠨ᠎ᠡ

ᠬᠠᠷᠠᠯᠲᠠ ᠵᠣᠷᠢᠯᠲᠠ ᠲᠡᠰᠢ ᠢᠳᠡᠷᠡᠭᠦᠨ ᠠᠯᠬᠤᠨ᠎ᠠ᠃

 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号