ᠥᠪᠥᠷ ᠮᠣᠩᠭᠤᠯ ᠪᠠᠰᠠ 1546 ᠺᠢᠯᠣᠮᠧᠲᠷ ᠤᠨ 9 ᠵᠤᠷᠪᠤᠰ ᠲᠦᠷᠭᠡᠨ ᠤ ᠵᠠᠮ ᠤᠨ ᠬᠤᠷᠳᠤᠴᠠ ᠶᠢ ᠳᠡᠭᠡᠭᠰᠢᠯᠡᠭᠦᠯᠪᠡ
ᠨᠡᠶᠢᠲᠡᠯᠡᠭᠰᠡᠨ ᠴᠠᠭ᠄
2024/8/21

    ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠤᠨ ᠮᠡᠳᠡᠭᠡ ᠶᠢ

ᠦᠨᠳᠦᠰᠦᠯᠡᠪᠡᠯ᠂ 8 ᠳ᠋ᠤᠭᠠᠷ ᠰᠠᠷ᠎ᠠ ᠶᠢᠨ 15 ᠤ ᠡᠳᠦᠷ ᠪᠣᠯᠲᠠᠯ᠎ᠠ᠂ ᠮᠠᠨ ᠤ ᠣᠷᠣᠨ ᠤ ᠬᠠᠷᠢᠶᠠᠨ ᠳᠠᠬᠢ G18

ᠷᠦᠩ ᠴᠧᠩ ᠠᠴᠠ ᠦᠬᠠᠢ ᠬᠦᠷᠬᠦ ᠲᠦᠷᠭᠡᠨ ᠤ ᠵᠠᠮ᠂ G5511 ᠵᠡᠭᠦᠨᠰᠢ ᠪᠠᠷᠠᠭᠤᠨᠰᠢ ᠨᠡᠪᠲᠡᠷᠡᠬᠦ ᠶᠡᠭᠡ ᠵᠠᠮ᠂

G12 ᠾᠦᠨ ᠴᠦᠨ ᠠᠴᠠ ᠤᠯᠠᠭᠠᠨᠬᠤᠲᠠ ᠬᠦᠷᠬᠦ ᠲᠦᠷᠭᠡᠨ ᠤ ᠵᠠᠮ ᠵᠡᠷᠭᠡ 9 ᠵᠤᠷᠪᠤᠰ ᠨᠡᠶᠢᠲᠡ 1546

ᠺᠢᠯᠣᠮᠧᠲᠷ ᠤᠨ ᠲᠦᠷᠭᠡᠨ ᠤ ᠵᠠᠮ ᠢᠶᠠᠷ ᠠᠶᠠᠯᠠᠬᠤ ᠵᠢᠵᠢᠭ ᠬᠡᠯᠪᠡᠷᠢ ᠶᠢᠨ ᠠᠶᠠᠨᠴᠢᠳ ᠤᠨ ᠮᠠᠰᠢᠨ ᠲᠡᠷᠭᠡᠨ ᠤ

ᠬᠤᠷᠳᠤᠴᠠ ᠶᠢ ᠳᠡᠭᠡᠭᠰᠢᠯᠡᠭᠦᠯᠵᠡᠢ᠃ ᠡᠭᠦᠨ ᠳᠤ 1001 ᠺᠢᠯᠣᠮᠧᠲᠷ ᠤᠨ ᠵᠠᠮ ᠢ 120 ᠺᠢᠯᠣᠮᠧᠲᠷ / ᠴᠠᠭ ᠪᠣᠯᠭᠠᠨ

ᠲᠣᠬᠢᠷᠠᠭᠤᠯᠵᠤ᠂ 545 ᠺᠢᠯᠣᠮᠧᠲᠷ ᠤᠨ ᠵᠠᠮ ᠢ 110 ᠺᠢᠯᠣᠮᠧᠲᠷ / ᠴᠠᠭ ᠪᠣᠯᠭᠠᠨ ᠲᠣᠬᠢᠷᠠᠭᠤᠯᠪᠠ᠃

    4 ᠳ᠋ᠦ᠋ᠭᠡᠷ ᠰᠠᠷ᠎ᠠ ᠶᠢᠨ ᠰᠢᠨᠡᠳ ᠢᠶᠠᠷ᠂ ᠥᠪᠥᠷ ᠮᠣᠩᠭᠤᠯ ᠪᠥᠬᠦ ᠣᠷᠣᠨ ᠤ ᠳᠡᠭᠡᠳᠦ ᠲᠠᠰ ᠤᠨ ᠵᠠᠰᠠᠮᠠᠯ ᠵᠠᠮ ᠤᠨ

ᠬᠤᠷᠳᠤᠴᠠ ᠶᠢᠨ ᠬᠢᠵᠠᠭᠠᠷᠯᠠᠯ ᠳᠤ ᠲᠣᠬᠢᠷᠠᠭᠤᠯᠤᠯᠲᠠ ᠬᠢᠬᠦ ᠠᠵᠢᠯ ᠢ ᠵᠢᠩᠬᠢᠨᠢ ᠪᠠᠷ ᠡᠬᠢᠯᠡᠭᠦᠯᠵᠦ᠂ ᠪᠥᠬᠦ ᠣᠷᠣᠨ ᠤ

120 ᠺᠢᠯᠣᠮᠧᠲᠷ / ᠴᠠᠭ ᠠᠴᠠ ᠳᠣᠣᠷ᠎ᠠ ᠬᠤᠷᠳᠤᠴᠠ ᠪᠠᠷ ᠬᠢᠵᠠᠭᠠᠷᠯᠠᠬᠤ  ᠲᠦᠷᠭᠡᠨ ᠤ ᠵᠠᠮ ᠳᠤ ᠣᠷᠣᠨ  ᠪᠦᠰᠡ᠂

ᠲᠡᠷᠭᠡᠨ ᠤ ᠬᠡᠯᠪᠡᠷᠢ᠂ ᠲᠡᠷᠭᠡᠨ ᠤ ᠵᠠᠮ ᠬᠤᠪᠢᠶᠠᠨ ᠬᠤᠷᠳᠤᠴᠠ ᠶᠢᠨ ᠬᠢᠵᠠᠭᠠᠷᠯᠠᠯ ᠢ ᠠᠯᠬᠤᠮ ᠠᠯᠬᠤᠮ ᠢᠶᠠᠷ

ᠰᠢᠯᠢᠳᠡᠭᠵᠢᠭᠦᠯᠦᠨ ᠲᠣᠬᠢᠷᠠᠭᠤᠯᠪᠠ᠃ ᠨᠢᠭᠡᠳᠦᠭᠡᠷ ᠱᠠᠲᠤᠨ ᠤ ᠬᠤᠷᠳᠤᠴᠠ ᠶᠢᠨ ᠬᠢᠵᠠᠭᠠᠷᠯᠠᠯ ᠢ ᠲᠣᠬᠢᠷᠠᠭᠤᠯᠬᠤ

ᠠᠵᠢᠯ ᠢᠶᠠᠷ ᠳᠡᠮᠵᠢᠨ᠂ 4 ᠳ᠋ᠦ᠋ᠭᠡᠷ ᠰᠠᠷ᠎ᠠ ᠶᠢᠨ 27 ᠤ ᠡᠳᠦᠷ ᠪᠣᠯᠲᠠᠯ᠎ᠠ᠂ ᠮᠠᠨ ᠤ ᠣᠷᠣᠨ ᠤ 120 ᠺᠢᠯᠣᠮᠧᠲᠷ /

ᠴᠠᠭ ᠤᠨ ᠬᠤᠷᠳᠤᠴᠠ ᠪᠠᠷ ᠬᠢᠵᠠᠭᠠᠷᠯᠠᠵᠤ ᠠᠶᠠᠯᠠᠭᠤᠯᠤᠨ ᠬᠠᠮᠢᠶᠠᠷᠬᠤ ᠲᠦᠷᠭᠡᠨ ᠤ ᠵᠠᠮ 4600 ᠺᠢᠯᠣᠮᠧᠲᠷ ᠢ

ᠳᠠᠪᠠᠵᠤ᠂ ᠪᠥᠬᠦ ᠣᠷᠣᠨ ᠤ ᠲᠦᠷᠭᠡᠨ ᠤ ᠵᠠᠮ ᠤᠨ ᠲᠡᠷᠭᠡ ᠨᠡᠪᠲᠡᠷᠡᠭᠰᠡᠨ ᠵᠠᠮ ᠤᠨ ᠣᠷᠳᠣ ᠶᠢᠨ 58% ᠶᠢ ᠡᠵᠡᠯᠡᠪᠡ᠃

    ᠪᠥᠬᠦ ᠣᠷᠣᠨ ᠤ ᠲᠦᠷᠭᠡᠨ ᠤ ᠵᠠᠮ ᠤᠨ ᠵᠠᠮ ᠨᠡᠪᠲᠡᠷᠡᠯᠭᠡ ᠶᠢᠨ ᠠᠰᠢᠭᠯᠠᠮᠵᠢ ᠪᠠ ᠦᠢᠯᠡᠴᠢᠯᠡᠭᠡᠨ ᠤ ᠬᠢᠷᠢ

ᠲᠦᠪᠰᠢᠨ ᠢᠶᠠᠨ ᠤᠯᠠᠮ ᠨᠢᠭᠡ ᠠᠯᠬᠤᠮ ᠳᠡᠭᠡᠭᠰᠢᠯᠡᠭᠦᠯᠬᠦ ᠶᠢᠨ ᠲᠤᠰᠠᠳᠠ᠂ ᠨᠢᠭᠡᠳᠦᠭᠡᠷ ᠱᠠᠲᠤᠨ ᠤ ᠬᠤᠷᠳᠤᠴᠠ ᠶᠢᠨ

ᠬᠢᠵᠠᠭᠠᠷᠯᠠᠯ ᠢ ᠲᠣᠬᠢᠷᠠᠭᠤᠯᠬᠤ ᠠᠵᠢᠯ ᠢᠶᠠᠨ ᠪᠡᠶᠡᠯᠡᠭᠦᠯᠦᠭᠰᠡᠨ ᠰᠠᠭᠤᠷᠢᠨ ᠳᠡᠭᠡᠷ᠎ᠡ᠂ ︽5·1︾ ᠤ ᠳᠠᠷᠠᠭ᠎ᠠ᠂ ᠵᠢᠷᠤᠭ

ᠲᠥᠯᠥᠪᠯᠡᠭᠡ ᠶᠢᠨ ᠮᠠᠲ᠋ᠧᠷᠢᠶᠠᠯ ᠢ ᠬᠠᠷᠭᠤᠭᠤᠯᠤᠨ ᠪᠠᠶᠢᠴᠠᠭᠠᠬᠤ᠂ ᠠᠬᠤᠢ ᠲᠠᠯᠠᠪᠠᠢ ᠳᠤ ᠨᠢ ᠪᠠᠶᠢᠴᠠᠭᠠᠯᠲᠠ ᠬᠢᠬᠦ᠂ ᠠᠮᠤᠷ

ᠲᠦᠪᠰᠢᠨ ᠢ ᠨᠢ ᠦᠨᠡᠯᠡᠨ ᠵᠢᠱᠢᠬᠦ ᠵᠡᠷᠭᠡ ᠶᠡᠷᠦᠩᠬᠡᠶᠢᠯᠡᠭᠰᠡᠨ ᠨᠤᠲᠠᠯᠠᠯᠲᠠ ᠬᠢᠬᠦ ᠪᠠᠷ ᠳᠡᠮᠵᠢᠨ᠂ ᠥᠪᠡᠷᠲᠡᠭᠡᠨ ᠵᠠᠰᠠᠬᠤ

ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ᠂ ᠳᠣᠲᠣᠭᠠᠳᠤ ᠶᠢ ᠬᠠᠮᠠᠭᠠᠯᠠᠬᠤ ᠲᠢᠩᠬᠢᠮ ᠬᠤᠶᠠᠳᠤᠭᠠᠷ

ᠱᠠᠲᠤᠨ ᠤ ᠬᠤᠷᠳᠤᠴᠠ ᠶᠢᠨ ᠬᠢᠵᠠᠭᠠᠷᠯᠠᠯ ᠢ ᠲᠣᠬᠢᠷᠠᠭᠤᠯᠬᠤ ᠠᠵᠢᠯ ᠢᠶᠠᠨ ᠡᠬᠢᠯᠡᠨ ᠬᠡᠷᠡᠭᠵᠢᠭᠦᠯᠪᠡ᠃

ᠲᠣᠬᠢᠷᠠᠭᠤᠯᠤᠯᠲᠠ ᠬᠢᠵᠦ ᠳᠠᠭᠤᠰᠤᠭᠰᠠᠨ ᠤ ᠳᠠᠷᠠᠭ᠎ᠠ᠂ 120 ᠺᠢᠯᠣᠮᠧᠲᠷ / ᠴᠠᠭ ᠤᠨ ᠬᠤᠷᠳᠤᠴᠠ ᠪᠠᠷ

ᠬᠢᠵᠠᠭᠠᠷᠯᠠᠬᠤ ᠲᠦᠷᠭᠡᠨ ᠤ ᠵᠠᠮ ᠨᠢ ᠪᠥᠬᠦ ᠣᠷᠣᠨ ᠤ ᠲᠦᠷᠭᠡᠨ ᠤ ᠵᠠᠮ ᠤᠨ ᠲᠡᠷᠭᠡ ᠨᠡᠪᠲᠡᠷᠡᠭᠰᠡᠨ ᠵᠠᠮ ᠤᠨ

ᠣᠷᠳᠣ ᠶᠢᠨ 71% ᠶᠢ ᠡᠵᠡᠯᠡᠵᠦ᠂ 110 ᠺᠢᠯᠣᠮᠧᠲᠷ / ᠴᠠᠭ ᠠᠴᠠ ᠳᠡᠭᠡᠭᠰᠢᠬᠢ ᠬᠤᠷᠳᠤᠴᠠ ᠪᠠᠷ ᠬᠢᠵᠠᠭᠠᠷᠯᠠᠬᠤ

ᠲᠦᠷᠭᠡᠨ ᠤ ᠵᠠᠮ ᠨᠢ 6000 ᠺᠢᠯᠣᠮᠧᠲᠷ ᠢ ᠳᠠᠪᠠᠵᠤ᠂ 78% ᠠᠴᠠ ᠳᠡᠭᠡᠭᠰᠢᠬᠢ ᠶᠢ ᠡᠵᠡᠯᠡᠬᠦ ᠪᠣᠯᠣᠨ᠎ᠠ᠃

    ᠲᠠᠷᠠᠭᠠᠴᠢ ᠶᠢᠨ ᠠᠯᠬᠤᠮ ᠳᠤ᠂ ᠮᠠᠨ ᠤ ᠣᠷᠣᠨ ᠵᠠᠰᠠᠮᠠᠯ ᠵᠠᠮ ᠤᠨ ᠬᠤᠷᠳᠤᠴᠠ ᠶᠢᠨ ᠬᠢᠵᠠᠭᠠᠷᠯᠠᠯ ᠢ

ᠲᠣᠬᠢᠷᠠᠭᠤᠯᠬᠤ ᠤᠯᠤᠰ ᠤᠨ ᠬᠠᠮᠢᠶ᠎ᠠ ᠪᠦᠬᠦᠢ ᠱᠠᠭᠠᠷᠳᠠᠯᠭ᠎ᠠ ᠶᠣᠰᠣᠭᠠᠷ᠂ ᠢᠨᠵᠧᠨᠧᠷᠢᠩ ᠤᠨ ᠠᠷᠭ᠎ᠠ ᠬᠡᠮᠵᠢᠶ᠎ᠡ ᠶᠢ

ᠲᠦᠷᠭᠡᠳᠬᠡᠨ ᠲᠡᠭᠦᠯᠳᠡᠷᠵᠢᠭᠦᠯᠵᠦ᠂ ᠦᠷ᠎ᠡ ᠳ᠋ᠦᠩ ᠤᠨ ᠦᠨᠡᠯᠡᠯᠲᠡ ᠶᠢ ᠲᠣᠭᠲᠠᠮᠠᠯ ᠬᠤᠭᠤᠴᠠᠭ᠎ᠠ ᠲᠠᠢ ᠪᠠᠷ

ᠥᠷᠨᠢᠭᠦᠯᠦᠨ᠂ ᠲᠡᠭᠡᠭᠡᠪᠦᠷᠢᠯᠡᠨ ᠡᠵᠡᠩᠨᠡᠬᠦ ᠵᠠᠰᠠᠮᠠᠯ ᠵᠠᠮ ᠤᠨ ᠠᠮᠤᠷ ᠲᠦᠪᠰᠢᠨ᠂ ᠳᠥᠭᠦᠮ ᠳᠥᠲᠡ᠂ ᠰᠠᠭᠠᠳ ᠦᠭᠡᠢ

ᠨᠡᠪᠲᠡᠷᠡᠬᠦ ᠶᠢ ᠦᠨᠡᠨ ᠬᠦ ᠪᠠᠲᠤᠯᠠᠵᠤ᠂ ᠠᠷᠠᠳ ᠣᠯᠠᠨ ᠤ ᠶᠠᠪᠤᠵᠤ ᠰᠠᠭᠤᠬᠤ ᠪᠡᠶᠡᠴᠢᠯᠡᠨ ᠣᠷᠣᠯᠴᠠᠭᠰᠠᠨ

ᠣᠶᠢᠯᠠᠭᠠᠯᠲᠠ ᠶᠢ ᠲᠠᠰᠤᠷᠠᠯᠲᠠ ᠦᠭᠡᠢ ᠳᠡᠭᠡᠭᠰᠢᠯᠡᠭᠦᠯᠦᠨ᠂ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ

ᠰᠢᠯᠢᠳᠡᠭᠵᠢᠭᠦᠯᠬᠦ᠂ ᠵᠢᠭᠤᠯᠴᠢᠯᠠᠯ ᠤᠨ ᠬᠡᠷᠡᠭᠯᠡᠭᠡ ᠶᠢ ᠠᠬᠢᠭᠤᠯᠬᠤ᠂ ᠪᠠᠷᠠᠭᠠᠨ ᠤ ᠭᠦᠢᠯᠭᠡᠭᠡᠨ ᠤ ᠥᠪᠡᠷ ᠤᠨ ᠥᠷᠲᠡᠭ ᠢ

ᠪᠠᠭᠤᠷᠠᠭᠤᠯᠤᠨ ᠦᠷ᠎ᠡ ᠠᠰᠢᠭ ᠢ ᠨᠡᠮᠡᠭᠳᠡᠭᠦᠯᠬᠦ ᠳᠤ ᠵᠠᠮ ᠬᠠᠷᠢᠯᠴᠠᠭ᠎ᠠ ᠲᠡᠭᠡᠭᠡᠪᠦᠷᠢ ᠶᠢᠨ ᠪᠠᠲᠤᠯᠠᠭ᠎ᠠ ᠬᠠᠩᠭᠠᠨ᠎ᠠ᠃

 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号