ᠮᠠᠩᠬᠠᠨ ᠨᠤᠲᠤᠭ ᠤᠨ ᠭᠦᠨ ᠳᠠᠬᠢ ︽ᠠᠮᠢ ᠠᠬᠤᠢ ᠶᠢᠨ ᠬᠠᠮᠠᠭᠠᠯᠠᠭᠴᠢ︾ ᠭᠠᠩᠪᠣᠯᠣᠳ
ᠨᠡᠶᠢᠲᠡᠯᠡᠭᠰᠡᠨ ᠴᠠᠭ᠄
2024/6/17

    ᠠᠪᠠᠭ᠎ᠠ ᠬᠤᠰᠢᠭᠤᠨ ᠤ ᠴᠠᠭᠠᠨᠨᠠᠭᠤᠷ ᠪᠠᠯᠭᠠᠰᠤᠨ ᠤ ᠪᠠᠶᠠᠨᠨᠠᠭᠤᠷ ᠭᠠᠴᠠᠭ᠎ᠠ ᠪᠣᠯ ᠬᠤᠯᠠᠨ ᠰᠢᠷᠭ᠎ᠠ ᠳᠠᠭ᠎ᠠ ᠶᠢᠨ

ᠡᠯᠡᠰᠦᠷᠬᠡᠭ ᠭᠠᠵᠠᠷ ᠤᠨ ᠬᠤᠶᠢᠲᠤ ᠵᠠᠬ᠎ᠠ ᠪᠠᠷ ᠪᠠᠶᠢᠷᠢᠯᠠᠵᠤ᠂ ᠡᠯᠡᠰᠦᠷᠬᠡᠭ ᠭᠠᠵᠠᠷ ᠤᠨ ᠲᠠᠯ᠎ᠠ ᠨᠤᠲᠤᠭ ᠲᠤ

ᠬᠠᠷᠢᠶᠠᠯᠠᠭᠳᠠᠵᠤ᠂ ᠪᠦᠬᠦ ᠭᠠᠴᠠᠭᠠᠨ ᠤ 61 ᠲᠦᠮᠡᠨ ᠮᠦ ᠨᠤᠲᠤᠭ ᠪᠡᠯᠴᠢᠭᠡᠷ ᠤᠨ ᠡᠯᠡᠰᠦᠷᠬᠡᠭ ᠭᠠᠵᠠᠷ ᠨᠢ ᠵᠠᠭᠤᠨ ᠤ

ᠶᠡᠷᠡ ᠭᠠᠷᠤᠢ ᠶᠢ ᠡᠵᠡᠯᠡᠵᠦ᠂ ᠡᠯᠡᠰᠦᠷᠬᠡᠭᠵᠢᠬᠦ ᠶᠢ ᠰᠡᠷᠭᠡᠶᠢᠯᠡᠨ ᠡᠯᠡᠰᠦ ᠶᠢ ᠲᠣᠭᠲᠠᠪᠤᠷᠢᠵᠢᠭᠤᠯᠬᠤ ᠡᠭᠦᠷᠭᠡ ᠬᠦᠨᠳᠦ

ᠪᠠᠶᠢᠳᠠᠭ᠃ ᠤᠳᠤ ᠪᠣᠯᠬᠤ ᠳᠤ᠂ ᠣᠢ ᠰᠢᠭᠤᠢ ᠮᠣᠳᠣ ᠬᠥᠬᠡᠷᠡᠨ ᠨᠣᠭᠤᠭᠠᠷᠠᠵᠤ᠂ ᠨᠠᠭᠤᠷ ᠤᠨ ᠤᠰᠤ ᠲᠤᠩᠭᠠᠯᠠᠭᠰᠢᠵᠤ᠂

ᠡᠯ᠎ᠡ ᠵᠦᠢᠯ ᠤᠨ ᠰᠢᠪᠠᠭᠤᠳ ᠤᠨ ᠣᠷᠣᠰᠢᠨ ᠠᠮᠢᠳᠤᠷᠠᠬᠤ ᠳᠤ ᠲᠣᠬᠢᠷᠠᠮᠵᠢᠲᠠᠢ ᠭᠠᠵᠠᠷ ᠪᠣᠯᠵᠤ᠂ ᠮᠠᠩᠬᠠᠨ

ᠨᠤᠲᠤᠭ ᠤᠨ ᠠᠮᠢ ᠠᠬᠤᠢ ᠶᠢᠨ ᠬᠠᠮᠠᠭᠠᠯᠠᠯᠲᠠ ᠪᠠ ᠰᠡᠷᠭᠦᠯᠲᠡ ᠶᠢᠨ ᠰᠢᠨ᠎ᠡ ᠵᠢᠷᠤᠭ ᠡᠨᠡ ᠨᠤᠲᠤᠭ ᠲᠤ ᠠᠯᠭᠤᠷᠬᠠᠨ

ᠳᠡᠯᠭᠡᠭᠳᠡᠵᠦ ᠪᠤᠢ᠃    

    ᠪᠠᠶᠠᠨᠨᠠᠭᠤᠷ ᠭᠠᠴᠠᠭᠠᠨ ᠤ ᠮᠠᠯᠴᠢᠨ ᠭᠠᠩᠪᠣᠯᠣᠳ ᠤᠨ ᠬᠢᠨ ᠤ 8000 ᠮᠦ ᠨᠤᠲᠤᠭ ᠲᠤ 1000 ᠭᠠᠷᠤᠢ

ᠮᠦ ᠪᠠᠶᠢᠭᠠᠯᠢᠯᠢᠭ ᠤᠯᠠᠭᠠᠨ ᠪᠤᠷᠭᠠᠰᠤ ᠤᠷᠭᠤᠵᠠᠢ᠃ ᠤᠯᠠᠭᠠᠨ ᠪᠤᠷᠭᠠᠰᠤ ᠨᠢ ᠭᠡᠷᠡᠯ ᠳᠤ ᠳᠤᠷᠠᠲᠠᠢ᠂ ᠭᠠᠩ ᠳᠤ

ᠳᠠᠭᠠᠭᠠᠴᠠ ᠲᠠᠢ᠂ ᠬᠦᠢᠲᠡᠨ ᠳᠤ ᠲᠡᠰᠪᠦᠷᠢᠲᠡᠢ᠂ ᠤᠰᠤ ᠴᠢᠭᠢᠭ ᠲᠤ ᠰᠠᠶᠢᠨ᠂ ᠵᠠᠰᠠᠵᠤ ᠬᠠᠳᠤᠬᠤ ᠳᠤ ᠠᠯᠵᠢᠬᠤ ᠦᠭᠡᠢ᠂

ᠮᠠᠩᠬᠠᠨ ᠨᠤᠲᠤᠭ ᠲᠤ ᠥᠷᠭᠡᠨ ᠢᠶᠠᠷ ᠲᠠᠷᠬᠠᠵᠤ ᠪᠠᠶᠢᠭ᠎ᠠ ᠤᠷᠭᠤᠮᠠᠯ ᠤᠨ ᠨᠢᠭᠡ ᠪᠠᠶᠢᠵᠤ᠂ ᠰᠠᠯᠬᠢ ᠶᠢ ᠬᠠᠯᠬᠠᠯᠠᠨ

ᠡᠯᠡᠰᠦ ᠶᠢ ᠲᠣᠭᠲᠠᠪᠤᠷᠢᠵᠢᠭᠤᠯᠬᠤ ᠰᠢᠯᠢᠳᠡᠭ ᠰᠠᠶᠢᠨ ᠤᠷᠭᠤᠮᠠᠯ ᠪᠣᠯᠬᠤ ᠪᠠᠷ ᠪᠠᠷᠠᠬᠤ ᠦᠭᠡᠢ᠂ ᠪᠠᠰᠠ ᠬᠥᠷᠥᠰᠥ

ᠰᠢᠷᠣᠢ ᠶᠢ ᠬᠠᠮᠠᠭᠠᠯᠠᠵᠤ ᠣᠶᠢᠵᠢᠭᠤᠯᠬᠤ ᠮᠣᠳᠣᠨ ᠤ ᠲᠦᠷᠦᠯ ᠪᠣᠯᠣᠨ᠎ᠠ᠃

    ᠤᠯᠠᠭᠠᠨ ᠪᠤᠷᠭᠠᠰᠤ ᠶᠢᠨ ᠤᠷᠭᠤᠯᠲᠠ ᠶᠢ ᠪᠠᠲᠤᠯᠠᠬᠤ ᠳᠤ ᠨᠠᠷᠢᠨ ᠨᠢᠮᠪᠠᠢ ᠠᠷᠠᠴᠢᠯᠠᠭ᠎ᠠ ᠬᠠᠮᠠᠭᠠᠯᠠᠯᠲᠠ ᠠᠴᠠ

ᠰᠠᠯᠵᠤ ᠴᠢᠳᠠᠬᠤ ᠦᠭᠡᠢ ᠨᠢ ᠳᠠᠮᠵᠢᠭ ᠦᠭᠡᠢ᠃ ᠬᠡᠭᠡᠷ᠎ᠡ ᠶᠢᠨ ᠤᠷᠭᠤᠮᠠᠯ ᠪᠠᠶᠢᠭᠰᠠᠨ ᠴᠦ ᠵᠢᠯ ᠲᠤᠷᠰᠢ ᠬᠠᠮᠠᠭᠠᠯᠠᠵᠤ

ᠵᠠᠰᠠᠬᠤ ᠴᠢᠬᠤᠯᠠ ᠲᠠᠢ ᠬᠡᠮᠡᠨ ᠭᠠᠩᠪᠣᠯᠣᠳ ᠦᠵᠡᠳᠡᠭ ᠶᠤᠮ ᠪᠣᠯᠬᠤᠷ 1999 ᠣᠨ ᠠᠴᠠ ᠣᠳᠣ ᠪᠣᠯᠲᠠᠯ᠎ᠠ᠂ ᠲᠡᠷᠡ

ᠨᠤᠲᠤᠭ ᠳᠡᠭᠡᠷᠡᠬᠢ ᠬᠡᠭᠡᠷ᠎ᠡ ᠶᠢᠨ ᠤᠯᠠᠭᠠᠨ ᠪᠤᠷᠭᠠᠰᠤᠨ ᠤ ᠤᠭ ᠤᠨ ᠪᠣᠭ ᠢ ᠠᠷᠢᠯᠭᠠᠬᠤ᠂ ᠤᠰᠤᠯᠠᠬᠤ᠂

ᠬᠤᠪᠠᠭ᠋ᠠᠶᠢᠷᠠᠭᠰᠠᠨ ᠰᠠᠯᠠᠭ᠎ᠠ ᠶᠢ ᠨᠢ ᠵᠠᠰᠠᠬᠤ᠂ ᠡᠪᠡᠳᠴᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠬᠤ

ᠵᠡᠷᠭᠡ ᠪᠠᠷ ᠠᠷᠠᠴᠢᠯᠠᠨ ᠬᠠᠮᠠᠭᠠᠯᠠᠵᠤ᠂ ᠤᠷᠭᠤᠯᠲᠠ ᠶᠢ ᠨᠢ ᠬᠠᠮᠠᠭᠠᠯᠠᠭᠰᠠᠭᠠᠷ ᠢᠷᠡᠵᠡᠢ᠃

    ︽ᠶᠠᠷᠢᠶᠠᠨ ᠦᠭᠡᠢ ᠤᠯᠠᠭᠠᠨ ᠪᠤᠷᠭᠠᠰᠤᠨ ᠤ ᠡᠯᠡᠰᠦᠷᠬᠡᠭᠵᠢᠬᠦ ᠶᠢ ᠰᠡᠷᠭᠡᠶᠢᠯᠡᠵᠦ ᠡᠯᠡᠰᠦ ᠶᠢ

ᠲᠣᠭᠲᠠᠪᠤᠷᠢᠵᠢᠭᠤᠯᠬᠤ ᠦᠢᠯᠡᠳᠦᠯ ᠮᠠᠰᠢ ᠰᠠᠶᠢᠨ ᠪᠠᠶᠢᠵᠤ᠂ ᠰᠠᠯᠬᠢ ᠰᠢᠭᠤᠷᠭ᠎ᠠ ᠶᠢ ᠬᠠᠯᠬᠠᠯᠠᠵᠤ᠂ ᠮᠠᠩᠬᠠᠨ ᠤ ᠦᠬᠡᠷ

ᠪᠡᠯᠴᠢᠭᠡᠷ ᠤᠨ ᠪᠤᠷᠭᠠᠰᠤᠨ ᠳᠤ ᠪᠠᠨ ᠬᠤᠨᠣᠬᠤ ᠳᠤ ᠭᠤᠶᠤ ᠨᠥᠮᠥᠷᠢ ᠲᠠᠢ ᠪᠠᠶᠢᠳᠠᠭ᠃ ᠡᠭᠦᠨ ᠠᠴᠠ ᠭᠠᠳᠠᠨ᠎ᠠ

ᠤᠯᠠᠭᠠᠨ ᠪᠤᠷᠭᠠᠰᠤᠨ ᠤ ᠬᠤᠪᠠᠭ᠋ᠠᠶᠢᠷᠠᠭᠰᠠᠨ ᠰᠠᠯᠠᠭ᠎ᠠ ᠨᠠᠮᠠᠭ᠎ᠠ᠂ ᠦᠨᠳᠦᠰᠦ ᠨᠢ ᠬᠠᠲᠠᠭᠤ ᠪᠥᠭᠡᠳ ᠨᠢᠭᠲᠠ ᠲᠤᠯᠠ

ᠲᠦᠯᠡᠭᠡ ᠪᠣᠯᠭᠠᠨ ᠬᠡᠷᠡᠭᠯᠡᠵᠦ ᠪᠣᠯᠣᠨ᠎ᠠ᠃ ᠪᠠᠰᠠ ᠰᠠᠯᠠᠭ᠎ᠠ ᠨᠠᠮᠠᠭ᠎ᠠ ᠨᠢ ᠤᠶᠠᠨ ᠵᠥᠭᠡᠯᠡᠨ᠂ ᠤᠷᠲᠤ ᠪᠣᠯᠬᠤᠷ ᠬᠤᠷᠤᠭ᠎ᠠ

ᠬᠠᠰᠢᠶ᠎ᠠ᠂ ᠬᠤᠷᠤᠭ᠎ᠠ ᠬᠠᠰᠢᠶᠠᠨ ᠤ ᠡᠭᠦᠳᠡ᠂ ᠪᠠᠭᠠᠵᠢ ᠬᠡᠷᠡᠭᠰᠡᠯ᠂ ᠡᠳᠦᠷ ᠲᠤᠳᠤᠮ ᠤᠨ ᠬᠡᠷᠡᠭᠯᠡᠭᠡᠨ ᠤ ᠵᠦᠢᠯᠡᠰ ᠢ

ᠬᠦᠷᠦᠵᠦ ᠪᠣᠯᠣᠨ᠎ᠠ᠃ ᠤᠯᠠᠭᠠᠨ ᠪᠤᠷᠭᠠᠰᠤᠨ ᠤ ᠦᠢᠯᠡᠳᠪᠦᠷᠢᠯᠡᠯ ᠠᠮᠢᠳᠤᠷᠠᠯ ᠳᠤᠮᠳᠠᠬᠢ ᠬᠡᠷᠡᠭᠴᠡᠭᠡ ᠦᠢᠯᠡᠳᠦᠯ ᠮᠠᠰᠢ

ᠥᠷᠭᠡᠨ ᠪᠠᠶᠢᠳᠠᠭ ᠰᠢᠦ︾ ᠬᠡᠮᠡᠨ ᠭᠠᠩᠪᠣᠯᠣᠳ ᠲᠠᠨᠢᠯᠴᠠᠭᠤᠯᠤᠨ᠎ᠠ᠃

    20 ᠭᠠᠷᠤᠢ ᠵᠢᠯ ᠤᠨ ᠲᠤᠷᠰᠢ ᠤᠯᠠᠭᠠᠨ ᠪᠤᠷᠭᠠᠰᠤ ᠪᠠᠨ ᠬᠠᠮᠠᠭᠠᠯᠠᠵᠤ ᠢᠷᠡᠭᠰᠡᠨ ᠲᠤᠬᠠᠢ ᠪᠠᠨ

ᠶᠠᠷᠢᠬᠤ ᠳᠤ ᠪᠠᠨ ᠭᠠᠩᠪᠣᠯᠣᠳ᠄ ︽ᠠᠩᠬ᠎ᠠ ᠡᠬᠢᠯᠡᠭᠡᠳ ᠪᠡᠯᠴᠢᠭᠡᠷ ᠲᠤ ᠪᠠᠶᠢᠭᠠᠯᠢᠯᠢᠭ ᠢᠶᠠᠷ ᠤᠷᠭᠤᠭᠰᠠᠨ ᠤᠯᠠᠭᠠᠨ

ᠪᠤᠷᠭᠠᠰᠤ ᠪᠠᠨ ᠤᠷᠭᠤᠯᠲᠠ ᠰᠠᠶᠢᠲᠠᠢ ᠪᠠᠶᠢᠯᠭᠠᠵᠤ᠂ ᠡᠯᠡᠰᠦ ᠶᠢ ᠲᠣᠭᠲᠠᠪᠤᠷᠢᠵᠢᠭᠤᠯᠬᠤ ᠦᠢᠯᠡᠳᠦᠯ ᠢ ᠨᠢ

ᠪᠠᠳᠠᠷᠠᠭᠤᠯᠤᠶ᠎ᠠ ᠬᠡᠮᠡᠨ ᠳᠥᠭᠦᠮᠬᠡᠨ ᠵᠣᠷᠢᠯᠲᠠ ᠲᠠᠢ ᠬᠠᠮᠠᠭᠠᠯᠠᠵᠤ ᠪᠠᠶᠢᠭᠰᠠᠨ᠃ ᠬᠡᠷᠪᠡ ᠠᠷᠠᠴᠢᠠᠯᠵᠤ ᠬᠠᠮᠠᠭᠠᠯᠠᠬᠤ

ᠦᠭᠡᠢ ᠪᠣᠯ ᠲᠤᠭ᠎ᠠ ᠬᠡᠮᠵᠢᠶ᠎ᠡ ᠪᠣᠯᠣᠨ ᠲᠠᠯᠠᠪᠠᠢ ᠨᠢ ᠵᠢᠯ ᠠᠴᠠ ᠵᠢᠯ ᠪᠠᠭᠠᠰᠬᠤ ᠯᠡ ᠪᠣᠯᠣᠨ᠎ᠠ᠃ ᠤᠳᠠᠭᠠᠨ ᠵᠢᠯ

ᠪᠠᠷᠢᠮᠲᠠᠯᠠᠨ᠎ᠠ ᠭᠡᠵᠦ ᠦᠨᠡᠨ ᠳᠤ ᠪᠠᠨ ᠬᠡᠴᠡᠭᠦᠬᠡᠨ ᠠᠵᠢᠯ ᠶᠤᠮ ᠠ᠋᠃ ᠭᠡᠪᠡᠴᠦ ᠶᠠᠭᠠᠬᠢᠬᠤᠪ ᠡᠳᠡᠭᠡᠷ ᠵᠢᠯ ᠤᠳ ᠲᠤ

ᠢᠯᠡᠳᠲᠡ ᠦᠷ᠎ᠡ ᠪᠦᠳᠦᠮᠵᠢ ᠣᠯᠣᠭᠰᠠᠨ ᠤ ᠳᠡᠭᠡᠷ᠎ᠡ ᠣᠶᠢᠷ᠎ᠠ ᠶᠢᠨ ᠬᠡᠳᠦᠨ ᠵᠢᠯ ᠤᠨ ᠲᠦᠷᠦ ᠶᠢᠨ ᠪᠣᠳᠣᠯᠭ᠎ᠠ ᠶᠢᠨ

ᠤᠬᠠᠭᠤᠯᠭ᠎ᠠ ᠪᠠᠷ ᠡᠷᠬᠢᠨ ᠲᠣᠭᠤᠷᠢᠨ ᠤ ᠠᠶᠢᠯ ᠰᠠᠬᠠᠭᠠᠯᠲᠠ ᠶᠢᠨ ᠮᠠᠯᠴᠢᠳ ᠴᠦ ᠥᠪᠡᠷ ᠥᠪᠡᠷ ᠤᠨ ᠨᠤᠲᠤᠭ

ᠪᠡᠯᠴᠢᠭᠡᠷ ᠲᠤ ᠪᠠᠨ ᠡᠯ᠎ᠡ ᠵᠦᠢᠯ ᠤᠨ ᠡᠯᠡᠰᠦᠷᠬᠡᠭᠵᠢᠬᠦ ᠎ ᠶᠢ ᠰᠡᠷᠭᠡᠶᠢᠯᠡᠵᠦ ᠡᠯᠡᠰᠦ ᠶᠢ ᠵᠠᠰᠠᠬᠤ ᠤᠷᠭᠤᠮᠠᠯ ᠢ ᠲᠠᠷᠢᠵᠤ᠂

ᠮᠠᠩᠬᠠᠨ ᠨᠤᠲᠤᠭ ᠮᠠᠨᠢ ᠨᠣᠭᠤᠭᠠᠷᠠᠵᠤ ᠢᠷᠡᠯ᠎ᠡ᠃ ᠠᠮᠢ ᠠᠬᠤᠢ ᠶᠢᠨ ᠣᠷᠴᠢᠨ ᠲᠣᠭᠤᠷᠢᠨ ᠰᠠᠶᠢᠵᠢᠷᠠᠭᠠᠳ ᠢᠷᠡᠬᠦ ᠳᠤ

ᠵᠢᠭᠤᠯᠴᠢᠯᠠᠯ ᠳᠠᠭᠠᠯᠳᠤᠨ ᠬᠥᠭᠵᠢᠵᠦ᠂ ᠠᠵᠤ ᠠᠬᠤᠢ ᠶᠢᠨ ᠤᠷᠤᠯᠭ᠎ᠠ ᠡᠭᠦᠳᠬᠦ ᠪᠣᠯᠣᠮᠵᠢ ᠶᠡᠭᠡ ᠪᠣᠯᠤᠭᠰᠠᠨ︾ ᠭᠡᠵᠦ

ᠤᠴᠢᠷᠯᠠᠨ᠎ᠠ᠃

    ᠬᠤᠯᠠᠨ ᠰᠢᠷᠭ᠎ᠠ ᠳᠠᠭ᠎ᠠ ᠶᠢᠨ ᠡᠯᠡᠦᠰᠷᠭᠡᠭ ᠭᠠᠵᠠᠷ ᠤᠨ ᠠᠪᠠᠭ᠎ᠠ ᠬᠤᠰᠢᠭᠤᠨ ᠳᠠᠬᠢ ᠲᠠᠯᠠᠪᠠᠢ 596.82

ᠲᠦᠮᠡᠨ ᠮᠦ ᠪᠠᠶᠢᠵᠤ᠂ ᠪᠦᠬᠦ ᠬᠤᠰᠢᠭᠤᠨ ᠤ ᠨᠤᠲᠤᠭ ᠳᠡᠪᠢᠰᠬᠡᠷ ᠤᠨ ᠶᠡᠷᠦᠩᠬᠡᠢ ᠲᠠᠯᠠᠪᠠᠢ ᠶᠢᠨ 14.47%᠎ ᠶᠢ

ᠡᠵᠡᠯᠡᠳᠡᠭ᠃ 20 ᠭᠠᠷᠤᠢ ᠵᠢᠯ ᠤᠨ ᠲᠤᠷᠰᠢ᠂ ᠪᠠᠶᠠᠨᠨᠠᠭᠤᠷ ᠭᠠᠴᠠᠭ᠎ᠠ ᠡᠯᠡᠰᠦᠷᠬᠡᠭᠵᠢᠬᠦ ᠶᠢ ᠰᠡᠷᠭᠡᠶᠢᠯᠡᠨ ᠡᠯᠡᠰᠦ ᠶᠢ

ᠵᠠᠰᠠᠬᠤ ᠶᠢ ᠭᠤᠣᠯᠳᠠᠯᠭ᠎ᠠ ᠲᠠᠢ ᠡᠭᠦᠷᠭᠡ ᠪᠣᠯᠭᠠᠵᠤ᠂ 2.4 ᠲᠦᠮᠡᠨ ᠮᠦ ᠮᠠᠩᠬᠠᠨ ᠨᠤᠲᠤᠭ ᠢᠶᠠᠨ ᠵᠠᠰᠠᠵᠤ ᠰᠡᠷᠭᠦᠭᠡᠬᠦ

ᠲᠦᠷᠦᠯ ᠵᠦᠢᠯ ᠤᠨ ᠲᠣᠭᠤᠷᠢᠭ ᠲᠤ ᠣᠷᠣᠭᠤᠯᠵᠤ᠂ ︽ᠪᠡᠭᠡᠵᠢᠩ ᠲᠢᠶᠠᠨᠵᠢᠨ ᠤ ᠡᠯᠡᠰᠦᠨ ᠤ ᠡᠬᠢ ᠶᠢ ᠵᠠᠰᠠᠬᠤ︾

ᠲᠦᠷᠦᠯ ᠵᠦᠢᠯ᠂ ᠨᠤᠲᠤᠭ ᠪᠡᠯᠴᠢᠭᠡᠷ ᠤᠨ ᠠᠮᠢ ᠠᠬᠤᠢ ᠶᠢ ᠰᠡᠷᠭᠦᠭᠡᠨ ᠵᠠᠰᠠᠬᠤ᠂ ᠮᠠᠯ ᠪᠡᠯᠴᠢᠭᠡᠷ ᠤᠨ ᠲᠡᠩᠴᠡᠭᠦᠷᠢ ᠶᠢ

ᠪᠠᠲᠤᠯᠠᠬᠤ᠂ ᠪᠡᠯᠴᠢᠭᠡᠷᠯᠡᠭᠦᠯᠬᠦ ᠶᠢ ᠵᠣᠭᠰᠤᠭᠠᠬᠤ ᠵᠡᠷᠭᠡ ᠨᠢᠭᠡ ᠪᠦᠯᠦᠭ ᠭᠤᠣᠯᠳᠠᠯᠭ᠎ᠠ ᠲᠠᠢ ᠠᠮᠢ ᠠᠬᠤᠢ ᠶᠢᠨ

ᠢᠨᠵᠧᠨᠧᠷᠢᠩ ᠢ ᠵᠠᠯᠭᠠᠪᠠᠷ ᠬᠡᠷᠡᠭᠵᠢᠭᠦᠯᠦᠭᠰᠡᠨ ᠪᠠᠶᠢᠨ᠎ᠠ᠃ ᠡᠭᠦᠨ ᠤ ᠬᠠᠮᠲᠤ᠂ ᠭᠠᠴᠠᠭᠠᠨ ᠤ ︽ᠬᠤᠶᠠᠷ ᠵᠥᠪᠯᠡᠯ︾᠎ ᠤᠨ

ᠢᠳᠡᠪᠬᠢᠲᠡᠢ ᠳᠠᠶᠢᠴᠢᠯᠠᠯᠲᠠ ᠳᠣᠣᠷ᠎ᠠ᠂ ᠲᠤᠬᠠᠢ ᠶᠢᠨ ᠭᠠᠵᠠᠷ ᠤᠨ ᠮᠠᠯᠴᠢᠳ ︽ᠡᠯᠡᠰᠦ ᠶᠢ ᠵᠠᠰᠠᠬᠤ︾ ᠡᠩᠨᠡᠭᠡᠨ ᠳᠤ

ᠬᠤᠰᠢᠭᠤᠷᠠᠨ᠂ ᠪᠠᠶᠠᠨᠨᠠᠭᠤᠷ ᠭᠠᠴᠠᠭᠠᠨ ᠤ ᠡᠯᠡᠰᠦᠷᠬᠡᠭᠵᠢᠭᠰᠡᠨ ᠨᠤᠲᠤᠭ ᠢ ᠵᠠᠰᠠᠵᠤ ᠰᠡᠷᠭᠦᠭᠡᠬᠦ ᠲᠦᠷᠦᠯ ᠵᠦᠢᠯ ᠤᠨ

ᠲᠣᠭᠤᠷᠢᠭ ᠲᠠᠬᠢ ᠡᠯᠡᠰᠦᠷᠬᠡᠭ ᠭᠠᠵᠠᠷ ᠨᠢ ᠪᠠᠶᠠᠨ ᠪᠦᠷᠢᠳᠦ ᠪᠣᠯᠤᠭᠰᠠᠨ ᠭᠤᠶᠢᠳᠠ ᠬᠤᠪᠢᠷᠠᠯᠲᠠ  ᠲᠠᠢ ᠪᠣᠯᠵᠤ᠂

ᠪᠦᠬᠦ᠋ᠢᠯᠡ ᠠᠮᠢ ᠠᠬᠤᠢ ᠶᠢᠨ ᠣᠷᠴᠢᠨ ᠲᠣᠭᠤᠷᠢᠨ ᠴᠦ  ᠢᠯᠡᠳᠲᠡ ᠰᠠᠶᠢᠵᠢᠷᠠᠯᠲᠠ ᠲᠠᠢ ᠪᠣᠯᠤᠭᠰᠠᠨ ᠪᠠᠶᠢᠨ᠎ᠠ᠃

    ᠨᠣᠭᠤᠭᠠᠨ ᠥᠩᠭᠡ ᠶᠢᠨ ᠠᠮᠢᠵᠢᠷᠠᠯ ᠪᠢᠯᠬᠠᠭᠰᠠᠨ ᠥᠩᠭᠡ᠂ ᠪᠠᠰᠠ ᠴᠦ ᠴᠢᠨᠠᠷ ᠰᠠᠶᠢᠲᠠᠢ ᠬᠥᠭᠵᠢᠯᠲᠡ ᠶᠢᠨ

ᠰᠠᠭᠤᠷᠢ ᠥᠩᠭᠡ ᠮᠥᠨ᠃ ᠨᠤᠲᠤᠭ ᠤᠰᠤ ᠨᠢ ᠨᠣᠮᠢᠨ ᠨᠣᠭᠤᠭᠠᠨ ᠢᠶᠠᠷ ᠦᠶᠡᠯᠵᠡᠵᠦ᠂ ᠠᠮᠢ ᠠᠬᠤᠢ ᠨᠢ ᠰᠡᠷᠭᠦᠯᠲᠡ

ᠰᠠᠶᠢᠲᠠᠢ᠂ ᠠᠭᠤᠷ ᠠᠮᠢᠰᠬᠤᠯ ᠨᠠ ᠴᠡᠪᠡᠷ ᠲᠤᠩᠭᠠᠯᠠᠭ ᠪᠣᠯᠬᠤ ᠳᠤ ᠡᠨᠡ ᠨᠤᠲᠤᠭ ᠤᠨ ᠬᠥᠮᠥᠨ ᠠᠷᠠᠳ ᠨᠢ ᠮᠠᠩᠨᠠᠢ

ᠲᠡᠨᠢᠭᠡᠷ ᠪᠠᠶᠢᠬᠤ ᠨᠢ ᠳᠠᠮᠵᠢᠭ ᠦᠭᠡᠢ᠃ ᠮᠥᠨᠴᠦ ᠭᠠᠩᠪᠣᠯᠣᠳ ᠮᠡᠲᠦ ᠶᠢᠨ ᠣᠯᠠᠨ ᠣᠯᠠᠨ ᠠᠮᠢ ᠠᠬᠤᠢ ᠪᠠᠨ

ᠰᠡᠷᠭᠦᠭᠡᠬᠦ ᠪᠠᠷ ᠬᠦᠴᠦ ᠬᠦᠳᠡᠯᠮᠦᠷᠢ ᠪᠠᠨ ᠰᠢᠪᠬᠠᠵᠤ ᠶᠠᠪᠤᠭ᠎ᠠ ᠮᠠᠯᠴᠢᠨ ᠲᠦᠮᠡᠨ ᠤ ᠤᠷᠲᠤ ᠤᠳᠠᠭᠠᠨ ᠤ ᠪᠠᠷᠢᠮᠲᠠᠯᠠᠯ

ᠪᠠᠶᠢᠭᠰᠠᠨ ᠴᠠᠭ ᠲᠤ ᠠᠮᠢᠯᠠᠯ ᠤᠨ ᠨᠣᠭᠤᠭᠠᠨ ᠥᠩᠭᠡ ᠡᠨᠡ ᠨᠤᠲᠤᠭ ᠲᠤ ᠮᠥᠩᠬᠡ ᠵᠢᠷᠤᠭᠯᠠᠭᠳᠠᠬᠤ ᠯᠠᠪᠲᠠᠢ᠃

 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠣᠷᠳᠣᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号