ᠬᠠᠳᠤᠨ ᠲᠤᠩᠭᠠᠯᠠᠭ ᠭᠤᠤᠯ ᠭᠤᠷᠤᠬ᠎ᠠ ᠶᠢᠨ ᠤᠷᠤᠰᠬᠠᠯ ᠲᠡᠯᠡᠭᠳᠡᠵᠤ᠂ ᠬᠠᠭᠠᠨ ᠰᠦᠷᠯᠢᠭ ᠠᠭᠤᠯᠠᠰ ᠤᠨ | ᠲᠦᠰᠢᠭ ᠲᠠᠢ ᠨᠤᠳᠤᠭ ᠤᠷᠢᠨ ᠠᠮᠢᠰᠬᠤᠯ ᠢᠶᠠᠷ ᠰᠢᠮᠡᠵᠢᠬᠦ ᠨᠢ ᠬᠠᠪᠤᠷ ᠤᠨ ᠵᠢᠮ᠎ᠠ᠃ ᠬᠠᠨᠭ᠍ᠭᠠᠢ ᠨᠤᠳᠤᠭ ᠤᠨ | ᠬᠠᠮᠢᠭ᠎ᠠ ᠨᠢ ᠴᠦ ᠪᠤᠯᠤᠭ᠂ ᠡᠷᠳᠡᠨᠢᠳᠤ ᠲᠠᠪᠤᠨ ᠰᠦᠷᠦᠭ ᠤᠨ ᠡᠬᠡ ᠲᠦᠯ ᠤᠨ ᠡᠨᠡᠭᠰᠢᠯ᠂ ᠡᠵᠡᠨ ᠬᠦᠮᠦᠨ ᠤ ᠬᠢᠨᠢ | ᠡᠩᠬᠦᠷᠡᠶᠢᠯᠡᠯ ᠪᠠᠶᠠᠰᠤᠯ ᠲᠤᠳᠤᠷᠠᠬᠤ ᠨᠢ ᠬᠠᠪᠤᠷ ᠤᠨ ᠵᠢᠷᠤᠭ — ᠡᠨᠡ ᠪᠤᠯ ᠴᠡᠭᠡᠵᠢ ᠲᠦᠭᠦᠷᠡᠩ ᠢᠳᠡᠭᠡᠯ | ᠬᠦᠪᠤᠷᠡᠬᠦᠯᠬᠦ ᠬᠦᠳᠡᠭᠡ ᠶᠢᠨ ᠬᠠᠪᠤᠷ ᠶᠤᠮ︕ ᠡᠨᠡ ᠪᠤᠯ ᠢᠷᠡᠵᠤ ᠪᠤᠢ ᠴᠠᠭ ᠤᠨ ᠦᠡᠭᠭᠡ᠂ ᠨᠠᠭᠠᠰᠢᠯᠠᠨ | ᠨᠠᠭᠠᠰᠢᠯᠠᠬᠤ ᠦᠨᠳᠦᠷ ᠲᠡᠭᠷᠢ ᠶᠢᠨ ᠨᠠᠷᠠ ᠲᠠᠢ ᠤᠷᠤᠯᠳᠤᠨ ᠬᠦᠳᠡᠯᠮᠤᠷᠢᠯᠡᠵᠤ ᠶᠠᠪᠤᠭ᠎ᠠ ᠮᠠᠯᠴᠢᠨ ᠬᠦᠮᠦᠨ ᠤ | ᠬᠦᠳᠡᠯᠮᠤᠷᠢᠴᠢ ᠠᠯᠳᠠᠷ ᠢ ᠬᠠᠷᠠᠭᠤᠯᠬᠤ ᠵᠢᠯ ᠤᠨ ᠡᠬᠢᠯᠡᠯ ᠪᠠᠶᠢᠨᠠᠮ᠃ | ︽ᠦᠨᠤᠳᠤᠷ ᠮᠠᠯ ᠤᠨ ᠬᠦᠭ ᠡᠬᠢᠯᠡᠵᠤ ᠪᠠᠶᠢᠨ᠎ᠠ︾ ᠭᠡᠳ ᠮᠠᠯᠴᠢᠨ ᠬᠦᠮᠦᠨ ᠬᠤᠷᠠᠭᠠᠨ ᠤ ᠤᠭᠤᠳᠠ ᠪᠠᠨ | ᠬᠦᠵᠢ ᠰᠠᠩ ᠢᠶᠠᠷ ᠠᠷᠢᠭᠤᠯᠠᠵᠤ᠂ ᠰᠢᠷ᠎ᠠ ᠲᠤᠰᠤ ᠪᠠᠷ ᠮᠢᠯᠢᠶᠡᠨ᠂ ᠢᠷᠦᠭᠠᠷ ᠲᠤ ᠨᠢ ᠴᠡᠪᠡᠷᠭᠡᠨ ᠬᠦᠭᠡ ᠡᠪᠡᠰᠤ | ᠲᠠᠪᠢᠰᠴᠤ᠂ ᠳᠡᠭᠡᠷ᠎ᠠ ᠨᠢ ᠬᠤᠨᠤᠭ ᠪᠤᠳᠠᠭ᠎ᠠ ᠰᠠᠴᠤᠭᠠᠳ ︽ᠮᠢᠩᠭ᠎ᠠ ᠲᠦᠮᠡ ᠪᠤᠯ︕︾ ᠭᠡᠮᠡᠨ ᠲᠠᠪᠤᠨ ᠬᠤᠰᠢᠭᠤ | ᠮᠠᠯ ᠤᠨ ᠢᠶᠠᠨ ᠦᠨᠢᠷ ᠦᠰᠦᠯᠳᠡ ᠶᠢ ᠪᠡᠯᠭᠡᠳᠡᠭᠰᠡᠨ ᠢᠷᠤᠭᠡᠯ ᠤᠨ ᠦᠭᠡᠰ ᠢᠶᠠᠨ ᠭᠡᠯᠡᠵᠤ᠂ ᠤᠤᠭᠠᠨ ᠲᠦᠯ ᠢᠶᠠᠨ | ᠮᠡᠨᠳᠤ ᠲᠤᠰᠴᠤ ᠠᠪᠬᠤ ᠶᠢᠨ ᠲᠤᠯᠠᠳᠠ ᠰᠦᠷᠦᠭ ᠤᠨ ᠢᠶᠠᠨ ᠠᠷᠤ ᠠᠴᠠ ᠪᠠᠶᠠᠷᠳᠠᠶᠢᠬᠠᠨ ᠠᠯᠬᠤᠳᠠᠭ᠃ ᠡᠨᠡ ᠡᠳᠦᠷ | ᠪᠤᠯ ᠮᠠᠯᠴᠢᠨ ᠬᠦᠮᠦᠨ ᠤ ᠬᠠᠪᠤᠷ ᠤᠨ ᠶᠠᠭᠠᠷᠠᠤ ᠠᠵᠢᠯ ᠤᠨ ᠬᠢᠨᠢ ᠡᠬᠢᠯᠡᠯ ᠪᠠᠶᠢᠵᠤ᠂ ᠪᠦᠳᠦᠨ ᠨᠦᠢᠷ ᠦᠭᠡᠢ | ᠰᠦᠨᠢ ᠶᠢ ᠬᠡᠴᠢᠨᠡᠨ ᠴᠦ ᠤᠳᠠᠭ᠎ᠠ ᠦᠡᠭᠭᠡᠷᠡᠬᠦᠯᠳᠡᠭ᠃ ︽ᠬᠦᠤ ᠮᠢᠨᠢ᠂ ᠬᠤᠨᠢᠨ ᠰᠦᠷᠦᠭ ᠤᠨ ᠢᠶᠠᠨ ᠰᠡᠬᠦᠯ ᠢ | ᠰᠠᠶᠢᠨ ᠠᠵᠢᠵᠤ ᠶᠠᠪᠤᠭᠠᠷᠠᠢ᠂ ᠬᠤᠷᠠᠭᠠᠯᠠᠭᠠᠳ ᠬᠤᠴᠤᠷᠴᠤ ᠮᠡᠳᠡᠨ᠎ᠠ᠂ ᠢᠮᠠᠭ᠎ᠠ ᠢᠰᠢᠭᠡᠯᠡᠬᠦ ᠨᠢ ᠪᠤᠯᠪᠠᠯ ᠮᠠᠶᠢᠯᠠᠭᠠᠳ | ᠮᠡᠳᠡᠭᠳᠡᠳᠡᠭ ᠶᠤᠮ︾ ᠭᠡᠵᠤ ᠨᠠᠮᠠᠢᠢ ᠪᠠᠭ᠎ᠠ ᠪᠠᠶᠢᠬᠤ ᠳᠤ ᠠᠪᠤ ᠡᠵᠢ ᠮᠢᠨᠢ ᠢᠡᠭᠬᠢᠵᠤ ᠵᠠᠬᠢᠭᠠᠳ ᠬᠤᠷᠠᠭᠠᠯᠠᠵᠤ | ᠢᠰᠢᠭᠡᠯᠡᠬᠦ ᠤᠶᠢᠷᠠᠳᠤᠭᠰᠠᠨ ᠬᠤᠨᠢ ᠢᠮᠠᠭᠠᠳ ᠢ ᠤᠶᠢᠷᠠᠬᠠᠨ ᠡᠷᠬᠢᠴᠡᠬᠦᠯᠬᠦ ᠠᠵᠢᠯ ᠢ ᠳᠠᠭᠠᠭᠠᠯᠭᠠᠳᠠᠭ᠃ | ᠶᠠᠷᠤᠨᠢ ᠮᠠᠯᠴᠢᠨ ᠠᠪᠤ ᠡᠵᠢ ᠨᠠᠷ ᠭᠡᠤᠭᠡᠳ ᠤᠳ ᠢᠶᠠᠨ ᠢᠡᠭᠬᠢᠵᠤ ᠮᠠᠯ ᠤᠨ ᠵᠠᠬ᠎ᠠ ᠪᠠᠷ ᠶᠠᠪᠤᠭᠤᠯᠵᠤ᠂ ᠮᠠᠯ | ᠬᠠᠷᠢᠭᠤᠯᠬᠤ ᠡᠪ ᠲᠡᠮ ᠢ ᠨᠢᠯᠬ᠎ᠠ ᠤᠬᠠᠭᠠᠨ ᠳᠤ ᠨᠢ ᠰᠠᠭᠤᠯᠭᠠᠵᠤ ᠦᠭᠳᠡᠭ ᠪᠠᠶᠢᠵᠠᠢ᠃ ᠮᠠᠯᠴᠢᠨ ᠪᠦᠰᠡᠬᠦᠢ | ᠦᠷᠯᠦᠭᠡᠬᠦᠷ ᠪᠤᠰᠴᠤ᠂ ᠶᠠᠭᠤᠮ᠎ᠠ ᠶᠠᠭᠤᠮᠠᠨ ᠠᠴᠠ ᠤᠷᠢᠳᠡᠪᠡᠷ ᠬᠤᠳᠡ ᠪᠠᠨ ᠡᠷᠬᠢᠵᠤ ᠦᠵᠡᠬᠦ ᠳᠤ ᠲᠠᠪᠠᠳᠠᠢ ᠬᠡᠪᠳᠡᠬᠦ | ᠬᠤᠨᠢᠳ ᠤᠨ ᠵᠠᠪᠰᠠᠷ ᠠᠴᠠ ᠵᠢᠭᠠᠬᠠᠨ ᠲᠤᠯᠤᠭᠠᠢ ᠨᠤᠭᠤᠳ ᠱᠤᠪᠤᠯᠵᠠᠬᠤ ᠶᠢ ᠤᠯᠵᠤ ᠬᠠᠷᠠᠮᠠᠭᠴᠠ ᠦᠪᠡᠷ ᠤᠨ | ᠡᠷᠬᠡ ᠦᠭᠡᠢ ᠪᠠᠶᠠᠷᠯᠠᠵᠤ᠄ ︽ᠦ᠂ ᠶᠠᠭᠠᠬᠢᠭᠰᠠᠨ ᠭᠦᠭᠡᠢ ᠠᠮᠢᠳᠠᠨ ᠪᠤᠢ᠂ ᠭᠡᠵᠢᠶ᠎ᠠ ᠭᠠᠷᠴᠢᠬᠠᠵᠤ ᠪᠤᠢ᠂ | ᠦᠰᠦ ᠨᠢ ᠪᠤᠷᠵᠠᠶᠢᠭᠠᠳ᠂ ᠰᠡᠬᠦᠯ ᠨᠢ ᠪᠠᠨᠳᠠᠶᠢᠭᠠᠳ ᠁ ᠲᠠᠨ ᠤ ᠭᠡᠳᠦ ᠶᠢᠨ ᠭᠡᠨ ᠨᠢ ᠤᠷᠢᠳᠠᠪᠡᠷ ᠭᠠᠷᠤᠭᠰᠠᠨ | ᠪᠤᠢ᠂ ᠡᠨᠡ ᠨᠢ ᠦᠰᠦ ᠨᠢ ᠠᠷᠠᠢ ᠬᠠᠳᠠᠴᠢᠬᠠᠭᠰᠠᠨ ᠪᠠᠶᠢᠨ᠎ᠠ᠂ ᠦᠵᠡᠶ᠎ᠠ᠂ ᠡᠷ᠎ᠠ ᠤᠤ ᠦᠬᠢᠨ ᠤᠤ︖︾ ᠭᠡᠳ | ᠲᠠᠪᠠᠷᠢᠵᠤ ᠠᠪᠤᠭᠠᠳ ᠬᠤᠨᠭ᠍ᠰᠢᠶᠠᠷ ᠬᠠᠮᠠᠷ ᠢ ᠨᠢ ᠦᠨᠤᠷᠯᠠᠵᠤ᠂ ︽ᠡᠬᠡ ᠪᠠᠨ ᠬᠦᠬᠦᠴᠢᠭᠡᠭᠰᠡᠨ ᠪᠠᠶᠢᠨ᠎ᠠ︾ ᠭᠡᠵᠤ | ᠲᠤᠯᠤᠭᠠᠢ ᠶᠢ ᠨᠢ ᠢᠯᠢᠵᠤ ᠢᠯᠢᠭᠡᠳ ᠡᠬᠡ ᠳᠤᠨᠢ ᠤᠶᠢᠷᠠᠳᠤᠭᠤᠯᠵᠤ ᠲᠠᠯᠪᠢᠨ᠎ᠠ᠃ ᠢᠡᠭᠬᠢᠬᠦ ᠳᠤ ᠬᠤᠯᠠ ᠶᠢᠨ | ᠪᠡᠯᠴᠢᠭᠡᠷ ᠲᠤ ᠪᠠᠶᠢᠭ᠎ᠠ ᠠᠳᠤᠭᠤ ᠲᠡᠮᠡᠭᠡ ᠪᠠᠨ ᠡᠷᠬᠢᠵᠤ ᠦᠵᠡᠬᠦ ᠪᠠᠷ ᠡᠷᠳᠡ ᠭᠠᠷᠴᠤ ᠲᠠᠪᠬᠢᠭᠰᠠᠨ ᠭᠡᠷ ᠤᠨ ᠡᠵᠡᠨ | ᠪᠤᠴᠠᠵᠤ ᠢᠷᠡᠬᠦ ᠨᠢ ᠲᠠᠭᠠᠷᠠᠯᠳᠤᠵᠤ᠂ ᠡᠵᠡᠨ ᠡᠵᠡᠭᠳᠡᠢ ᠬᠤᠶᠠᠷ ᠦᠭᠡᠳᠡ ᠦᠭᠡᠳᠡ ᠠᠴᠠ ᠪᠠᠨ ︽ᠵᠠ ᠪᠤᠳᠤᠭᠤᠯᠠᠵᠤ | ᠤᠤ︖ ᠤᠨᠠᠭᠠᠯᠠᠵᠤ ᠤᠤ︖ ᠬᠤᠷᠠᠭᠠᠯᠠᠵᠤ ᠤᠤ︖ ᠲᠤᠭᠤᠯᠯᠠᠵᠤ ᠤᠤ︖︾ ᠭᠡᠵᠤ ᠠᠰᠠᠭᠤᠯᠴᠠᠨ᠂ ︽ᠪᠤᠷᠤ | ᠢᠡᠭᠭᠡ ᠰᠢᠷ᠎ᠠ ᠬᠦᠯᠢᠶᠡᠨ ᠤ ᠪᠠᠷᠠᠭᠤᠨ ᠳᠡᠭᠡᠷ᠎ᠠ ᠪᠤᠳᠤᠭᠤᠯᠠᠴᠢᠬᠠᠵᠢ︾᠂ ︽ᠬᠦᠭᠰᠢᠨ ᠰᠢᠷᠭ᠎ᠠ ᠭᠡᠬᠦᠤ ᠠᠴᠠ | ᠰᠠᠶᠢᠬᠠᠨ ᠠᠯᠠᠭ ᠤᠨᠠᠭ᠎ᠠ ᠭᠠᠷᠴᠠᠢ︾᠂ ︽ᠦ᠂ ᠤᠷᠢᠳᠤ ᠰᠦᠨᠢ ᠲᠠᠪᠤ ᠬᠤᠷᠠᠭᠠᠯᠠᠭᠰᠠᠨ ᠪᠠᠶᠢᠨ᠎ᠠ ᠰᠢᠤ᠂ ᠤᠳᠤ | ᠴᠦ ᠵᠠᠯᠭᠠᠭᠠᠳ ᠬᠦᠢᠯᠡᠨᠠ ᠳ᠋ᠡ ᠁︾᠂ ︽ᠵᠢᠭᠠᠬᠠᠨ ᠠᠯᠠᠭ ᠦᠨᠢᠶ᠎ᠠ ᠦᠨᠤ ᠤᠷᠤᠢ ᠠᠴᠠ ᠭᠡᠳᠦᠷᠡᠬᠦ ᠦᠭᠡᠢ | ᠪᠠᠶᠢᠬ᠎ᠠ︾ ᠭᠡᠵᠤ ᠶᠠᠷᠢᠯᠴᠠᠭᠰᠠᠭᠠᠷ ᠭᠡᠷ ᠲᠤ ᠪᠠᠨ ᠤᠷᠤᠨ᠎ᠠ᠃ | ᠡᠨᠡ ᠪᠤᠯ ᠮᠠᠯᠴᠢᠨ ᠬᠦᠮᠦᠨ ᠤ ᠬᠠᠪᠤᠷ ᠤᠨ ᠪᠠᠶᠠᠷ᠂ ᠲᠡᠳᠡ ᠰᠦᠷᠦᠭ ᠰᠦ᠋ᠷᠦᠭ ᠤᠨ ᠢᠶᠠᠨ ᠤᠤᠭᠠᠨ ᠲᠦᠯ ᠢ | ᠮᠡᠨᠳᠤ ᠲᠤᠰᠤᠭᠰᠠᠨ ᠢᠢᠨᠨ ᠶᠡᠬᠡᠯ᠎ᠡ ᠪᠡᠯᠭᠡᠰᠢᠶᠡᠵᠤ᠂ ᠰᠡᠳᠬᠢᠯ ᠤᠨ ᠤᠭ ᠠᠴᠠ ᠪᠠᠨ ᠪᠠᠶᠠᠷᠯᠠᠵᠠᠭᠠᠨ᠂ ᠤᠷᠮ᠎ᠠ ᠪᠠᠨ | ᠳᠠᠶᠢᠴᠢᠯᠠᠨ ᠠᠵᠢᠯᠯᠬᠠᠤ ᠢᠳᠡᠭᠡᠯ ᠵᠤᠷᠢᠭ ᠨᠢ ᠡᠷᠴᠢᠯᠡᠭᠳᠡᠳᠡᠭ᠃ ︽ᠨᠢᠯᠬ᠎ᠠ ᠪᠤᠳᠤᠭᠤ ᠮᠢᠨᠢ ᠪᠡᠭᠡᠷᠡᠴᠢᠭᠡᠬᠦ ᠪᠤᠢ︾ | ᠭᠡᠮᠡᠨ ᠰᠠᠨᠠᠭᠠᠰᠢᠷᠠᠵᠤ ᠨᠡᠮᠨᠡᠨᠠ᠂ ︽ᠨᠢᠯᠬ᠎ᠠ ᠲᠤᠭᠤᠯ ᠮᠢᠨᠢ ᠵᠢᠩᠬᠢᠨᠡᠴᠢᠭᠡᠬᠦ ᠪᠤᠢ︾ ᠭᠡᠮᠡᠨ ᠬᠢᠴᠢᠶᠡᠵᠤ᠂ ᠨᠢᠷᠤᠭᠤ | ᠭᠡᠳᠡᠰᠤᠨ ᠠᠴᠠ ᠨᠢ ᠲᠤᠯᠠᠭᠠᠯᠠᠨ᠎ᠠ᠂ ᠢᠭᠡᠷᠠ ᠶᠢᠨ ᠦᠷᠦᠭᠡᠰᠤᠨ ᠢᠶᠠᠨ ᠬᠠᠯᠠᠭᠤᠬᠠᠨ ᠰᠦ ᠪᠠᠷ ᠤᠭᠵᠢᠵᠤ ᠦᠯᠦᠰᠭᠡᠬᠦ | ᠦᠭᠡᠢ ᠬᠦᠷᠤᠪᠡᠵᠢᠬᠦᠯᠦᠨᠠ ᠁ ᠡᠨᠡ ᠨᠢ ᠴᠦ ᠬᠦᠭᠡᠷᠦᠬᠦᠨ᠂ ᠲᠡᠷᠡ ᠨᠢ ᠴᠦ ᠬᠦᠭᠡᠷᠦᠬᠦᠨ᠂ ᠨᠢᠯᠬ᠎ᠠ | ᠠᠮᠢᠳᠠᠳ ᠤᠨ ᠢᠶᠠᠨ ᠭᠠᠷᠭᠠᠬᠤ ᠶᠠᠩᠵᠤ ᠶᠠᠩᠵᠤ ᠶᠢᠨ ᠠᠭᠠᠰᠢ ᠠᠪᠤᠷᠢ ᠶᠢ ᠬᠠᠷᠠᠪᠠᠯ ᠶᠠᠭᠠᠷᠠᠭᠰᠠᠨ ᠴᠦ ᠪᠠᠶᠢᠭ᠂ | ᠶᠠᠳᠠᠷᠠᠭᠰᠠᠨ ᠴᠦ ᠪᠠᠶᠢᠭ᠂ ᠦᠪᠡᠷ ᠤᠨ ᠡᠷᠬᠡ ᠦᠭᠡᠢ ᠰᠡᠳᠬᠢᠯ ᠰᠠᠨᠠᠭ᠎ᠠ ᠨᠢ ᠰᠡᠷᠬᠦᠵᠤ ᠪᠠᠶᠠᠰᠳᠠᠭ᠂ ᠮᠠᠯᠴᠢᠨ | ᠬᠦᠮᠦᠨ ᠤ ᠬᠠᠪᠤᠷ ᠤᠨ ᠶᠠᠳᠠᠷᠠᠭ᠎ᠠ ᠶᠢ ᠮᠠᠯ ᠨᠢ ᠬᠦᠷᠳᠡᠯ᠎ᠠ ᠬᠦᠭᠡᠷᠦᠬᠦᠢ ᠲᠠᠶᠢᠯᠬᠤ ᠶᠤᠮ ᠳᠠ᠃ ᠲᠡᠳᠡ ᠢᠡᠭᠬᠢᠵᠤ | ᠶᠠᠳᠠᠷᠠᠵᠤ ᠶᠠᠭᠠᠷᠠᠵᠤ ᠬᠦᠳᠡᠯᠮᠤᠷᠢᠯᠡᠭᠰᠡᠨ ᠤ ᠠᠴᠢ ᠪᠠᠷ ᠬᠠᠮᠤᠭ ᠨᠤᠳᠤᠭ ᠤᠨ ᠮᠠᠯᠴᠢᠨ ᠤ ᠬᠤᠳᠠ ᠲᠦᠭᠦᠷᠭᠡᠭᠰᠡᠨ | ᠬᠤᠷᠠᠭ᠎ᠠ ᠢᠰᠢᠭᠡᠳ ᠤᠨ ᠮᠠᠶᠢᠯᠠᠭᠠᠨ᠂ ᠬᠦᠭᠡᠷᠦᠬᠦᠨ ᠲᠤᠭᠤᠯ ᠤᠨ ᠮᠦᠭᠡᠷᠡᠭᠡᠨ᠂ ᠪᠤᠱᠢᠭᠤ ᠲᠡᠩᠴᠡᠭᠰᠡᠨ | ᠤᠨᠠᠭᠠᠳ ᠤᠨ ᠦᠤᠷᠰᠡᠭᠡ᠂ ᠪᠤᠷᠤ ᠨᠢᠳᠤᠨ ᠪᠤᠳᠤᠭᠤᠳ ᠤᠨ ᠪᠤᠶᠢᠯᠠᠭᠠᠨ ᠨᠡᠶᠢᠯᠡᠭᠡᠳ ᠬᠠᠨᠭ᠍ᠭᠠᠢ ᠳᠡᠯᠡᠭᠡᠢ ᠶᠢ | ᠡᠬᠡᠰᠢᠭᠯᠡᠬᠦ ᠶᠡᠭᠡ ᠨᠠᠶᠢᠷᠠᠯ ᠬᠦᠭᠵᠢᠮ ᠪᠤᠯᠵᠥ᠂ ᠰᠢᠷᠭᠠᠭᠤ ᠬᠦᠳᠡᠯᠮᠤᠷᠢᠯᠡᠭᠰᠡᠨ ᠮᠠᠯᠴᠢᠳ ᠤᠨ ᠠᠮᠵᠢᠯᠳᠠ | ᠪᠦᠳᠦᠮᠵᠢ ᠶᠢ ᠬᠠᠷᠠᠭᠤᠯᠤᠭᠰᠠᠨ ᠪᠠᠶᠠᠷ ᠤᠨ ᠤᠶ᠋ᠨᠩᠭᠠ ᠪᠤᠯᠳᠠᠭ ᠳᠠ᠃ ᠁ ᠡᠷᠬᠢᠬᠦ ᠤᠷᠴᠢᠯᠡᠩ ᠤᠨ | ᠤᠯᠠᠷᠢᠯ ᠤᠨ ᠵᠢᠮ᠎ᠠ ᠶᠢ ᠳᠠᠭᠠᠵᠤ᠂ ᠡᠷᠳᠡᠨᠢᠳᠤ ᠮᠠᠯ ᠰᠦᠷᠦᠭ ᠢᠶᠠᠨ ᠦᠰᠭᠡᠵᠤ ᠦᠷᠡᠵᠢᠬᠦᠯᠵᠤ ᠶᠠᠪᠤᠳᠠᠭ ᠨᠠᠷᠠᠨ ᠤ | ᠪᠤᠷᠤ ᠮᠠᠯᠴᠢᠳ ᠤᠨ ᠮᠢᠨᠢ ᠬᠦᠳᠡᠯᠮᠤᠷᠢᠴᠢ ᠠᠯᠳᠠᠷ ᠡᠨᠡᠭᠡᠨ ᠢᠶᠠᠷ ᠵᠤᠭᠰᠤᠰᠢ ᠦᠭᠡᠢ᠃ ᠦᠷᠯᠦᠭᠡ ᠦᠳᠡᠰᠢ ᠶᠢᠨ | ᠬᠤᠭᠤᠷᠤᠨᠳᠤ ᠬᠡᠳᠦ ᠬᠤᠪᠢᠷᠠᠵᠤ ᠵᠠᠪᠳᠤᠬᠤ ᠬᠠᠪᠤᠷ ᠤᠨ ᠵᠢᠪᠡᠬᠦᠨ ᠵᠢᠪᠡᠷ᠂ ᠬᠠᠪᠤᠷ ᠤᠨ ᠬᠦᠢᠳᠡᠨ ᠴᠢᠬᠢᠭ᠂ | ᠬᠠᠪᠤᠷ ᠤᠨ ᠰᠠᠯᠬᠢᠨ ᠰᠢᠭᠤᠷᠭ᠎ᠠ ᠠᠴᠠ ᠭᠡᠳᠦᠨ ᠮᠠᠯ ᠢᠶᠠᠨ ᠬᠠᠮᠠᠭᠠᠯᠠᠵᠤ᠂ ᠮᠡᠨᠳᠤ ᠠᠪᠴᠤ ᠤᠨᠳᠤᠷᠤᠭᠤᠯᠤᠭᠰᠠᠨ | ᠠᠯᠳᠠᠷ ᠨᠢ ᠮᠠᠯᠴᠢᠨ ᠬᠦᠮᠦᠨ ᠤ ᠬᠠᠮᠤᠭ ᠠᠯᠳᠠᠷ ᠤᠨ ᠬᠢᠨᠢ ᠡᠬᠢᠯᠡᠯ ᠪᠠᠶᠢᠨᠠᠮ᠂ ᠬᠠᠪᠤᠷ ᠤᠨ ᠠᠯᠳᠠᠷ ᠪᠤᠯᠤᠨᠠᠮ᠃ | |