| ᠬᠠᠳᠠᠭᠠᠯᠠᠭᠳᠠᠨ ᠤᠯᠠᠮᠵᠢᠯᠠᠭᠳᠠᠭᠰᠠᠨ ᠪᠠᠶᠢᠳᠠᠯ | ᠮᠣᠩᠭᠤᠯᠬᠦ᠋ᠷᠢᠶᠠ ᠶᠢᠨ ᠦᠭᠡᠯᠡᠳᠴᠤᠳ ᠤᠨ ᠲᠤᠮᠳᠠ ᠬᠠᠳᠠᠭᠠᠯᠠᠭᠳᠠᠵᠦ ᠪᠠᠶᠢᠬᠤ ᠰᠤᠳᠤᠷ ᠨᠣᠮ ᠠᠷᠪᠢᠨ | ᠣᠯᠠᠨ ᠪᠠᠶᠢᠭᠰᠠᠨ ᠪᠥᠭᠡᠳ ᠮᠠᠨ ᠤ ᠪᠣᠭᠳᠠ ᠢᠪᠡᠭᠡᠭᠴᠢ ᠰᠦᠮ᠎ᠡ ᠳᠤ ᠴᠦ ᠠᠷᠪᠢᠨ ᠣᠯᠠᠨ ᠨᠣᠮ ᠬᠠᠳᠠᠭᠠᠯᠠᠭᠳᠠᠵᠦ | ᠪᠠᠶᠢᠭᠰᠠᠨ ᠢ ︽ᠰᠣᠶᠣᠯ ᠤᠨ ᠶᠡᠭᠡ ᠬᠤᠪᠢᠰᠬᠠᠯ︾ ᠤᠨ ᠴᠠᠭ ᠲᠤ ᠨᠢᠭᠡ ᠰᠤᠷᠭᠠᠭᠤᠯᠢ ᠶᠢᠨ ᠰᠣᠷᠣᠭᠴᠢᠳ | ᠳᠣᠯᠣᠭᠠᠨ ᠡᠳᠦᠷ ᠲᠦᠢᠮᠡᠷᠳᠡᠭᠰᠡᠨ ᠲᠡᠦᠬᠡ ᠠᠴᠠ ᠮᠡᠳᠡᠵᠦ ᠪᠣᠯᠤᠨ᠎ᠠ᠃ ᠡᠭᠦᠨ ᠠᠴᠠ ᠭᠠᠳᠠᠨ᠎ᠠ᠂ ︽ᠰᠣᠶᠣᠯ ᠤᠨ | ᠶᠡᠭᠡ ᠬᠤᠪᠢᠰᠬᠠᠯ︾ ᠤᠨ ᠴᠠᠭ ᠲᠤ ︽ᠲᠥᠷᠪᠡᠨ ᠬᠠᠭᠤᠴᠢᠨ︾ ᠢ ᠠᠷᠢᠯᠭᠠᠬᠤ ᠲᠥᠷᠦ ᠶᠢᠨ ᠪᠣᠳᠣᠯᠭ᠎ᠠ ᠶᠢᠨ | ᠠᠯᠪᠠᠳᠠᠯᠭ᠎ᠠ ᠲᠤᠤᠷ᠎ᠠ ᠶᠡᠭᠡ ᠣᠯᠠᠨ ᠰᠤᠳᠤᠷ ᠨᠣᠮ ᠢᠶᠠᠨ ᠬᠤᠪᠢ ᠬᠦᠮᠦᠰ ᠦᠪᠡᠷᠳᠡᠭᠡᠨ ᠲᠦᠢᠮᠡᠷᠳᠡᠭᠰᠡᠨ ᠪᠠ ᠭᠡᠭᠡᠷ᠎ᠡ | ᠭᠠᠳᠠᠨ᠎ᠠ ᠲᠠᠯᠳᠠᠯᠠᠵᠦ ᠲᠠᠯᠪᠢᠭᠰᠠᠨ ᠠᠴᠠ ᠦᠷᠡᠭᠳᠡᠵᠦ ᠬᠡᠬᠡᠭᠳᠡᠭᠰᠡᠨ ᠪᠠᠶᠢᠨ᠎ᠠ᠃ ᠵᠡᠭᠦᠨ᠋ᠭᠠᠷ ᠬᠠᠭᠠᠨᠳᠤ ᠤᠯᠤᠰ ᠤᠨ | ᠰᠡᠭᠦᠯᠴᠢ ᠶᠢᠨ ᠦᠶ᠎ᠡ ᠳᠤ ᠮᠠᠨᠵᠦ ᠶᠢᠨ ᠡᠵᠡᠮᠰᠢᠯ ᠠᠴᠠ ᠬᠡᠯᠳᠦᠷᠢᠬᠦᠯᠵᠦ ᠭᠡᠳᠦ ᠭᠡᠳᠦᠨ ᠲᠡᠮᠡᠭᠡ ᠳᠤ ᠠᠴᠢᠭᠰᠠᠨ ᠨᠣᠮ | ᠰᠤᠳᠤᠷ ᠢ ᠣᠳᠣ ᠶᠢᠨ ᠴᠠᠪᠴᠢᠶᠠᠯ ᠤᠨ ᠰᠢᠪᠡᠭᠡ ᠦᠨᠳᠦᠰᠦᠲᠡᠨ ᠤ ᠦᠪᠡᠷᠲᠡᠭᠡᠨ ᠵᠠᠰᠠᠬᠤ ᠰᠢᠶᠠᠨ ᠤ ᠵᠢᠭᠠᠰᠤᠲᠠᠢ | ᠭᠡᠳᠡᠭ ᠭᠠᠵᠠᠷ ᠤᠨ ᠬᠠᠳᠠ ᠶᠢᠨ ᠠᠭᠤᠢ ᠳᠤ ᠲᠠᠯᠪᠢᠵᠦ ᠪᠠᠶᠢᠳᠠᠭ ᠪᠦᠭᠡᠳ ᠠᠭᠤᠢ ᠶᠢᠨ ᠡᠭᠦᠳᠡ ᠢ ᠴᠠᠭᠠᠨ ᠨᠣᠬᠠᠢ | ᠮᠠᠨᠠᠵᠦ᠂ ᠲᠣᠳᠣᠷ᠎ᠠ ᠨᠢ ᠬᠤᠤᠷᠠᠳᠤ ᠮᠣᠭᠠᠢ᠂ ᠬᠤᠤᠷᠠᠳᠤ ᠭᠡᠢ ᠪᠠᠶᠢᠳᠠᠭ ᠠᠴᠠ ᠬᠦᠮᠦᠨ ᠣᠷᠣᠵᠦ ᠴᠢᠳᠠᠬᠤ ᠦᠭᠡᠢ | ᠭᠡᠳᠡᠭ ᠲᠣᠮᠤᠭ ᠦᠯᠢᠭᠡᠷ ᠨᠤᠲᠤᠭ ᠤᠨ ᠲᠤᠮᠳᠠ ᠣᠳᠣ ᠪᠣᠯᠳᠠᠯ᠎ᠠ ᠬᠡᠯᠡᠭᠳᠡᠳᠡᠭ ᠶᠤᠮ᠃ | ᠡᠳᠡᠭᠡᠷ ᠲᠠᠪᠬᠤᠷ ᠲᠠᠪᠬᠤᠷ ᠠᠶᠤᠯ ᠵᠡᠳᠭᠡᠷ ᠠᠴᠠ ᠮᠠᠨ ᠤ ᠰᠡᠴᠡᠨ ᠰᠡᠷᠭᠦᠯᠡᠩ ᠠᠷᠠᠳ ᠲᠦᠮᠡᠨ ᠰᠣᠳᠣᠷ | ᠨᠣᠮ ᠢᠶᠠᠨ ᠪᠠᠰᠠ ᠣᠯᠠᠨ ᠵᠦᠢᠯ ᠤᠨ ᠠᠷᠭ᠎ᠠ ᠤᠬᠠᠭᠠᠨ ᠢᠶᠠᠷ ᠬᠠᠳᠠᠭᠠᠯᠠᠵᠦ ᠦᠯᠡᠳᠡᠭᠰᠡᠨ ᠪᠠᠶᠢᠨ᠎ᠠ᠃ ᠣᠳᠣ | ᠪᠢᠳᠡᠨ ᠤ ᠮᠡᠳᠡᠵᠦ ᠪᠠᠶᠢᠬᠤ ᠪᠠᠷ ᠲᠠᠷᠦᠢ ᠭᠠᠷᠴᠠᠭ ᠨᠢ ᠲᠠᠪᠬᠤᠴᠠᠬᠤ ᠦᠭᠡᠢ ᠰᠤᠳᠤᠷ ᠨᠣᠮ 230 ᠭᠠᠷᠤᠢ ᠪᠠᠶᠢᠵᠦ | ᠠᠳᠠᠯᠢ ᠪᠣᠰᠣ ᠬᠦᠮᠦᠨ ᠤ ᠭᠠᠷ ᠲᠤ ᠬᠠᠳᠠᠭᠠᠯᠠᠭᠳᠠᠵᠦ ᠪᠠᠶᠢᠨ᠎ᠠ᠃ ᠡᠭᠦᠨ ᠠᠴᠠ ᠭᠠᠳᠠᠨ᠎ᠠ᠂ ᠵᠠᠷᠢᠮ ᠬᠦᠮᠦᠰ ᠰᠤᠳᠤᠷ | ᠨᠣᠮ ᠢᠶᠠᠨ ᠲᠠᠭ ᠨᠢᠭᠤᠵᠦ ᠦᠵᠡᠭᠦᠯᠬᠦ ᠦᠭᠡᠢ ᠪᠠᠶᠢᠬᠤ ᠪᠠ ᠵᠠᠷᠢᠮ ᠬᠦᠮᠦᠰ ᠪᠠᠷᠢᠮᠳᠠ ᠪᠢᠴᠢᠭ ᠦᠭᠡᠢ ᠪᠠᠷ | ᠪᠤᠰᠤᠳ ᠲᠤ ᠵᠢᠭᠡᠯᠡᠵᠦ ᠥᠭᠭᠦᠭᠡᠳ ᠪᠤᠰᠤᠳ ᠤᠨ ᠥᠮᠴᠢ ᠪᠣᠯᠭᠠᠭᠰᠠᠨ᠂ ᠵᠢᠭᠡᠯᠡᠵᠦ ᠠᠪᠤᠭᠰᠠᠳ ᠦᠪᠡᠷ ᠤᠨ | ᠥᠮᠴᠢ ᠪᠣᠯᠭᠠᠬᠤ ᠪᠠᠷ ᠪᠤᠰᠤᠳ ᠤᠨ ᠰᠤᠳᠤᠷ ᠨᠣᠮ ᠢ ᠢᠯᠡ ᠪᠣᠯᠭᠠᠵᠦ ᠭᠠᠷᠭᠠᠬᠤ ᠦᠭᠡᠢ ᠪᠠᠶᠢᠬᠤ ᠪᠠ ᠬᠡᠨ ᠠᠴᠠ | ᠠᠪᠤᠭᠰᠠᠨ ᠢᠶᠠᠨ ᠡᠰᠡ ᠲᠤᠲᠤᠷᠬᠠᠶᠢᠯᠠᠭᠰᠠᠨ ᠠᠴᠠ ᠰᠢᠯᠳᠠᠭᠠᠯᠠᠭᠳᠠᠵᠦ ᠪᠤᠰᠤᠳ ᠭᠠᠵᠠᠷ ᠣᠷᠣᠨ ᠤ ᠬᠦᠮᠦᠰ ᠤᠨ | ᠰᠣᠳᠣᠷ ᠨᠣᠮ ᠪᠣᠯᠣᠭᠰᠠᠨ ᠠᠴᠠ ᠶᠠᠷᠦᠩᠬᠡᠢ ᠲᠤᠭ᠎ᠠ ᠨᠢ ᠴᠣᠬᠤᠮ ᠭᠡᠳᠦᠢ ᠪᠠᠶᠢᠬᠤ ᠶᠢ ᠲᠤᠲᠤᠷᠬᠠᠶᠢᠯᠠᠬᠤ ᠶᠢᠨ ᠠᠷᠭ᠎ᠠ | ᠦᠭᠡᠢ᠃ ᠵᠢᠰᠢᠶᠡᠯᠪᠡᠯ᠄ 1978 ᠣᠨ ᠤ ᠦᠶ᠎ᠡ ᠪᠠᠷ ᠮᠣᠩᠭᠤᠯᠬᠦ᠋ᠷᠢᠶᠡ ᠰᠢᠶᠠᠨ ᠤ ᠤᠷᠳᠤᠪᠤᠯᠠᠭ ᠤᠨ ᠪᠠᠯᠳᠠᠨ | ᠲᠡᠮᠴᠢ ᠭᠡᠳᠡᠭ ᠬᠦᠮᠦᠨ ᠠᠴᠠ ᠲᠡᠭᠡᠰ ᠰᠢᠶᠠᠨ ᠤ ᠡᠲ᠋ᠡᠢ ᠶᠢᠨ ᠫᠦᠷᠪᠡᠢ ᠭᠡᠳᠡᠭ ᠬᠦᠮᠦᠨ ︵ᠬᠤᠰᠢᠭᠤᠳ ᠶᠠᠰᠤᠲᠠᠨ︶ | ᠵᠠᠩᠭᠠᠷ ᠤᠨ ︽ᠲᠣᠭᠰᠢᠨ ᠰᠢᠷ᠎ᠠ ᠭᠦᠷᠭᠦᠦ ᠪᠦᠯᠦᠭ︾ ᠪᠠ ︽ᠬᠠᠷ᠎ᠠ ᠭᠢᠨᠢᠰ ᠤᠨ ᠪᠦᠯᠦᠭ︾ ᠵᠡᠭᠡᠯᠡᠵᠦ ᠠᠪᠤᠭᠠᠳ | ᠬᠤᠶᠢᠨ᠎ᠠ ᠨᠢ ᠲᠣ᠂ ᠵᠠᠮᠴᠠ ᠪᠠᠷ ᠠᠬᠠᠯᠠᠭᠰᠠᠨ ᠬᠦᠮᠦᠰ ᠠᠪᠤᠯ᠎ᠠ ᠭᠡᠵᠦ ᠪᠠᠯᠳᠠᠨ ᠲᠡᠮᠴᠢ ᠶᠢᠨ ᠠᠴᠢ ᠪᠣᠯᠬᠤ ᠨᠣᠷᠪᠤ | ᠭᠡᠳᠡᠭ ᠬᠦᠮᠦᠨ ᠪᠠᠯᠳᠠᠨ ᠲᠡᠮᠴᠢ ᠶᠢᠨ ᠲᠠᠭᠠᠯᠭᠠᠪᠤᠷᠢ ᠪᠠᠷ ᠨᠡᠭᠡᠵᠦ ᠣᠳᠣᠭᠰᠠᠨ ᠳᠤ ᠨᠣᠷᠪᠤ ᠳᠤ ᠪᠢᠴᠢᠵᠦ ᠥᠭᠭᠦᠭᠰᠡᠨ | ᠪᠠᠳᠤᠯᠭ᠎ᠠ ᠣᠳᠣ ᠴᠤ ᠪᠣᠢ᠃ ᠣᠳᠣ ᠮᠠᠨ ᠤ ᠮᠣᠩᠭᠤᠯᠬᠦ᠋ᠷᠢᠶᠠ ᠶᠢᠨ ᠥᠭᠡᠯᠡᠳᠴᠤᠳ ᠤᠨ ᠲᠣᠳᠣᠷ᠎ᠠ ᠰᠤᠳᠤᠷ ᠨᠣᠮ | ᠠᠷᠪᠢᠨ ᠣᠯᠠᠨ ᠬᠠᠳᠠᠭᠠᠯᠠᠵᠦ ᠪᠠᠶᠢᠬᠤ ᠬᠤᠪᠢ ᠬᠦᠮᠦᠨ ᠨᠠᠮᠵᠢᠯ ᠯᠠᠮᠠ ᠪᠣᠯᠬᠤ ᠪᠥᠭᠡᠳ ᠶᠡᠭᠡ ᠪᠠᠭ᠎ᠠ 200 ᠭᠠᠷᠤᠢ | ᠠᠳᠠᠯᠢ ᠪᠤᠰᠤ ᠭᠠᠷᠴᠠᠭ ᠲᠠᠢ ᠰᠤᠳᠤᠷ ᠨᠣᠮ ᠪᠣᠢ᠃ ᠡᠭᠦᠨ ᠭᠠᠳᠠᠨ᠎ᠠ ᠬᠤᠭᠠᠢ ᠠᠪᠤ ᠶᠢᠨ ᠭᠦᠪᠡᠭᠦᠨ ᠪᠦᠷᠢᠨᠳᠡᠭᠦᠰ᠂ | ᠨᠣᠷᠪᠤ᠂ ᠬᠤᠲᠠᠯᠠᠳᠡᠭᠦᠰ ᠵᠡᠷᠭᠡ ᠬᠦᠮᠦᠰ ᠪᠠᠰᠠ ᠲᠡᠭᠡᠳᠦ ᠦᠶ᠎ᠡ ᠨᠢ ᠪᠠᠨ ᠠᠷᠪᠢᠨ ᠣᠯᠠᠨ ᠬᠠᠭᠤᠴᠢᠨ ᠨᠣᠮ ᠰᠤᠳᠤᠷ | ᠬᠠᠳᠠᠭᠠᠯᠠᠵᠦ ᠪᠠᠶᠢᠨ᠎ᠠ᠃ | ᠮᠠᠨ ᠤ ᠦᠭᠡᠯᠡᠳᠴᠤᠳ ᠭᠠᠷ ᠢᠶᠠᠷ ᠰᠤᠳᠤᠷ ᠨᠣᠮ ᠪᠢᠴᠢᠬᠦ ᠶᠢ ︽ᠨᠣᠮ ᠪᠤᠰᠬᠠᠬᠤ︾ ᠭᠡᠳᠡᠭ᠃ | ᠬᠠᠮᠳᠤ ᠳᠠᠭᠠᠨ ᠪᠢᠴᠢᠭ ᠰᠤᠷᠤᠭᠰᠠᠨ ᠨᠣᠮ ᠪᠢᠴᠢᠯᠴᠡᠭᠰᠡᠨ ᠬᠦᠮᠦᠰ ᠨᠢᠭᠡ ᠨᠢᠬᠡ ᠪᠠᠨ ︽ᠨᠣᠮ ᠤᠨ ᠲᠠᠩᠭᠠᠷᠠᠭ︾ | ᠭᠡᠵᠦ ᠲᠠᠭᠤᠳᠠᠳᠠᠭ ᠪᠠᠶᠢᠵᠠᠢ᠃ ᠬᠤᠶᠢᠨ᠎ᠠ ᠨᠢ ᠬᠠᠮᠳᠤ ᠰᠣᠷᠣᠯᠭᠠᠳᠠᠨ ᠢᠶᠠᠨ ᠨᠣᠮ ᠲᠠᠩᠭᠠᠷᠠᠭ ᠭᠡᠳᠡᠭ ᠪᠣᠯᠵᠠᠢ᠃ | ᠰᠤᠳᠤᠷ ᠨᠣᠮ ᠤᠩᠰᠢᠬᠤ ᠪᠠᠨ ︽ᠨᠣᠮ ᠨᠡᠭᠡᠭᠡᠭᠦ︾ ᠭᠡᠳᠡᠭ᠃ ᠱᠠᠰᠢᠨ ᠤ ᠨᠣᠮ ᠤᠩᠰᠢᠬᠤ ᠳᠤ ᠵᠡᠷᠭᠡᠯᠡᠨ | ᠰᠠᠭᠤᠭᠰᠠᠨ ᠬᠦᠮᠦᠨ ᠤ ᠡᠬᠢᠨ ᠲᠠᠯ᠎ᠠ ᠰᠠᠭᠤᠵᠦ ᠨᠣᠮ ᠤᠨ ᠨᠢᠭᠡᠳᠦᠭᠡᠷ ᠨᠢᠭᠤᠷ ᠢ ᠤᠩᠰᠢᠵᠦ ᠡᠭᠢᠯᠡᠭᠰᠡᠨ ᠬᠦᠮᠦᠨ ᠢ | ︽ᠨᠣᠮ ᠡᠭᠢ ᠪᠠᠷᠢᠭᠰᠠᠨ ᠪᠠᠭᠰᠢ︾ ᠭᠡᠳᠡᠭ᠃ ᠰᠢᠷ᠎ᠠ ᠶᠢᠨ ᠱᠠᠰᠢᠨ ᠤ ᠯᠠᠮᠠ ᠠᠴᠠ ᠪᠤᠰᠤᠳ ᠨᠣᠮ ᠨᠡᠭᠡᠭᠡᠭᠦ | ᠬᠦᠮᠦᠨ ᠢ ︽ᠬᠠᠷ᠎ᠠ ᠪᠠᠭᠰᠢ︾ ᠭᠡᠳᠡᠭ᠃ ᠠᠶᠢᠯ ᠡᠷᠦᠭᠡ ᠲᠤᠰᠬᠠᠢ ᠨᠣᠮ ᠪᠣᠰᠬᠠᠬᠤ ᠬᠦᠮᠦᠨ ᠢ ᠦᠷᠢᠵᠦ ᠨᠣᠮ | ᠪᠣᠰᠬᠠᠭᠤᠯᠳᠠᠭ᠃ ᠰᠢᠨ᠎ᠡ ᠰᠤᠳᠤᠷ ᠵᠣᠭᠢᠶᠠᠵᠦ ᠪᠢᠴᠢᠬᠦ᠂ ᠰᠤᠳᠤᠷ ᠠᠴᠠ ᠰᠤᠳᠤᠷ ᠬᠠᠭᠤᠯᠠᠵᠦ ᠪᠢᠴᠢᠬᠦ᠂ | ᠰᠤᠳᠤᠷ ᠤᠨ ᠴᠠᠭᠠᠰᠤᠨ ᠬᠠᠭᠤᠴᠢᠷᠠᠵᠦ ᠡᠯᠡᠭᠳᠡᠪᠡᠯ ᠰᠡᠯᠪᠢᠨ ᠪᠢᠴᠢᠬᠦ ᠶᠢ ᠪᠦᠷ ︽ᠨᠣᠮ ᠪᠣᠰᠬᠠᠬᠤ︾ ᠭᠡᠳᠡᠭ ᠶᠤᠮ᠃ | ᠣᠳᠣ ᠴᠦ ᠨᠠᠮᠵᠢᠯ ᠯᠠᠮᠠ ᠪᠠᠷ ᠠᠬᠠᠯᠠᠭᠰᠠᠨ ᠭᠦᠮᠦᠰ ᠨᠣᠮ ᠪᠣᠰᠬᠠᠵᠦ ᠪᠠᠶᠢᠳᠠᠭ᠃ ᠰᠤᠳᠤᠷ ᠠᠴᠠ ᠬᠠᠭᠤᠯᠠᠵᠦ ᠨᠣᠮ | ᠪᠣᠰᠬᠠᠬᠤ ᠳᠠᠭᠠᠨ ᠬᠠᠭᠤᠴᠢᠨ ᠪᠢᠴᠢᠯᠭᠡ ᠶᠢ ᠨᠢ ᠣᠨᠴᠠ ᠠᠩᠬᠠᠷᠴᠤ ᠬᠠᠭᠤᠴᠢᠨ ᠪᠢᠴᠢᠯᠭᠡ ᠪᠠᠷ ᠨᠢ ᠪᠢᠴᠢᠵᠦ | ᠪᠣᠰᠬᠠᠳᠠᠭ ᠶᠣᠰᠣᠲᠠᠢ ᠠᠴᠠ ᠰᠣᠳᠣᠷ ᠨᠣᠮ ᠤᠨ ᠦᠰᠦᠭ ᠤᠨ ᠲᠦᠷᠰᠦ ᠲᠣᠳᠣ ᠦᠰᠦᠭ ᠤᠨ ᠨᠡᠯᠢᠶᠡᠳ ᠡᠷᠲᠡ | ᠦᠶ᠎ᠡ ᠶᠢᠨ ᠦᠰᠦᠭ ᠤᠨ ᠲᠦᠷᠰᠦ ᠶᠢ ᠬᠠᠳᠠᠭᠠᠯᠠᠭᠰᠠᠨ ᠪᠠᠶᠢᠳᠠᠭ᠃ ᠨᠣᠮ ᠢ ᠢᠯᠡ ᠲᠠᠯᠪᠢᠬᠤ ᠦᠭᠡᠢ ᠡᠷᠭᠢᠪᠰᠢ | ᠪᠦᠰ ᠢᠶᠠᠷ ᠪᠠᠭᠯᠠᠵᠦ ᠲᠡᠭᠡᠷ᠎ᠡ ᠭᠠᠵᠠᠷ ᠲᠠᠯᠪᠢᠵᠦ ᠵᠣᠯᠠ ᠡᠭᠦᠰᠭᠡᠵᠦ ᠲᠠᠬᠢᠵᠦ ᠪᠠᠶᠢᠳᠠᠭ᠃ ᠨᠣᠮ ᠢ ᠪᠠᠭᠯᠠᠵᠦ | ᠣᠷᠢᠶᠠᠬᠤ ᠪᠥᠰ ᠢ ︽ᠨᠣᠮ ᠤᠨ ᠬᠤᠪᠴᠠᠰᠤ︾ ᠭᠡᠳᠡᠭ᠃ ᠨᠡᠭᠦᠭᠦ ᠦᠶ᠎ᠡ ᠳᠡᠭᠡᠨ ᠨᠣᠮ ᠲᠦᠷᠦᠭᠦ ᠠᠪᠲᠠᠷ᠎ᠠ ᠶᠢ ︽ | ᠨᠣᠮ ᠤᠨ ᠬᠤᠪᠳᠤ︾ ᠭᠡᠳᠡᠭ᠃ ᠡᠨᠡ ᠮᠡᠳᠤ ᠥᠭᠡᠯᠡᠳᠴᠤᠳ ᠤᠨ ᠨᠣᠮ ᠬᠠᠳᠠᠭᠠᠯᠠᠵᠦ ᠬᠠᠮᠭᠠᠯᠠᠬᠤ ᠠᠷᠭ᠎ᠠ | ᠮᠡᠷᠭᠡᠵᠢᠯ ᠰᠠᠶᠢᠨ ᠤᠴᠢᠷ ᠠᠴᠠ ᠬᠠᠭᠤᠴᠢᠨ ᠨᠣᠮ ᠣᠯᠠᠨ ᠪᠠᠶᠢᠬᠤ ᠶᠢᠨ ᠪᠠᠰᠠ ᠨᠢᠭᠡ ᠰᠢᠯᠳᠠᠭᠠᠨ ᠪᠣᠯᠵᠦ ᠮᠡᠳᠡᠨ᠎ᠡ᠃ | ᠮᠣᠩᠭᠤᠯᠬᠦ᠋ᠷᠢᠶᠡ ᠶᠢᠨ ᠦᠭᠡᠯᠡᠳᠴᠤᠳ ᠤᠨ ᠲᠣᠳᠣᠷ᠎ᠠ ᠬᠠᠳᠠᠭᠠᠯᠠᠭᠳᠠᠵᠦ ᠪᠠᠶᠢᠬᠤ ᠰᠤᠳᠤᠷ ᠨᠣᠮ ᠲᠣᠲᠣᠷ᠎ᠠ | ᠣᠶᠢᠭᠤᠷᠵᠢᠨ ᠮᠣᠩᠭᠤᠯ ᠦᠰᠦᠭ ᠢᠶᠠᠷ ᠪᠢᠴᠢᠭᠳᠡᠭᠰᠡᠨ ᠴᠦᠭᠡᠨ ᠰᠤᠳᠤᠷ ᠨᠣᠮ ᠪᠠᠶᠢᠬᠤ ᠨᠢ ᠠᠩᠬᠠᠷᠤᠭᠤᠰᠢᠳᠠᠢ︕ | ᠠᠯᠢ ᠦᠶ᠎ᠡ ᠳᠤ ᠶᠠᠮᠠᠷ ᠰᠢᠯᠳᠠᠭᠠᠨ ᠨᠦᠭᠦᠴᠡᠯ ᠠᠴᠠ ᠪᠢᠳᠡᠨ ᠤ ᠨᠤᠲᠤᠭ ᠲᠤ ᠤᠯᠠᠮᠵᠢᠯᠠᠭᠳᠠᠭᠰᠠᠨ ᠭᠡᠳᠡᠭ ᠨᠢ | ᠰᠤᠳᠤᠯᠤᠭᠤᠰᠢᠲᠠᠢ ᠠᠰᠠᠭᠤᠳᠠᠯ ᠪᠠᠶᠢᠨ᠎ᠠ᠃ ᠬᠠᠳᠠᠭᠠᠯᠠᠭᠳᠠᠭᠰᠠᠨ ᠴᠠᠭ ᠦᠶ᠎ᠡ ᠶᠢᠨ ᠲᠠᠯ᠎ᠠ ᠪᠠᠷ ᠮᠠᠨ ᠨᠤᠲᠤᠭ ᠲᠤ | ᠬᠠᠳᠠᠭᠠᠯᠠᠭᠳᠠᠭᠰᠠᠨ ᠭᠡᠰᠡᠭ ᠲᠡᠦᠭᠡ ᠶᠢᠨ ᠰᠤᠳᠤᠷ ᠨᠣᠮ ᠤᠨ ᠠᠭᠤᠯᠭ᠎ᠠ ᠠᠴᠠ ᠨᠢ ᠠᠪᠴᠤ ᠦᠵᠡᠪᠡᠯ᠂ ᠵᠡᠭᠦᠡᠭᠠᠷ | ᠬᠠᠭᠠᠨᠳᠤ ᠤᠯᠤᠰ ᠤᠨ ᠴᠠᠭ ᠠᠴᠠ ᠨᠠᠭᠠᠷᠤ ᠤᠯᠮᠵᠢᠯᠠᠭᠳᠠᠵᠦ ᠢᠷᠡᠭᠰᠡᠨ ᠢ ᠮᠡᠳᠡᠵᠦ ᠪᠣᠯᠤᠨ᠎ᠠ᠃ ᠡᠭᠦᠨ ᠳᠤ | ᠦᠭᠡᠯᠡᠳᠴᠤᠳ ᠤᠨ ᠲᠡᠭᠡᠷ᠎ᠡ ᠮᠥᠷᠭᠦᠭᠦ ᠦᠶ᠎ᠡ ᠳᠤ ᠤᠩᠰᠢᠬᠤ ︵ᠣᠪᠣᠭ᠎ᠠ ᠲᠠᠬᠢᠬᠤ ᠶᠢ ᠦᠭᠡᠯᠡᠳᠴᠤᠳ ᠲᠡᠭᠡᠷ᠎ᠡ | ᠮᠥᠷᠬᠦᠬᠦ ᠭᠡᠳᠡᠭ︶ ︽ᠰᠠᠴᠤᠯᠢ ᠶᠢᠨ ᠪᠢᠴᠢᠭ︾᠄ ︽ᠡᠵᠡᠨ ᠪᠣᠭᠳᠠ ᠶᠢᠨ ᠭᠡᠭᠡᠨ ᠰᠦᠯᠳᠡ ᠪᠣᠯᠤᠳ᠂ ᠮᠡᠷᠭᠡᠨ | ᠳ᠋ᠠᠶᠢᠴᠢᠩ ᠳ᠋ᠠᠰᠢᠳᠠᠪᠠ ᠥᠢᠷᠡᠳ ᠤᠨ ᠬᠠᠭᠠᠳ ᠨᠣᠶᠠᠳ ᠤᠨ ᠰᠠᠭᠢᠭᠤᠰᠣᠳ ᠲᠠ ᠪᠦᠭᠦᠳᠡᠭᠡᠷ ᠲᠤ ᠲᠡᠭᠡᠵᠢ ᠪᠠᠨ | ᠡᠷᠭᠦᠵᠦ ᠲᠠᠭᠢᠨᠡ ᠪᠢᠳᠡᠨ᠃ ᠠᠳᠡ ᠦᠭᠡᠳᠡ ᠪᠣᠯ︾ ᠭᠡᠳᠡᠭ ᠦᠭᠡ ᠠᠴᠠ ᠮᠡᠳᠡᠵᠦ ᠪᠣᠯᠤᠨ᠎ᠠ᠃ ᠬᠡᠷᠪᠡ ᠮᠠᠨᠵᠦ | ᠡᠷᠭᠡᠰᠢᠯ ᠳᠠᠭᠠᠨ ᠣᠷᠣᠭᠤᠯᠣᠭᠰᠠᠨ ᠤ ᠬᠤᠶᠢᠨ᠎ᠠ ᠵᠣᠭᠢᠶᠠᠭᠳᠠᠭᠰᠠᠨ ᠭᠡᠪᠡᠯ ︽ᠮᠡᠷᠭᠡᠨ ᠳ᠋ᠠᠶᠢᠴᠢᠩ ᠳ᠋ᠠᠰᠢᠳᠠᠪᠠ | ᠥᠢᠷᠡᠳ ᠤᠨ ᠬᠠᠭᠠᠳ ᠨᠣᠶᠠᠳ ᠤᠨ ᠰᠠᠭᠢᠭᠤᠰᠣᠳ ᠲᠠ ᠪᠦᠭᠦᠳᠡᠭᠡᠷ ᠲᠤ ᠲᠡᠭᠡᠵᠢ ᠪᠠᠨ ᠡᠷᠭᠦᠵᠦ ᠲᠠᠭᠢᠨᠡ ᠪᠢᠳᠡᠨ᠃ | ︾ ᠭᠡᠳᠡᠭ ᠦᠭᠡ ᠪᠢᠴᠢᠭᠳᠡᠬᠦ ᠪᠣᠯᠤᠯᠴᠠᠭ᠎ᠠ ᠦᠭᠡᠢ ᠶᠤᠮ᠃ | ᠲᠠᠪᠢᠭᠠᠳ ᠣᠨ ᠤ ᠲᠤᠮᠳᠠᠴᠢ ᠦᠶ᠎ᠡ ᠪᠠᠷ ᠥᠪᠦᠷ ᠮᠣᠩᠭᠤᠯ ᠤᠨ ᠡᠷᠳᠡᠮᠳᠡᠨ ᠮᠡᠷᠭᠡᠨᠪᠠᠭᠠᠳᠤᠷ ᠮᠠᠨ ᠤ | ᠮᠣᠩᠭᠤᠯᠬᠦ᠋ᠷᠢᠶᠠ ᠶᠢᠨ ᠬᠠᠷᠭᠠᠨᠳᠤ ᠶᠢᠨ ᠴᠠᠭᠠᠨ ᠤ ᠪᠠᠳᠠᠷᠬᠤ ᠭᠡᠳᠡᠭ ᠡᠪᠦᠭᠡᠨ ᠠᠴᠠ ᠪᠠᠳᠤᠯᠭ᠎ᠠ ᠪᠢᠴᠢᠵᠦ ᠠᠪᠴᠤ | ᠶᠠᠪᠤᠭᠰᠠᠨ ︽ᠵᠠᠩᠭᠠᠷ ᠤᠨ ᠲᠣᠳᠣ ᠦᠰᠦᠭ ᠤᠨ ᠭᠠᠷ ᠪᠢᠴᠢᠮᠡᠯ︾ ᠢ ︽ᠡᠷᠳᠡᠮᠳᠡᠳ ᠽᠠᠶ᠎ᠠ ᠪᠠᠨᠳᠢᠳᠠ ᠨᠠᠮᠬᠠᠶᠢᠵᠠᠮᠰᠤ | 1648 ᠣᠨ ᠳᠤ ᠲᠣᠳᠣ ᠦᠰᠦᠭ ᠵᠣᠭᠢᠶᠠᠭᠰᠠᠨ ᠤ ᠲᠠᠷᠠᠭ᠎ᠠ ᠲᠡᠮᠡᠢ ᠤᠳᠠᠯ ᠦᠭᠡᠢ ᠪᠢᠴᠢᠭᠳᠡᠭᠰᠡᠨ ᠭᠡᠵᠦ ᠦᠵᠡᠵᠦ | ᠪᠠᠶᠢᠨ᠎ᠠ︾ ᠭᠡᠮᠡᠨ ᠬᠣ᠂ ᠪᠠᠳᠠᠢ ᠨᠦᠭᠦᠷ ᠪᠢᠴᠢᠭᠰᠡᠨ ᠪᠠᠶᠢᠨ᠎ᠠ᠃ ᠵᠠᠩᠭᠠᠷ ᠤᠨ ᠭᠠᠷ ᠪᠢᠴᠢᠮᠡᠯ ᠲᠠᠢ ᠠᠳᠠᠯᠢ ᠲᠣᠳᠣ | ᠦᠰᠦᠭ ᠤᠨ ᠭᠠᠷ ᠢᠶᠠᠷ ᠪᠢᠴᠢᠵᠦ ᠪᠣᠰᠬᠠᠭᠰᠠᠨ ᠰᠤᠳᠤᠷ ᠨᠣᠮ ᠠᠷᠪᠢᠨ ᠪᠠᠶᠢᠳᠠᠭ᠃ ᠲᠡᠭᠡᠷᠡᠬᠢ ᠵᠢᠷᠤᠭ ᠪᠣᠯ ︽ | ᠵᠡᠭᠦᠨ᠋ᠭᠠᠷ ᠬᠠᠭᠠᠨᠳᠤ ᠤᠯᠤᠰ ᠤᠨ ᠭᠠᠵᠠᠷ ᠤᠨ ᠵᠢᠷᠤᠭ︾ ᠤᠨ ᠲᠠᠰᠤᠯᠠᠪᠤᠷᠢ ᠪᠠ ︽ᠰᠠᠴᠤᠯᠢ ᠶᠢᠨ ᠪᠢᠴᠢᠭ︾ ᠤᠨ | ᠭᠠᠷ ᠪᠢᠴᠢᠮᠡᠯ ᠤᠨ ᠬᠤᠶᠠᠷ ᠨᠢᠭᠤᠷ ᠪᠣᠯᠤᠨ᠎ᠠ᠃ ᠡᠨᠡᠬᠦ ᠭᠠᠵᠠᠷ ᠤᠨ ᠵᠢᠷᠤᠭ ᠲᠠᠬᠢ ᠲᠣᠳᠣ ᠦᠰᠦᠭ ᠤᠨ | ᠪᠢᠴᠢᠯᠭᠡ ᠶᠢᠨ ᠲᠢᠭ ᠨᠢ ᠮᠠᠨ ᠤ ᠬᠠᠭᠤᠴᠢᠨ ᠰᠤᠳᠤᠷ ᠨᠣᠮ ᠲᠠᠬᠢ ᠲᠣᠳᠣ ᠦᠰᠦᠭ ᠤᠨ ᠪᠢᠴᠢᠯᠭᠡ ᠶᠢᠨ ᠲᠢᠭ ᠲᠠᠢ | ᠠᠳᠠᠯᠢ ᠪᠤᠶᠤ ᠠᠳᠠᠯᠢᠪᠳᠤᠷ ᠪᠠᠶᠢᠨ᠎ᠠ ᠭᠡᠳᠡᠭ ᠢ ᠲᠡᠭᠡᠷᠡᠭᠢ ︽ᠰᠠᠴᠤᠯᠢ ᠶᠢᠨ ᠪᠢᠴᠢᠭ︾ ᠠᠴᠠ ᠮᠡᠳᠡᠵᠦ ᠪᠣᠯᠤᠨ᠎ᠠ᠃ | ᠡᠨᠡᠬᠦ ᠭᠠᠵᠠᠷ ᠤᠨ ᠵᠢᠷᠤᠭ ᠲᠠᠬᠢ ᠭᠠᠵᠠᠷ ᠤᠨ ᠨᠡᠷ᠎ᠡ ᠪᠠ ᠡᠵᠡᠯᠡᠵᠦ ᠪᠠᠶᠢᠭᠰᠠᠨ ᠭᠠᠵᠠᠷ ᠤᠨ ᠬᠡᠪᠴᠢᠶ᠎ᠡ ︽ | ᠰᠠᠴᠤᠯᠢ ᠶᠢᠨ ᠪᠢᠴᠢᠭ︾ ᠲᠤ ᠪᠢᠴᠢᠭᠳᠡᠵᠦ ᠲᠠᠬᠢᠵᠦ ᠪᠠᠶᠢᠭᠰᠠᠨ ᠭᠠᠵᠠᠷ ᠤᠨ ᠨᠡᠷ᠎ᠡ ᠡᠵᠡᠯᠡᠵᠦ ᠪᠠᠶᠢᠭᠰᠠᠨ ᠭᠠᠵᠠᠷ ᠤᠨ | ᠬᠦᠷᠢᠶ᠎ᠡ ᠬᠡᠪᠴᠢᠶ᠎ᠡ ᠲᠠᠢ ᠠᠳᠠᠯᠢ ᠤᠴᠢᠷ ᠠᠴᠠ ︽ᠰᠠᠴᠤᠯᠢ ᠶᠢᠨ ᠪᠢᠴᠢᠭ︾ ᠪᠠ ︽ᠵᠠᠭᠦᠨ᠋ᠭᠠᠷ ᠬᠠᠭᠠᠨᠳᠤ | ᠤᠯᠤᠰ ᠤᠨ ᠭᠠᠵᠠᠷ ᠤᠨ ᠵᠢᠷᠤᠭ︾ ᠪᠣᠯ ᠵᠡᠭᠦᠨ᠋ᠭᠠᠷ ᠬᠠᠭᠠᠨᠳᠤ ᠤᠯᠤᠰ ᠤᠨ ᠦᠶ᠎ᠡ ᠳᠤ ᠪᠦᠳᠦᠭᠡᠭᠳᠡᠭᠰᠡᠨ ᠪᠦᠳᠦᠭᠡᠯ | ᠭᠡᠵᠦ ᠦᠵᠡᠵᠦ ᠪᠣᠯᠤᠨ᠎ᠠ᠃ | ᠡᠭᠦᠨ ᠠᠴᠠ ᠽᠠᠶ᠎ᠠ ᠪᠠᠨᠳᠢᠳᠠ ᠨᠠᠮᠬᠠᠶᠢᠵᠠᠮᠰᠤ 1648 ᠣᠨ ᠳᠤ ᠤᠶᠢᠭᠤᠷᠵᠢᠨ ᠮᠣᠩᠭᠤᠯ ᠦᠰᠦᠭ ᠤᠨ | ᠰᠠᠭᠤᠷᠢᠨ ᠲᠡᠭᠡᠷ᠎ᠡ ᠲᠣᠳᠣ ᠦᠰᠦᠭ ᠢ ᠵᠣᠭᠢᠶᠠᠭᠰᠠᠨ ᠴᠠᠭ ᠠᠴᠠ ᠡᠭᠢᠯᠡᠵᠦ ᠲᠦᠷᠦ ᠱᠠᠰᠢᠨ᠂ ᠲᠡᠦᠬᠡ | ᠰᠣᠶᠣᠯ ᠳᠠᠭᠠᠨ ᠲᠣᠳᠣ ᠦᠰᠦᠭ ᠢ ᠦᠷᠭᠡᠨ ᠢᠶᠠᠷ ᠭᠡᠷᠡᠭᠯᠡᠭᠰᠡᠨ ᠢᠶᠠᠷ ᠪᠠᠷᠠᠬᠤ ᠦᠭᠡᠢ ᠽᠠᠶ᠎ᠠ ᠪᠠᠨᠳᠢᠳᠠ | ᠨᠠᠮᠬᠠᠶᠢᠵᠠᠮᠰᠤ ᠶᠢᠨ ᠲᠥᠪᠡᠳ ᠬᠡᠯᠡᠨ ᠠᠴᠠ ᠣᠷᠴᠢᠭᠤᠯᠠᠭᠰᠠᠨ ᠱᠠᠰᠢᠨ ᠤ ᠨᠡᠯᠢᠶᠡᠳ ᠠᠷᠪᠢᠨ ᠨᠣᠮ ᠢ ᠲᠡᠷᠡ | ᠦᠶ᠎ᠡ ᠳᠤ ᠰᠤᠳᠤᠷ ᠨᠣᠮ ᠤᠨ ᠭᠡᠯᠪᠡᠷᠢ ᠲᠠᠢ ᠪᠢᠴᠢᠭᠰᠡᠨ ᠪᠠᠶᠢᠨ᠎ᠠ᠃ ᠡᠭᠦᠨ ᠢ ᠭᠡᠰᠡᠭ ᠰᠤᠳᠤᠷ ᠨᠣᠮ ᠤᠨ | ᠲᠡᠭᠦᠰᠭᠡᠯ ᠳᠤ ᠽᠠᠶ᠎ᠠ ᠪᠠᠨᠳᠢᠳᠠ ᠨᠠᠮᠬᠠᠶᠢᠵᠠᠮᠰᠤ ᠣᠷᠴᠢᠭᠤᠯᠵᠦ xxx ᠪᠢᠴᠢᠵᠦ ᠪᠣᠰᠬᠠᠪᠠ ᠭᠡᠳᠡᠭ ᠠᠴᠠ ᠮᠡᠳᠡᠵᠦ | ᠪᠣᠯᠤᠨ᠎ᠠ᠃ ᠲᠣᠳᠣ ᠦᠰᠦᠭ ᠵᠡᠭᠦᠨ᠋ᠭᠠᠷ ᠬᠠᠭᠠᠳᠤ ᠤᠯᠤᠰ ᠤᠨ ᠲᠦᠷᠦ ᠶᠢᠨ ᠦᠰᠦᠭ ᠪᠢᠴᠢᠭ ᠪᠣᠯᠵᠦ | ᠭᠡᠷᠡᠭᠯᠡᠭᠳᠡᠭᠰᠡᠨ ᠪᠠ ᠵᠡᠭᠦᠨ᠋ᠭᠠᠷ ᠬᠠᠭᠠᠨᠳᠤ ᠲᠦᠷᠦ ᠶᠢᠨ ᠥᠷᠨᠢᠨ ᠬᠦᠭᠵᠢᠬᠦ ᠶᠢ ᠲᠠᠭᠠᠯᠳᠤᠨ ᠶᠡᠭᠡ ᠣᠯᠠᠨ ᠲᠥᠷᠦ | ᠱᠠᠰᠢᠨ᠂ ᠲᠡᠦᠬᠡ ᠰᠣᠶᠣᠯ ᠲᠠᠢ ᠬᠤᠯᠪᠤᠭᠳᠠᠬᠤ ᠰᠤᠳᠤᠷ ᠨᠣᠮ ᠪᠢᠴᠢᠭᠳᠡᠵᠦ ᠪᠢᠳᠡᠨ ᠤ ᠦᠶ᠎ᠡ ᠳᠤ ᠨᠢᠭᠡ ᠬᠡᠰᠡᠭ ᠨᠢ | ᠦᠶ᠎ᠡ ᠠᠴᠠ ᠦᠶ᠎ᠡ ᠳᠤ ᠤᠯᠠᠮᠵᠢᠯᠠᠭᠳᠠᠭᠰᠠᠨ ᠪᠠᠶᠢᠨ᠎ᠠ᠃ | ᠬᠠᠳᠠᠭᠠᠯᠠᠭᠳᠠᠵᠦ ᠪᠠᠶᠢᠬᠤ ᠰᠤᠳᠤᠷ ᠨᠣᠮ ᠤᠨ ᠲᠦᠷᠦᠯ ᠠᠩᠬᠢᠯᠠᠯ ᠲᠤᠬᠠᠢ ᠶᠢᠨ ᠦᠶ᠎ᠡ ᠶᠢᠨ ᠲᠦᠷᠦ᠂ | ᠨᠡᠶᠢᠬᠡᠮ᠂ ᠱᠠᠰᠢᠨ ᠰᠤᠷᠲᠠᠬᠤᠨ ᠪᠠ ᠬᠦᠮᠦᠨ ᠠᠷᠠᠳ ᠤᠨ ᠪᠣᠳᠠᠳᠠᠢ ᠬᠡᠷᠡᠭᠴᠡᠭᠡ ᠱᠠᠭᠠᠷᠳᠠᠯᠭ᠎ᠠ ᠠᠴᠠ ᠪᠣᠯᠵᠦ᠂ ᠲᠡᠷᠡ | ᠦᠶ᠎ᠡ ᠶᠢᠨ ᠪᠣᠳᠠᠳᠠᠢ ᠠᠬᠤᠢ ᠶᠢ ᠲᠤᠰᠬᠠᠭᠰᠠᠨ᠂ ᠲᠡᠷᠡᠬᠦ ᠠᠬᠤᠢ ᠪᠠᠶᠢᠳᠠᠯ ᠳᠤ ᠦᠢᠯᠡᠴᠢᠯᠡᠬᠦ ᠰᠣᠶᠣᠯ | ᠱᠠᠭᠠᠷᠳᠠᠭᠳᠠᠵᠦ ᠴᠠᠭ ᠦᠶ᠎ᠡ ᠶᠢᠨ ᠬᠦᠭᠵᠢᠯᠳᠠ ᠶᠢ ᠲᠠᠭᠠᠯᠳᠤᠨ ᠪᠠᠰᠠ ᠬᠤᠪᠢᠷᠠᠨ ᠬᠦᠭᠵᠢᠵᠦ ᠪᠠᠶᠢᠵᠠᠢ᠃ | ᠮᠣᠩᠭᠤᠯᠬᠦ᠋ᠷᠢᠶᠠ ᠶᠢᠨ ᠦᠭᠡᠯᠡᠳᠴᠤᠳ ᠤᠨ ᠲᠤᠮᠳᠠ ᠬᠠᠳᠠᠭᠠᠯᠠᠭᠳᠠᠵᠦ ᠪᠠᠶᠢᠬᠤ ᠰᠤᠳᠤᠷ ᠨᠣᠮ ᠨᠢ ᠦᠵᠡᠭᠳᠡᠯ ᠤᠨ | ᠲᠠᠯ᠎ᠠ ᠪᠠᠷ ᠪᠦᠷ ᠱᠠᠰᠢᠨ ᠤ ᠠᠭᠤᠯᠭ᠎ᠠ ᠲᠠᠢ ᠰᠢᠭ᠋ ᠪᠣᠯᠪᠠᠴᠤ ᠲᠣᠳᠣᠭᠠᠳᠤ ᠶᠣᠰᠣ ᠤᠴᠢᠷ ᠢᠶᠠᠷ ᠢᠷᠡᠵᠦ ᠵᠠᠳᠠᠯᠠᠪᠠᠯ | ᠣᠯᠠᠨ ᠠᠭᠤᠯᠭ᠎ᠠ ᠲᠠᠢ ᠪᠠᠶᠢᠨ᠎ᠠ᠃ ᠡᠭᠦᠨ ᠢ ᠣᠳᠣ ᠳᠠᠭᠠᠨ ᠱᠠᠰᠢᠨ᠂ ᠰᠠᠩ ᠲᠠᠬᠢᠯᠭ᠎ᠠ᠂ ᠡᠰᠢ ᠵᠠᠷᠯᠢᠭ᠂ ᠵᠢᠷᠤᠬᠠᠢ | ᠮᠡᠷᠭᠡ ᠲᠥᠯᠭᠡ᠂ ᠲᠤᠭᠳᠠᠭᠠᠯ ᠲᠠᠷᠨᠢ᠂ ᠱᠠᠰᠲᠢᠷ᠂ ᠡᠮ ᠲᠤᠮ᠂ ᠰᠤᠷᠭᠠᠯ ᠲᠣᠭᠤᠵᠢ᠂ ᠲᠡᠦᠭᠡ᠂ ᠵᠠᠩ ᠦᠢᠯᠡ᠂ | ᠦᠰᠦᠭ ᠪᠢᠴᠢᠭ ᠭᠡᠵᠦ ᠬᠤᠪᠢᠶᠠᠵᠦ ᠪᠣᠯᠳᠠᠭ ᠪᠠᠶᠢᠨ᠎ᠠ᠃ ᠲᠠᠷᠠᠭᠠᠭᠢ ᠰᠤᠳᠤᠷ ᠨᠣᠮ ᠤᠨ ᠨᠡᠷ᠎ᠡ ᠪᠣᠯ ᠪᠦᠷ ᠲᠣᠳᠣ | ᠦᠰᠦᠭ ᠢᠶᠠᠷ ᠪᠢᠴᠢᠭᠳᠡᠭᠰᠡᠨ ᠢ ᠦᠢᠭᠤᠷᠵᠢᠨ ᠮᠣᠩᠭᠤᠯ ᠦᠰᠦᠭ ᠲᠤ ᠰᠣᠩᠭᠤᠨ ᠪᠠᠭᠤᠯᠭᠠᠵᠦ ᠪᠢᠴᠢᠪᠡ᠃ | ᠱᠠᠰᠢᠨ ᠬᠤᠳᠤᠭᠳᠤ ᠰᠤᠳᠤᠷ ᠤᠨ ᠠᠶᠢᠮᠠᠭ ᠤᠨ ᠡᠷᠭᠡᠳᠦ ᠬᠠᠭᠠᠨ ᠲᠡᠭᠡᠳᠦ ᠠᠯᠳᠠᠨ ᠭᠡᠷᠡᠯ ᠬᠡᠮᠡᠬᠦ ᠶᠡᠭᠡ ᠰᠤᠳᠤᠷ | ᠣᠷᠣᠰᠢᠪᠠ᠃ ᠬᠤᠳᠣᠭᠳᠤ ᠪᠢᠯᠢᠭ ᠤᠨ ᠴᠢᠨᠠᠳᠤ ᠬᠦᠷᠦᠭᠰᠡᠨ ᠲᠠᠰᠣᠯᠤᠭᠴᠢ ᠸᠴᠢᠷ ᠬᠡᠮᠡᠬᠦ ᠰᠤᠳᠤᠷ ᠣᠷᠣᠰᠢᠪᠠ᠃ | ᠪᠤᠰᠤᠳ ᠲᠤ ᠦᠯᠦ ᠢᠯᠡᠳᠭᠡᠭᠴᠢ ᠱᠦᠭᠦᠷᠲᠤ ᠰᠢᠲᠢᠲᠡᠨ ᠣᠷᠣᠰᠢᠪᠡ᠃ ᠪᠣᠳᠢ ᠰᠠᠳᠢ ᠶᠢᠨ ᠤᠨᠠᠯ ᠨᠠᠮᠴᠢᠯᠭᠠ | ᠣᠷᠣᠰᠢᠪᠠ᠃ ᠫᠠᠼᠢᠷ ᠪᠢᠲᠢᠷᠨᠠ ᠬᠡᠮᠡᠬᠦ ᠶᠡᠭᠡ ᠬᠦᠯᠭᠡᠨ ᠤ ᠰᠤᠳᠤᠷ ᠣᠷᠣᠰᠢᠪᠠ᠃ ᠲᠠᠰᠤᠯᠠᠭᠴᠢ ᠸᠴᠢᠷ ᠤᠨ | ᠲᠠᠶᠢᠯᠠᠪᠤᠷᠢ ᠶᠢᠨ ᠰᠤᠳᠤᠷ ᠣᠷᠣᠰᠢᠪᠠ᠃ ᠬᠤᠲᠤᠭᠳᠤ ᠬᠠᠷ᠎ᠠ ᠱᠦᠭᠦᠷᠲᠦ ᠬᠡᠮᠡᠬᠦ ᠰᠤᠳᠤᠷ ᠣᠷᠣᠰᠢᠪᠡ᠃ | ᠬᠤᠲᠤᠭᠳᠤ ᠪᠤᠰᠤᠳ ᠲᠤ ᠦᠯᠦ ᠢᠯᠡᠳᠭᠡᠭᠴᠢ ᠴᠠᠭᠠᠨ ᠱᠦᠭᠦᠷᠲᠤ ᠬᠡᠮᠡᠬᠦ ᠶᠡᠭᠡ ᠬᠦᠯᠭᠡᠨ ᠤ ᠰᠤᠳᠤᠷ ᠣᠷᠣᠰᠢᠪᠠ᠃ | ᠬᠤᠳᠣᠭᠳᠤ ᠴᠠᠭᠯᠠᠰᠢ ᠦᠭᠡᠢ ᠨᠠᠰᠤᠨ ᠪᠡᠯᠭᠡ ᠪᠢᠯᠢᠭ ᠲᠤ ᠬᠡᠮᠡᠬᠦ ᠶᠡᠭᠡ ᠭᠦᠯᠭᠡᠨ ᠤ ᠰᠤᠳᠤᠷ ᠣᠷᠣᠰᠢᠪᠠ᠃ | ᠬᠤᠳᠣᠭᠲᠤ ᠭᠠᠵᠠᠷ ᠤᠨ ᠨᠠᠶᠢᠮᠠᠨ ᠭᠡᠭᠡᠨ ᠬᠡᠮᠡᠬᠦ ᠶᠡᠭᠡ ᠭᠦᠯᠭᠡᠨ ᠤ ᠰᠤᠳᠤᠷ ᠣᠷᠣᠰᠢᠪᠠ᠃ ᠬᠤᠳᠤᠭᠳᠤ ᠥᠯᠵᠡᠢ | ᠲᠠᠪᠬᠤᠷᠯᠠᠭᠰᠠᠨ ᠬᠡᠮᠡᠬᠦ ᠶᠡᠭᠡ ᠭᠦᠯᠭᠡᠨ ᠤ ᠰᠤᠳᠤᠷ ᠣᠷᠣᠰᠢᠪᠠ᠃ ᠠᠯᠲᠠᠨ ᠭᠡᠷᠡᠯ ᠤᠨ ᠬᠤᠷᠢᠶᠠᠩᠭᠤᠢ ᠣᠷᠣᠰᠢᠪᠠ᠃ | ᠰᠠᠶᠢᠳᠤᠷ ᠲᠠᠷᠤᠭᠴᠢ ᠰᠠᠶᠢᠨ ᠭᠠᠯᠪᠠ ᠶᠢᠨ ᠮᠢᠩᠭᠠᠨ ᠪᠤᠷᠬᠠᠨ ᠤ ᠲᠠᠮᠠᠭ᠎ᠠ᠃ ᠬᠤᠲᠤᠭᠳᠤ ᠤᠰᠨᠢᠷ ᠠᠴᠠ ᠭᠠᠷᠤᠭᠰᠠᠨ | ᠬᠠᠷ᠎ᠠ ᠱᠦᠭᠦᠷᠲᠤ ᠣᠷᠣᠰᠢᠪᠠ᠃ ᠪᠠᠨᠽᠠᠷᠠᠭᠴᠢ ᠶᠢᠨ ᠬᠤᠷᠢᠶᠠᠩᠭᠤᠢ ᠣᠷᠣᠰᠢᠪᠠ᠃ ᠬᠤᠲᠤᠭᠳᠤ ᠥᠯᠵᠡᠢ | ᠲᠠᠪᠬᠤᠷᠯᠠᠭᠰᠠᠨ ᠰᠤᠳᠤᠷ ᠣᠷᠣᠰᠢᠪᠠ᠃ ᠪᠢᠯᠢᠭ ᠪᠠᠷᠮᠢᠳ ᠤᠨ ᠰᠤᠳᠤᠷ ᠣᠷᠣᠰᠢᠪᠠ᠃ ᠢᠳᠡᠭᠡᠯ ᠣᠷᠣᠰᠢᠪᠠ᠃ | ᠬᠤᠲᠤᠭᠲᠤ ᠶᠡᠭᠡ ᠲᠣᠨᠢᠯᠤᠭᠰᠠᠨ ᠵᠦᠭ ᠲᠤ ᠲᠡᠯᠭᠡᠷᠡᠭᠦᠯᠦᠭᠴᠢ ᠬᠡᠮᠡᠬᠦ ᠶᠡᠭᠡ ᠭᠦᠯᠭᠡᠨ ᠤ ᠰᠤᠳᠤᠷ ᠣᠷᠣᠰᠢᠪᠠ᠃ | ᠲᠡᠭᠡᠳᠦ ᠨᠣᠮ ᠴᠠᠭᠠᠨ ᠪᠠᠳᠮ᠎ᠠ ᠬᠡᠮᠡᠬᠦ ᠶᠡᠭᠡ ᠬᠦᠯᠭᠡᠨ ᠤ ᠰᠤᠳᠤᠷ ᠣᠷᠣᠰᠢᠪᠠ᠃ ᠪᠤᠷᠬᠠᠨ ᠤ ᠭᠠᠰᠠᠯᠠᠩ ᠢ | ᠠᠮᠤᠷᠯᠢᠬᠤ ᠨᠣᠮ᠃ ᠲᠤᠷᠵᠢ ᠵᠤᠳᠪᠠ ᠶᠢᠨ ᠠᠴᠢ ᠲᠤᠰᠠ ᠣᠷᠣᠰᠢᠪᠠ᠃ ᠬᠤᠲᠤᠭᠳᠤ ᠪᠢᠯᠢᠭ ᠤᠨ ᠵᠢᠷᠦᠬᠡᠨ | ᠣᠷᠣᠰᠢᠪᠠ᠃ ᠪᠠᠨᠴᠢᠨ ᠨᠠᠭᠪᠠ ᠬᠡᠮᠡᠭᠦ ᠰᠤᠳᠤᠷ ᠣᠷᠣᠰᠢᠪᠠ᠃ ᠬᠤᠳᠤᠭ ᠲᠤ ᠪᠠᠮᠴᠢᠨ ᠷᠠᠩᠭᠠ ᠬᠡᠮᠡᠬᠦ ᠲᠠᠪᠤᠨ | ᠰᠠᠬᠢᠬᠤ ᠨᠠᠷᠠᠳᠤ ᠶᠡᠭᠡ ᠭᠦᠯᠭᠡᠨ ᠰᠤᠳᠤᠷ ᠣᠷᠣᠰᠢᠪᠠ ︵ᠦᠢᠭᠤᠷᠵᠢᠨ ᠮᠣᠩᠭᠤᠯ ᠦᠰᠦᠭ ᠢᠶᠠᠷ︶᠃ ᠭᠤᠷᠪᠠᠨ | ᠰᠠᠨᠸᠠᠷ ᠤᠨ ᠲᠡᠶᠢᠨ ᠲᠠᠯᠪᠢᠯ ᠣᠷᠣᠰᠢᠪᠠ᠃ ᠪᠠᠭ᠎ᠠ ᠪᠣᠳᠢ ᠮᠦᠷ ᠤᠨ ᠦᠶ᠎ᠡ ᠣᠷᠣᠰᠢᠪᠠ᠃ ᠬᠠᠮᠤᠭ ᠨᠣᠮ ᠤᠨ | ᠢᠳᠡᠭᠡᠯ ᠣᠷᠣᠰᠢᠪᠠ᠃ ᠮᠡᠳᠡᠭᠳᠡᠭᠦᠨ ᠲᠦᠷᠪᠡᠨ ᠦᠭᠡᠢ ᠣᠷᠣᠰᠢᠪᠠ ︵ᠦᠢᠭᠤᠷᠵᠢᠨ ᠮᠣᠩᠭᠤᠯ ᠦᠰᠦᠭ ᠢᠶᠠᠷ︶ | ᠪᠤᠷᠬᠠᠨ ᠪᠠᠭᠰᠢ ᠶᠢᠨ ᠵᠣᠭᠢᠶᠠᠭᠰᠠᠨ ᠠᠩᠬᠠᠨ ᠤ ᠰᠤᠳᠤᠷ ᠣᠷᠣᠰᠢᠪᠠ ᠁ ᠁᠃ | ᠰᠠᠩ ᠲᠠᠬᠢᠯᠭ᠎ᠠ | ᠭᠡᠰᠡᠷ ᠤᠨ ᠰᠠᠩ ᠣᠷᠣᠰᠢᠪᠠ᠃ ᠰᠢᠷ᠎ᠠ ᠽᠠᠮᠪᠠᠯᠠ ᠰᠠᠩ ᠣᠷᠣᠰᠢᠪᠠ᠃ ᠦᠢᠷᠡᠳ ᠤᠨ ᠡᠵᠡᠨ ᠴᠠᠭᠠᠨ ᠡᠪᠦᠭᠡᠨ ᠤ | ᠰᠠᠩ ᠣᠷᠣᠰᠢᠪᠠ᠃ ᠸᠴᠢᠷᠪᠠᠨᠢ ᠶᠢᠨ ᠰᠠᠩ ᠣᠷᠣᠰᠢᠪᠠ᠃ ᠬᠤᠲᠤᠭᠳᠤ ᠰᠢᠷ᠎ᠠ ᠽᠠᠮᠪᠠᠯᠠ ᠰᠠᠩ ᠣᠷᠣᠰᠢᠪᠠ᠃ | ᠯᠤᠤᠰ ᠤᠨ ᠰᠠᠩ ᠣᠷᠣᠰᠢᠪᠠ᠃ ᠭᠠᠵᠠᠷ ᠤᠰᠤᠨ ᠤ ᠰᠠᠩ ᠣᠷᠣᠰᠢᠪᠠ᠃ ᠠᠷᠢᠭᠤᠨ ᠰᠠᠩ ᠤᠨ ᠰᠤᠳᠤᠷ ᠣᠷᠣᠰᠢᠪᠠ | ᠃ ᠵᠢᠯ ᠤᠨ ᠰᠠᠩ ᠣᠷᠣᠰᠢᠪᠠ᠃ ᠵᠠᠶᠠᠭᠠᠨ ᠤ ᠲᠠᠪᠤᠨ ᠲᠡᠭᠷᠢ ᠶᠢᠨ ᠰᠠᠩ ᠣᠷᠣᠰᠢᠪᠠ᠃ ᠴᠣᠭᠳᠤ ᠢᠳᠡᠭᠡᠯ | ᠠᠷᠤᠯᠽᠤᠨᠠ ᠵᠣᠭᠢᠶᠠᠭᠰᠠᠨ ᠢᠷᠦᠭᠡᠯ ᠣᠷᠣᠰᠢᠪᠠ᠃ ᠲᠠᠮᠪᠢᠷᠯᠤᠩ ᠣᠷᠣᠰᠢᠪᠠ᠃ ᠭᠠᠵᠠᠷ ᠤᠰᠤᠨ ᠤ ᠰᠠᠩ | ᠣᠷᠣᠰᠢᠪᠠ᠃ ᠠᠷᠪᠠᠨ ᠭᠤᠷᠪᠠᠨ ᠰᠠᠩ᠃ ᠴᠠᠶᠠᠶᠠ ᠠᠸᠠᠳᠠᠸᠠ ᠶᠢᠨ ᠢᠷᠦᠭᠡᠯ ᠣᠷᠣᠰᠢᠪᠠ ︵ᠦᠢᠭᠤᠷᠵᠢᠨ ᠮᠣᠩᠭᠤᠯ | ︶᠃ ᠵᠡᠭᠦᠨ ᠭᠠᠷ ᠲᠦᠷᠪᠡᠨ ᠲᠦᠷᠪᠡᠨ ᠦᠢᠷᠡᠳ ᠤᠨ ᠣᠪᠣᠭ᠎ᠠ ᠲᠠᠭᠢᠬᠤ ᠰᠠᠩ ᠲᠠᠯᠪᠢᠬᠤ ᠰᠠᠴᠤᠯᠢ ᠶᠢᠨ ᠪᠢᠴᠢᠭ | ᠣᠷᠣᠰᠢᠪᠠ ᠁ ᠁᠃ | ᠵᠢᠷᠤᠬᠠᠢ ᠮᠡᠷᠭᠡ ᠲᠥᠯᠭᠡ | ᠠᠯᠳᠠᠨ ᠰᠠᠪᠠ ᠦᠵᠡᠭᠦᠯᠬᠦ ᠰᠤᠳᠤᠷ᠃ ᠮᠠᠯ ᠤᠨ ᠭᠡᠰᠢᠭ ᠦᠵᠡᠬᠦ ᠡᠳᠦᠷ ᠤᠨ ᠪᠢᠴᠢᠭ᠃ ᠨᠠᠶᠢᠮᠠᠨ ᠰᠠᠭᠤᠷᠢ ᠶᠢᠨ | ᠦᠵᠡᠭᠦᠯᠬᠡ ᠣᠷᠣᠰᠢᠪᠡ᠃ ᠬᠡᠷᠢᠶ᠎ᠡ ᠶᠢᠨ ᠲᠤᠩᠭᠤᠳᠬᠤ ᠲᠠᠭᠤ ᠰᠢᠨᠵᠢᠬᠦ ᠪᠢᠴᠢᠭ᠃ ᠡᠳᠦᠷ ᠦᠵᠡᠭᠦ ᠰᠦᠨᠢ ᠦᠵᠡᠬᠦ | ᠨᠣᠮ ᠪᠣᠢ᠃ ᠠᠷᠪᠠᠨ ᠬᠤᠶᠠᠷ ᠵᠢᠯ ᠤᠨ ᠨᠠᠰᠤᠨ ᠤ ᠨᠣᠮ᠃ ᠰᠠᠭᠤᠷᠢ ᠶᠢᠨ ᠨᠠᠶᠢᠮᠠᠨ ᠬᠦᠯᠢᠯ ᠦᠵᠡᠬᠦ ᠰᠣᠳᠤᠷ | ᠣᠷᠣᠰᠢᠪᠠ᠃ ᠲᠣᠨᠢᠯᠠᠬᠤ ᠵᠠᠭᠤᠷᠠᠳᠤ ᠶᠢᠨ ᠦᠵᠡᠭᠳᠡᠯ ᠬᠡᠮᠡᠭᠦ ᠰᠤᠳᠤᠷ ᠣᠷᠣᠰᠢᠪᠠ᠃ ᠡᠳᠦᠷ ᠦᠵᠡᠬᠦ ᠪᠢᠴᠢᠭ | ᠣᠷᠣᠰᠢᠪᠠ᠃ ᠡᠷᠢᠭᠡ ᠪᠠᠷ ᠲᠥᠯᠭᠡ ᠦᠵᠡᠭᠦ ᠰᠣᠳᠣᠷ ᠣᠷᠣᠰᠢᠪᠠ᠃ ᠱᠣ ᠣᠷᠬᠢᠵᠦ ᠲᠥᠯᠭᠡ ᠦᠵᠡᠬᠦ ᠰᠤᠳᠤᠷ | ᠣᠷᠣᠰᠢᠪᠠ᠃ ᠭᠠᠷᠠᠭ ᠲᠣᠭᠠᠯᠠᠬᠤ ᠪᠢᠴᠢᠭ ᠣᠷᠣᠰᠢᠪᠠ᠃ ᠵᠢᠷᠢᠨ ᠵᠢᠯ ᠤᠨ ᠱᠣ᠃ ᠲᠥᠴᠢᠨ ᠨᠢᠭᠡ ᠴᠢᠯᠠᠭᠤ ᠪᠠᠷ | ᠪᠡᠯᠭᠡ ᠲᠠᠲᠠᠬᠤ ᠰᠤᠳᠤᠷ᠃ ᠡᠳ᠋ ᠲᠡᠪᠡᠯ ᠢᠰᠬᠢᠬᠦ ᠡᠳᠦᠷ ᠤᠨ ᠰᠤᠳᠤᠷ ᠣᠷᠣᠰᠢᠪᠠ᠃ ᠦᠵᠡᠯᠭᠡᠨ ᠤ ᠪᠢᠴᠢᠭ | ᠰᠤᠳᠤᠷ ᠣᠷᠣᠰᠢᠪᠠ᠃ ᠨᠦᠭᠴᠢᠭᠰᠡᠨ ᠬᠦᠮᠦᠨ ᠤ ᠭᠠᠷᠠᠭ ᠢᠶᠠᠷ ᠦᠵᠡᠯᠭᠡᠨ ᠤ ᠪᠢᠴᠢᠭ ᠰᠤᠳᠤᠷ᠃ ᠬᠦᠮᠦᠨ ᠤ | ᠵᠢᠯ ᠤᠨ ᠦᠵᠡᠯᠭᠡᠨ ᠤ ᠰᠣᠳᠣᠷ᠃ ᠶᠢᠰᠦᠨ ᠦᠢᠯᠡ ᠶᠢᠨ ᠲᠦᠯᠭᠡᠨ ᠤ ᠰᠤᠳᠤᠷ᠃ ᠤᠳᠠᠰᠤᠨ ᠲᠥᠯᠭᠡ᠃ ᠳ᠋ᠾᠷ᠎ᠠ | ᠡᠭᠡ ᠶᠢᠨ ᠲᠠᠷᠨᠢ ᠪᠠᠷ ᠲᠥᠯᠭᠡ ᠰᠤᠳᠤᠷ᠃ ᠠᠷᠪᠠᠨ ᠵᠦᠢᠯ ᠤᠨ ᠤᠳᠠᠰᠤᠨ ᠲᠥᠯᠭᠡ᠃ ᠲᠠᠪᠤᠨ ᠲᠠᠭᠢᠨᠢ ᠶᠢᠨ | ᠴᠠᠭ ᠢᠶᠠᠷ ᠵᠠᠶᠠᠭᠠᠨ ᠤ ᠦᠵᠡᠯᠭᠡᠨ ᠤ ᠰᠤᠳᠤᠷ᠃ ᠲᠠᠯᠠᠯᠭ᠎ᠠ ᠲᠠᠭᠤᠳᠠᠬᠤ ᠰᠤᠳᠤᠷ ᠣᠷᠣᠰᠢᠪᠠ᠃ ᠠᠷᠪᠠᠨ | ᠦᠩᠭᠡ ᠪᠠᠷ ᠵᠠᠶᠠᠭᠠᠨ ᠤ ᠮᠡᠩᠭᠡ ᠦᠵᠡᠬᠦ ᠰᠤᠳᠤᠷ ᠣᠷᠣᠰᠢᠪᠠ᠃ ᠰᠢᠮᠨᠤᠰ ᠤᠨ ᠠᠷᠪᠠᠨ ᠬᠤᠶᠠᠷ ᠶᠡᠭᠡ ᠬᠠᠷ᠎ᠠ | ᠡᠳᠦᠷ ᠤᠨ ᠦᠵᠡᠯᠭᠡᠨ ᠰᠣᠳᠣᠷ᠃ ᠲᠠᠭᠢᠨᠢ ᠶᠢᠨ ᠴᠠᠭ ᠡᠳᠦᠷ ᠪᠤᠶᠤ ᠭᠤᠴᠢᠨ ᠡᠳᠦᠷ ᠢᠷᠸ᠎ᠠ ᠦᠵᠡᠬᠦ ᠰᠤᠳᠤᠷ᠃ | ᠭᠡᠭᠦᠷ ᠭᠠᠷᠭᠠᠬᠤ ᠦᠵᠡᠭᠦᠯᠬᠦ ᠣᠷᠣᠰᠢᠪᠠ᠃ ᠰᠦᠨᠡᠰᠦᠨ ᠣᠷᠣᠰᠢᠬᠤ ᠡᠳᠦᠷ ᠤᠨ ᠦᠵᠡᠯᠭᠡ᠃ ᠬᠠᠷ᠎ᠠ ᠯᠤᠤᠰ ᠤᠨ | ᠬᠠᠨ ᠤ ᠲᠥᠯᠭᠡ ᠰᠤᠳᠤᠷ᠃ ᠶᠢᠰᠦᠨ ᠵᠤᠭᠤᠰᠤᠨ ᠤ ᠲᠥᠯᠭᠡ ᠰᠤᠳᠤᠷ᠃ ᠲᠠᠯᠤ ᠶᠢᠨ ᠲᠥᠯᠭᠡ ᠰᠤᠳᠤᠷ᠃ | ᠲᠣᠯᠣᠭᠠᠨ ᠭᠠᠷᠠᠭ ᠤᠨ ᠰᠤᠳᠤᠷ ᠣᠷᠣᠰᠢᠪᠠ᠃ ᠨᠠᠶᠢᠮᠠᠨ ᠦᠬᠢᠨ ᠲᠡᠭᠷᠢ ᠶᠢᠨ ᠦᠵᠡᠯᠭᠡ ᠣᠷᠣᠰᠢᠪᠠ᠃ ᠪᠡᠶ᠎ᠡ ᠶᠢ | ᠤᠬᠢᠶᠠᠬᠤ ᠰᠠᠷ᠎ᠠ ᠡᠳᠦᠷ ᠤᠨ ᠦᠵᠡᠯᠭᠡ ᠣᠷᠣᠰᠢᠪᠠ᠃ ᠬᠤᠪᠰᠢᠨ ᠰᠢᠷ᠎ᠠ ᠰᠤᠳᠤᠷ ᠣᠷᠣᠰᠢᠪᠠ᠃ ᠭᠡᠢ ᠮᠥᠷᠢ | ᠭᠡᠶᠢᠰᠭᠡᠭᠦ ᠡᠳᠦᠷ ᠦᠵᠡᠬᠦ ᠰᠤᠳᠤᠷ ᠣᠷᠣᠰᠢᠪᠠ᠃ ᠮᠡᠩᠭᠡ ᠪᠠᠷ ᠲᠤᠲᠤᠯᠠᠬᠤ ᠦᠵᠡᠯᠭᠡ ᠣᠷᠣᠰᠢᠪᠠ᠃ ᠰᠢᠷᠪᠦᠰᠦ | ᠲᠦᠯᠡᠭᠦ ᠰᠤᠳᠤᠷ ᠣᠷᠣᠰᠢᠪᠠ᠃ ᠦᠭᠦᠭᠦ ᠢᠷᠸ᠎ᠠ᠃ ᠶᠢᠰᠦᠨ ᠲᠡᠭᠷᠢ ᠶᠢᠨ ᠡᠭᠦᠳᠡ ᠦᠵᠡᠬᠦ ᠨᠣᠮ᠃ ᠬᠦᠮᠦᠨ | ᠭᠤᠷᠪᠠᠨ ᠵᠠᠶᠠᠭᠠᠨ ᠤ ᠰᠤᠳᠤᠷ᠃ ᠬᠡᠷᠢᠶ᠎ᠡ ᠶᠢᠨ ᠳᠤᠩᠭᠠᠳᠬᠤ ᠲᠠᠭᠤ ᠰᠢᠨᠵᠢᠬᠦ ᠰᠤᠳᠣᠷ᠃ ᠠᠯᠢᠪᠠ ᠵᠦᠢᠯ ᠤᠨ | ᠡᠳᠦᠷ ᠦᠵᠡᠬᠦ ᠪᠢᠴᠢᠭ᠃ ᠠᠷᠪᠠᠨ ᠬᠤᠶᠠᠷ ᠵᠢᠯ ᠤᠨ ᠨᠠᠰᠤᠨ ᠤ ᠨᠣᠮ ᠣᠷᠣᠰᠢᠪᠠ᠃ | ᠲᠣᠭᠳᠠᠭᠠᠯ | ᠶᠠᠺᠠᠬᠠ ᠶᠢᠨ ᠠᠶᠢᠮᠠᠭ ᠤᠨ ᠶᠡᠭᠡ ᠨᠣᠶᠠᠳ ᠠᠪᠷᠠᠵᠢᠳ ᠤᠨ ᠲᠣᠭᠳᠠᠭᠠᠯ ᠣᠷᠣᠰᠢᠪᠠ᠃ ᠬᠠᠷ᠎ᠠ ᠰᠢᠳᠢ ᠶᠢᠨ | ᠲᠣᠭᠳᠠᠭᠠᠯ ᠣᠷᠣᠰᠢᠪᠠ᠃ ᠲᠡᠶᠢᠨ ᠡᠪᠳᠡᠭᠴᠢ ᠤᠴᠢᠷ ᠬᠡᠮᠡᠬᠦ ᠲᠤᠭᠳᠠᠭᠠᠯ ᠣᠷᠣᠰᠢᠪᠠ᠃ ᠺᠠᠨᠠᠨ ᠫᠠᠳᠢ ᠶᠢᠨ | ᠲᠤᠭᠳᠠᠭᠠᠯ ᠣᠷᠣᠰᠢᠪᠠ᠃ ᠮᠣᠳᠣᠨ ᠤ ᠴᠢᠮᠢᠭ ᠬᠡᠮᠡᠭᠦ ᠲᠤᠭᠳᠠᠭᠠᠯ ᠣᠷᠣᠰᠢᠪᠠ᠃ ᠬᠠᠷ᠎ᠠ ᠬᠢᠲᠡᠳ ᠤᠨ ᠮᠥᠴᠢᠯᠭᠡᠨ ᠤ | ᠬᠠᠷᠢᠯᠭᠠ ᠬᠡᠮᠡᠬᠦ ᠲᠣᠭᠳᠠᠭᠠᠯ ᠣᠷᠣᠰᠢᠪᠠ᠃ ᠶᠡᠭᠡ ᠮᠢᠩᠭᠠᠨ ᠤ ᠰᠠᠶᠢᠳᠤᠷ ᠲᠠᠷᠤᠭᠴᠢ ᠬᠡᠮᠡᠬᠦ ᠲᠣᠭᠳᠠᠭᠠᠯ ᠣᠷᠣᠰᠢᠪᠠ | ᠃ ᠠᠳᠠ ᠶᠢ ᠲᠠᠨᠢᠬᠤ ᠲᠣᠭᠳᠠᠭᠠᠯ ᠰᠤᠳᠤᠷ ᠣᠷᠣᠰᠢᠪᠠ᠃ | ᠡᠰᠢ ᠵᠠᠷᠯᠢᠭ | ᠲᠡᠭᠷᠢ ᠠᠴᠠ ᠪᠠᠭᠤᠯᠭᠠᠭᠰᠠᠨ ᠨᠠᠮᠠᠭ ᠤᠨ ᠵᠠᠷᠯᠢᠭ ᠣᠷᠣᠰᠢᠪᠠ᠃ ᠴᠠᠭᠠᠨ ᠱᠦᠭᠦᠷᠲᠦ ᠵᠠᠷᠯᠢᠭ ᠣᠷᠣᠰᠢᠪᠠ᠃ | ᠲᠡᠭᠡᠳᠦ ᠨᠠᠷᠠᠨ ᠪᠠᠨᠴᠢᠨ ᠪᠣᠭᠳᠠ ᠶᠢᠨ ᠵᠠᠷᠯᠢᠭ ᠣᠷᠣᠰᠢᠪᠠ᠃ ᠴᠢᠩᠭᠢᠰ ᠬᠠᠭᠠᠨ ᠪᠣᠭᠳᠠ ᠭᠡᠭᠡᠨ ᠡᠷᠳᠡᠨᠢ ᠱᠠᠵᠠ | ᠪᠠᠨᠴᠢᠨ ᠪᠣᠭᠳᠠ ᠶᠢᠨ ᠵᠠᠷᠯᠢᠭ ᠮᠣᠩᠭᠤᠯ ᠤᠯᠤᠰ ᠢ ᠮᠡᠳᠦᠳᠦᠭᠡᠢ ᠭᠡᠵᠦ ᠲᠠᠷᠬᠠᠭᠠᠪᠠ᠃ ᠵᠠᠨᠵᠠ ᠬᠤᠳᠣᠭᠳᠤ ᠶᠢᠨ | ᠵᠠᠷᠯᠢᠭ᠃ ᠮᠣᠩᠭᠤᠯ ᠤᠯᠤᠰ ᠢ ᠮᠡᠳᠡᠭᠲᠦᠨ ᠭᠡᠵᠦ ᠲᠠᠷᠬᠠᠭᠠᠪᠠ᠃ ᠪᠤᠷᠬᠠᠨ ᠤ ᠵᠠᠷᠯᠢᠭ ᠲᠡᠭᠡᠳᠦ ᠲᠡᠭᠷᠢ ᠠᠴᠠ ᠪᠠᠭᠤᠪᠠ | ᠃ ᠬᠤᠳᠣᠭᠳᠣ ᠵᠢᠪᠽᠦᠨᠳᠠᠮᠪᠠ ᠭᠡᠭᠡᠨ ᠤ ᠵᠠᠷᠯᠢᠭ ᠣᠷᠣᠰᠢᠪᠠ᠃ ᠪᠣᠭᠳᠠ ᠪᠠᠨᠴᠢᠨ ᠡᠷᠳᠡᠨᠢ ᠲᠠᠯᠠᠢ ᠯᠠᠮᠠ ᠷᠠᠷᠠᠩ | ᠨᠣᠮ ᠤᠨ ᠵᠠᠷᠯᠢᠭ ᠣᠷᠣᠰᠢᠪᠠ᠃ ᠪᠣᠭᠳᠠ ᠴᠢᠩᠭᠡᠰ ᠡᠵᠡᠨ ᠠᠶᠢᠯᠠᠳᠬᠠᠭᠰᠠᠨ ᠰᠤᠷᠭᠠᠯ ᠪᠢᠴᠢᠭ ᠣᠷᠣᠰᠢᠪᠠ᠃ | ᠬᠤᠷᠮᠤᠰᠳᠠ ᠶᠢᠨ ᠪᠤᠷᠬᠠᠨ ᠤ ᠠᠶᠢᠯᠠᠳᠬᠠᠭᠰᠠᠨ ᠵᠠᠷᠯᠢᠭ᠃ ᠪᠣᠭᠳᠠ ᠵᠢᠪᠽᠦᠨᠳᠠᠮᠪᠠ ᠲᠠᠪᠤᠳᠤᠭᠠᠷ ᠭᠡᠭᠡᠨ ᠤ ᠵᠠᠷᠯᠢᠭ | ᠣᠷᠣᠰᠢᠪᠠ᠃ ᠮᠢᠩᠭᠠᠨ ᠪᠤᠷᠬᠠᠨ ᠤ ᠵᠠᠷᠯᠢᠭ᠃ ᠭᠡᠰᠡᠷ ᠪᠣᠭᠳᠠ ᠶᠢᠨ ᠤᠬᠠᠭᠠᠯᠠᠭᠰᠠᠨ ᠵᠠᠷᠯᠢᠭ ᠣᠷᠣᠰᠢᠪᠠ᠃ ᠭᠡᠰᠡᠷ | ᠪᠣᠭᠳᠠ ᠨᠣᠭᠤᠭᠠᠨ ᠳ᠋ᠾᠷ᠎ᠠ ᠡᠬᠡ ᠶᠢᠨ ᠵᠠᠷᠯᠢᠭ ᠣᠷᠣᠰᠢᠪᠠ᠃ ᠲᠡᠭᠡᠳᠡᠰ ᠤᠨ ᠵᠠᠷᠯᠢᠭ ᠣᠷᠣᠰᠢᠪᠠ᠃ ᠭᠡᠷᠡᠯ ᠲᠠᠢ | ᠴᠢᠯᠠᠭᠤᠨ ᠠᠴᠠ ᠢᠯᠡᠷᠭᠡᠢ ᠭᠠᠷᠤᠭᠰᠠᠨ ᠵᠠᠷᠯᠢᠭ ᠣᠷᠣᠰᠢᠪᠠ᠃ ᠬᠤᠳᠤᠭᠲᠤ ᠮᠠᠨᠽᠤᠰᠢᠷᠢ ᠶᠢᠨ ᠵᠠᠷᠯᠢᠭ ᠨᠡᠷ᠎ᠡ ᠲᠤ | ᠪᠢᠴᠢᠭ ᠣᠷᠣᠰᠢᠪᠠ᠃ ᠪᠤᠷᠬᠠᠨ ᠪᠣᠭᠳᠠ ᠶᠢᠨ ᠭᠠᠰᠠᠯᠠᠩ ᠢ — ᠠᠮᠤᠷᠯᠢᠬᠤ ᠵᠠᠷᠯᠢᠭ ᠣᠷᠣᠰᠢᠪᠠ᠃ ᠬᠠᠮᠤᠭ | ᠪᠤᠷᠬᠠᠳ ᠤᠨ ᠵᠠᠷᠯᠢᠭ ᠣᠷᠣᠰᠢᠪᠠ᠃ ᠠᠷᠪᠠᠨ ᠵᠠᠷᠯᠢᠭ ᠣᠷᠣᠰᠢᠪᠠ᠃ ᠮᠢᠯᠠ ᠪᠤᠷᠬᠠᠨ ᠤ ᠵᠠᠷᠯᠢᠭ ᠣᠷᠣᠰᠢᠪᠠ᠃ | ᠪᠡᠮᠪᠡ ᠬᠤᠳᠤᠭᠲᠤ ᠶᠢᠨ ᠵᠠᠷᠯᠢᠭ ᠣᠷᠣᠰᠢᠪᠠ᠃ | ᠱᠠᠰᠲᠢᠷ | ᠪᠤᠷᠬᠠᠨ ᠪᠠᠭᠰᠢ ᠶᠢᠨ ᠱᠠᠰᠲᠢᠷ ᠣᠷᠣᠰᠢᠪᠠ᠃ ᠬᠤᠳᠣᠭᠳᠣ ᠨᠠᠭᠠᠨᠽᠤᠨᠠ ᠶᠢᠨ ᠵᠣᠭᠢᠶᠠᠭᠰᠠᠨ ᠲᠥᠷᠦ ᠶᠢᠨ | ᠱᠠᠰᠲᠢᠷ᠃ ᠰᠠᠶᠢᠲᠤᠷ ᠨᠣᠮᠯᠠᠬᠤ ᠡᠷᠳᠡᠨᠢ ᠶᠢᠨ ᠰᠠᠩ ᠬᠡᠮᠡᠬᠦ ᠱᠠᠰᠲᠢᠷ ᠣᠷᠣᠰᠢᠪᠠ᠃ ᠦᠯᠢᠭᠡᠷ ᠤᠨ ᠱᠠᠰᠲᠢᠷ | ᠣᠷᠣᠰᠢᠪᠠ᠃ ᠤᠶᠤᠨ ᠤ ᠴᠠᠴᠠᠭᠠ ᠭᠡᠮᠡᠬᠦ ᠱᠠᠰᠲᠢᠷ ᠣᠷᠣᠰᠢᠪᠠ᠃ ᠡᠷᠳᠡᠨᠢ ᠱᠠᠰᠲᠢᠷ᠃ ᠪᠤᠷᠬᠠᠨ ᠤ ᠴᠠᠳᠢᠭ ᠶᠡᠭᠡ | ᠡᠮ᠎ᠡ ᠣᠷᠣᠰᠢᠪᠠ᠃ ᠳ᠋ᠠᠶᠠᠨ ᠬᠠᠭᠠᠨ ᠤ ᠰᠣᠳᠣᠷ ᠣᠷᠣᠰᠢᠪᠠ᠃ | ᠰᠤᠷᠭᠠᠯ ᠲᠤᠭᠤᠵᠢ | ᠴᠠᠭᠠᠨ ᠳ᠋ᠾᠷ᠎ᠠ ᠡᠬᠡ ᠶᠢᠨ ᠲᠣᠭᠤᠵᠢ ᠣᠷᠣᠰᠢᠪᠠ᠃ ᠲᠥᠷᠪᠡᠨ ᠵᠦᠭ ᠤᠨ ᠲᠦᠷᠪᠡᠨ ᠶᠡᠭᠡ ᠬᠠᠭᠠᠨ ᠤ | ᠵᠠᠯᠪᠢᠷᠠᠯ ᠣᠷᠣᠰᠢᠪᠠ᠃ ᠲᠠᠯᠠᠢ ᠯᠠᠮᠠ ᠶᠢᠨ ᠮᠠᠭᠳᠠᠭᠠᠯ ᠣᠷᠣᠰᠢᠪᠠ᠃ ᠬᠤᠳᠤᠭᠲᠤ ᠳ᠋ᠾᠷ᠎ᠠ ᠡᠭᠡ ᠶᠢᠨ ᠮᠥᠷᠬᠦᠯ | ᠣᠷᠣᠰᠢᠪᠠ ︵ᠦᠢᠭᠤᠷᠵᠢᠨ ᠮᠣᠩᠭᠤᠯ ᠦᠰᠦᠭ ᠢᠶᠠᠷ︶᠃ ᠵᠠᠶᠠᠭᠠᠨ ᠤ ᠠᠴᠢ ᠤᠷᠢᠳᠠ ᠶᠢᠨ ᠲᠣᠭᠤᠵᠢ ᠣᠷᠣᠰᠢᠪᠠ | ᠰᠠᠶᠢᠨ ᠪᠤᠶᠠᠨ ᠪᠣᠢ᠃ ᠪᠠᠭᠠᠮᠪᠠ ᠡᠬᠡ ᠶᠢᠨ ᠲᠣᠭᠤᠵᠢ ᠣᠷᠣᠰᠢᠪᠠ᠃ ᠬᠤᠶᠠᠳᠤᠭᠠᠷ ᠢᠯᠭᠤᠭᠰᠠᠨ ᠨᠣᠮ ᠤᠨ ᠬᠠᠭᠠᠨ | ᠪᠣᠭᠳᠠ ᠽᠤᠩᠺᠠᠪᠠ ᠶᠢᠨ ᠲᠣᠭᠤᠵᠢ ᠣᠷᠣᠰᠢᠪᠠ᠃ ᠭᠠᠰᠠᠯᠠᠩ ᠦᠭᠡᠢ ᠨᠤᠮ ᠤᠨ ᠬᠠᠭᠠᠨ ᠤ ᠲᠣᠭᠤᠵᠢ ᠴᠡᠴᠡᠭ ᠤᠨ | ᠦᠰᠦᠭᠰᠡᠨ ᠭᠢᠭᠡᠳ ᠪᠦᠭᠦᠨ ᠳᠤ ᠲᠡᠯᠭᠡᠷᠡᠭᠰᠡᠨ ᠴᠡᠴᠡᠭ ᠬᠠᠭᠠᠨ ᠤ ᠲᠣᠭᠤᠵᠢ ᠣᠷᠣᠰᠢᠪᠠ᠃ ᠠᠷᠪᠠᠨ ᠵᠦᠭ ᠤᠨ | ᠡᠵᠡᠨ ᠭᠡᠰᠡᠷ ᠬᠠᠭᠠᠨ ᠠᠩᠳᠤᠯᠮᠠ ᠬᠠᠭᠠᠨ ᠢ ᠲᠤᠷᠦ᠋ᠢᠴᠠᠭᠤᠯᠤᠭᠰᠠᠨ ᠪᠦᠯᠦᠭ ᠣᠷᠣᠰᠢᠪᠠ᠃ ᠠᠷᠪᠠᠨ ᠵᠦᠭ ᠤᠨ | ᠡᠵᠡᠨ ᠭᠰᠡᠷ ᠬᠠᠭᠠᠨ ᠤ ᠲᠣᠭᠤᠵᠢ ᠣᠷᠣᠰᠢᠪᠠ᠃ ᠠᠷᠪᠠᠨ ᠵᠦᠭ ᠤᠨ ᠡᠵᠡᠨ ᠪᠣᠭᠳᠠ ᠭᠡᠰᠡᠷ ᠬᠠᠭᠠᠨ ᠰᠢᠷ᠎ᠠ | ᠭᠤᠣᠯ ᠤᠨ ᠭᠤᠷᠪᠠᠨ ᠬᠠᠭᠠᠨ ᠢ ᠲᠤᠷᠦ᠋ᠢᠴᠠᠭᠤᠯᠤᠭᠰᠠᠨ ᠪᠦᠯᠦᠭ ᠣᠷᠣᠰᠢᠪᠠ᠃ ᠰᠠᠮᠠ ᠰᠢᠮ᠎ᠡ ᠲᠣᠭᠤᠵᠢ | ᠣᠷᠣᠰᠢᠪᠠ᠃ ᠦᠯᠢᠭᠡᠷ ᠤᠨ ᠨᠣᠮ ᠡᠷᠳᠡᠨᠢ ᠴᠣᠭᠴᠠ ᠶᠢᠨ ᠭᠤᠣᠯ ᠣᠷᠣᠰᠢᠪᠠ᠃ ᠦᠰᠦᠨ ᠲᠡᠪᠢᠰᠬᠡᠷᠲᠤ ᠬᠠᠭᠠᠨ ᠤ | ᠲᠣᠭᠤᠵᠢ ᠣᠷᠣᠰᠢᠪᠠ᠃ ᠭᠭᠢᠷ ᠦᠭᠡᠢ ᠷᠠᠰᠢᠶᠠᠨ ᠤ ᠨᠣᠮ ᠤᠨ ᠲᠣᠭᠤᠵᠢ ᠣᠷᠣᠰᠢᠪᠠ᠃ ᠶᠢᠷᠲᠢᠨᠴᠤ ᠶᠢᠨ ᠲᠤᠯᠢ | ᠬᠡᠮᠡᠬᠦ ᠱᠠᠰᠲᠢᠷ ᠣᠷᠣᠰᠢᠪᠠ᠃ ᠱᠠᠭᠵᠠᠮᠤᠨᠢ ᠪᠢᠯᠢᠭ ᠤᠨ ᠴᠠᠭᠠᠨ ᠰᠤᠷᠭᠠᠯ ᠣᠷᠣᠰᠢᠪᠠ᠃ ᠴᠣᠮᠴᠠ ᠬᠦᠪᠡᠭᠦᠨ ᠤ | ᠲᠤᠭᠤᠵᠢ ᠣᠷᠣᠰᠢᠪᠠ᠃ ᠪᠠᠨᠴᠢᠨ ᠪᠣᠭᠳᠠ ᠶᠢᠨ ᠡᠨᠡ ᠭᠡᠭᠡᠨ ᠤ ᠨᠢᠭᠤᠴᠠ ᠲᠣᠭᠤᠵᠢ ᠴᠢᠬᠤᠯᠠ ᠭᠡᠷᠡᠭᠳᠦ ᠬᠡᠮᠡᠬᠦ | ᠣᠷᠣᠰᠢᠪᠠ᠃ ᠬᠠᠰᠠᠩ ᠨᠡᠷᠡᠳᠦ ᠬᠠᠭᠠᠨ ᠤ ᠲᠣᠭᠤᠵᠢ᠃ ᠵᠢᠷᠭᠤᠭᠠᠨ ᠵᠦᠢᠯ ᠤᠨ ᠡᠬᠡ ᠪᠣᠯᠤᠭᠰᠠᠨ ᠪᠠᠭᠠᠮᠪᠠ | ᠬᠠᠲᠤᠨ ᠤ ᠲᠣᠭᠤᠵᠢ ᠣᠷᠣᠰᠢᠪᠠ᠃ ᠮᠠᠨᠢ ᠺᠳᠠᠷᠠ ᠬᠠᠭᠠᠨ ᠬᠦᠪᠡᠭᠦᠨ ᠮᠠᠨᠤᠬᠷᠢ ᠦᠬᠢᠨ ᠲᠡᠭᠷᠢ ᠶᠢᠨ ᠲᠣᠭᠤᠵᠢ | ᠣᠷᠣᠰᠢᠪᠠ᠃ | ᠡᠮ ᠲᠣᠮ | ᠷᠠᠰᠢᠶᠠᠨ ᠤ ᠵᠢᠷᠦᠭᠡᠨ ᠨᠠᠶᠢᠮᠠᠨ ᠦᠶᠡᠲᠦ ᠨᠢᠭᠤᠴᠠ ᠥᠪᠡᠷ ᠤᠨ ᠦᠨᠳᠦᠰᠦ᠃ ᠣᠪᠠᠳᠢᠰ ᠡᠷᠳᠡᠮ ᠤᠨ | ᠦᠨᠳᠦᠰᠦᠨ ᠤ ᠬᠠᠯᠠᠯᠳᠠ ᠬᠠᠳᠠᠭᠠᠯᠠᠬᠤ ᠬᠠᠯᠠᠭᠤᠨ ᠡᠨᠡᠯᠬᠡ ᠠᠷᠢᠯᠭᠠᠬᠤ ᠬᠤᠪᠣᠷ ᠴᠠᠭ ᠪᠤᠰᠤ ᠶᠢᠨ ᠦᠭᠦᠯ ᠤᠨ | ᠴᠠᠯᠮ᠎ᠠ ᠲᠠᠰᠤᠯᠬᠤ ᠢᠯᠳᠤ ᠣᠷᠣᠰᠢᠪᠠ᠃ ᠷᠠᠰᠢᠶᠠᠨ ᠤ ᠵᠢᠷᠦᠭᠡᠨ ᠨᠠᠶᠢᠮᠠᠨ ᠦᠶᠡᠳᠦ ᠨᠢᠭᠤᠴᠠ ᠣᠪᠠᠳᠢᠰ ᠤᠨ | ᠦᠨᠳᠦᠰᠦᠨ ᠠᠴᠠ ᠭᠤᠷᠪᠠᠳᠤᠭᠠᠷ ᠭᠡᠰᠡᠭᠯᠡᠭᠰᠡᠨ ᠤᠪᠠᠳᠢᠰ ᠬᠡᠮᠡᠬᠦ ᠣᠷᠣᠰᠢᠪᠠ᠃ ᠬᠠᠮᠤᠭᠤ ᠬᠢᠭᠡᠳ ᠬᠠᠮᠤᠭ ᠬᠠᠪᠤᠲᠤ | ᠵᠢᠷᠭᠠᠯ ᠲᠠᠷᠨᠢ ᠪᠣᠢ᠃ ᠬᠤᠳᠣᠭᠳᠣ ᠬᠠᠷ᠎ᠠ ᠠᠮᠠ ᠬᠡᠯᠡᠨ ᠤ ᠠᠮᠤᠷᠯᠤᠭᠴᠢ ᠰᠤᠳᠤᠷ᠃ ᠬᠤᠳᠤᠭᠳᠤ ᠶᠡᠭᠡ ᠮᠢᠩᠭᠠᠨ ᠤ | ᠡᠬᠡ ᠶᠢᠨ ᠲᠠᠷᠨᠢ᠃ ᠮᠡᠩᠭᠡ ᠶᠢᠨ ᠲᠠᠷᠤᠯᠭ᠎ᠠ᠃ ᠰᠡᠵᠢᠭ ᠤᠨ ᠲᠣᠣᠷ ᠲᠤ ᠲᠥᠭᠡᠷᠡᠭᠰᠡᠨ ᠬᠠᠮᠤᠭ ᠤᠨ ᠵᠠᠰᠠᠯ | ᠣᠷᠣᠰᠢᠪᠠ᠃ ᠮᠠᠭᠤ ᠵᠡᠭᠦᠳᠦᠨ ᠤ ᠰᠤᠳᠤᠷ ᠣᠷᠣᠰᠢᠪᠠ᠃ ᠲᠠᠪᠤᠨ ᠮᠠᠬᠠᠪᠤᠳ ᠰᠠᠭᠤᠷᠢ ᠶᠢᠨ ᠪᠢᠴᠢᠭ᠃ ᠬᠤᠲᠤᠭᠳᠤ | ᠠᠮᠠ ᠬᠡᠯᠡ ᠬᠠᠷᠢᠭᠤᠯᠤᠭᠴᠢ ᠬᠠᠷ᠎ᠠ ᠰᠢᠳᠢ ᠣᠷᠣᠰᠢᠪᠠ᠃ ᠬᠠᠷ᠎ᠠ ᠬᠡᠯᠡ ᠤᠳᠤᠯᠠᠬᠤ ᠰᠤᠳᠤᠷ ᠣᠷᠣᠰᠢᠪᠠ᠃ | ᠲᠠᠷᠨᠢ ᠶᠢᠨ ᠣᠪᠳᠢᠰ ᠣᠷᠣᠰᠢᠪᠠ᠃ ᠰᠦᠨᠡᠰᠦ ᠲᠠᠭᠤᠳᠠᠬᠤ ᠰᠤᠳᠤᠷ ᠣᠷᠣᠰᠢᠪᠠ᠃ ᠮᠠᠭᠤ ᠵᠡᠭᠦᠳᠦᠨ ᠤ | ᠬᠠᠷᠢᠭᠤᠯᠭ᠎ᠠ᠃ ᠠᠯᠢ ᠲᠠᠮᠤ ᠶᠢᠨ ᠵᠤᠪᠠᠯᠠᠩ ᠠᠷᠢᠯᠭᠠᠬᠤ ᠰᠤᠳᠤᠷ᠃ ᠠᠷᠢᠶ᠎ᠠ ᠪᠠᠯᠠᠢ ᠰᠦᠵᠦᠭ ᠣᠷᠣᠰᠢᠪᠠ᠃ | ᠠᠷᠪᠠᠨ ᠬᠤᠶᠠᠷ ᠵᠢᠯ ᠤᠨ ᠨᠠᠰᠤᠨ ᠤ ᠨᠣᠮ ᠣᠷᠣᠰᠢᠪᠠ᠃ ᠰᠠᠭᠤᠷᠢ ᠶᠢᠨ ᠨᠠᠶᠢᠮᠠᠨ ᠬᠦᠯᠢᠯ ᠤᠨ ᠦᠵᠡᠯᠭᠡ ᠣᠷᠣᠰᠢᠪᠠ | ᠃ ᠪᠤᠶᠠᠨ ᠭᠡᠰᠢᠭ ᠤᠨ ᠲᠠᠯᠠᠯᠭ᠎ᠠ ᠠᠪᠬᠤ ᠰᠣᠳᠣᠷ ᠣᠷᠣᠰᠢᠪᠠ᠃ ᠬᠦᠵᠦᠭᠦᠨ ᠤ ᠫᠤ᠃ ᠨᠦᠭᠴᠢᠭᠰᠡᠨ ᠬᠦᠮᠦᠨ ᠤ | ᠰᠦᠨᠡᠰᠦᠨ ᠦᠯᠦ ᠬᠠᠯᠳᠠᠬᠤ ᠠᠷᠪᠠᠨ ᠬᠤᠶᠠᠷ ᠰᠢᠮᠨᠤᠰ ᠤᠨ ᠠᠶᠤᠯ ᠦᠯᠦ ᠪᠣᠯᠬᠤ ᠲᠠᠷᠤᠯᠭ᠎ᠠ ᠡᠨᠡ ᠪᠣᠢ ᠁ ᠁ | ᠃ | ᠵᠠᠩ ᠦᠢᠯᠡ | ᠰᠤᠷᠭᠠᠯ ᠤᠨ ᠪᠠᠭᠰᠢ ᠪᠠᠳᠮ᠎ᠠ ᠰᠠᠮᠪᠢᠸᠠ ᠶᠢᠨ ᠵᠣᠭᠢᠶᠠᠭᠰᠠᠨ ᠠᠷᠢᠬᠢ ᠶᠢᠨ ᠤᠭ ᠭᠠᠷᠭᠠᠯᠭ᠎ᠠ ᠰᠠᠶᠢᠲᠦᠷ | ᠢᠯᠭᠤᠭᠰᠠᠨ ᠣᠷᠣᠰᠢᠪᠠ᠃ ᠭᠡᠰᠢᠭ ᠠᠪᠬᠤ ᠲᠠᠯᠠᠯᠭ᠎ᠠ ᠦᠢᠯᠡᠳᠬᠦᠢ ᠶᠣᠰᠣᠨ ᠬᠡᠮᠡᠬᠦ ᠣᠷᠣᠰᠢᠪᠠ ︵ᠦᠢᠭᠤᠷᠵᠢᠨ | ᠮᠣᠩᠭᠤᠯ ᠦᠰᠦᠭ ᠢᠶᠠᠷ︶᠃ ᠮᠣᠷᠢᠨ ᠤ ᠰᠢᠨᠵᠢ ᠶᠢᠨ ᠰᠤᠳᠤᠷ᠃ ᠰᠦᠷ ᠵᠠᠯᠠᠬᠤ ᠰᠣᠳᠣᠷ᠃ ᠭᠠᠯ ᠲᠠᠬᠢᠬᠤ | ᠶᠣᠰᠣᠨ ᠬᠡᠮᠡᠬᠦ ᠰᠤᠳᠤᠷ᠃ ᠮᠠᠯ ᠰᠡᠳᠡᠷ ᠰᠡᠳᠡᠷᠡᠯᠡᠬᠦ ᠰᠤᠳᠤᠷ ᠣᠷᠣᠰᠢᠪᠠ᠃ ᠯᠠᠮᠠ ᠶᠢᠨ ᠲᠠᠬᠢᠯ ᠵᠠᠩ ᠣᠷᠣᠰᠢᠪᠠ᠃ | ᠴᠠᠬᠢᠯᠭᠠᠨ ᠤ ᠰᠤᠳᠤᠷ ᠣᠷᠣᠰᠢᠪᠠ᠃ ᠲᠡᠮᠡᠭᠡᠨ ᠮᠣᠷᠢᠨ ᠦᠭᠡᠷ ᠬᠤᠨᠢ ᠲᠡᠷᠢᠭᠦᠨ ᠲᠠᠢ ᠢᠮᠨᠡᠬᠦ ᠴᠢᠮᠭᠢᠭᠦ ᠰᠤᠳᠤᠷ | ᠣᠷᠣᠰᠢᠪᠠ᠃ ᠵᠤᠰᠤ ᠶᠢᠨ ᠦᠭᠡ ᠬᠡᠮᠡᠬᠦ ᠳᠤᠲᠤᠷ ᠣᠷᠣᠰᠢᠪᠠ᠃ | ᠲᠡᠦᠭᠡ | ᠮᠣᠩᠭᠤᠯ ᠤᠨ ᠤᠭ ᠡᠭᠢᠨ ᠲᠣᠭᠤᠵᠢ᠃ ᠵᠡᠭᠦᠨ᠋ᠭᠠᠷ ᠤᠨ ᠲᠤᠭᠤᠵᠢ ᠡᠩ ᠤᠷᠢᠳᠠ ᠠᠩᠬ᠎ᠠ ᠤᠷᠢᠳᠠ ᠬᠤᠶᠠᠷ | ᠣᠷᠣᠰᠢᠪᠠ᠃ ᠲᠥᠷᠪᠡᠨ ᠦᠢᠷᠡᠳ ᠤᠨ ᠲᠡᠦᠬᠡ ᠲᠤᠭᠤᠵᠢ ᠣᠷᠣᠰᠢᠪᠠ᠃ ᠲᠥᠷᠪᠡᠨ ᠦᠢᠷᠡᠳ ᠤᠨ ᠲᠣᠭᠤᠵᠢ | ᠣᠷᠣᠰᠢᠪᠠ᠃ | ᠦᠰᠦᠭ ᠪᠢᠴᠢᠭ | ︽ᠮᠣᠩᠭᠤᠯ ᠦᠰᠦᠭ ᠤᠨ ᠴᠠᠭᠠᠨ ᠲᠣᠯᠣᠭᠠᠢ︾ ᠶᠢᠨ ᠰᠤᠳᠤᠷ ᠣᠷᠣᠰᠢᠬᠤ ᠠᠪᠠᠢ᠃ ᠦᠰᠦᠭ ᠣᠷᠣᠰᠢᠪᠠ᠃ | ᠭᠠᠯᠢᠭ ᠦᠰᠦᠭ ᠣᠷᠣᠰᠢᠪᠠ᠃ ᠲᠠᠷᠨᠢ ᠤᠩᠰᠢᠬᠤ ᠠᠷᠭ᠎ᠠ ᠣᠷᠣᠰᠢᠪᠠ᠃ ᠲᠥᠪᠡᠳ ᠮᠣᠩᠭᠤᠯ ᠬᠠᠷᠴᠠᠭᠤᠯᠤᠭᠰᠠᠨ | ᠭᠠᠯᠢᠭ ᠦᠰᠦᠭ ᠣᠷᠣᠰᠢᠪᠠ᠃ ᠴᠠᠭᠠᠨ ᠲᠣᠯᠣᠭᠠᠢ᠃ ᠺᠠ ᠠ᠋ ᠬᠤᠶᠠᠷ ᠲᠡᠷᠢᠭᠦᠨ ᠲᠠᠢ ᠲᠠᠯᠠᠨ ᠬᠤᠶᠠᠷ ᠭᠠᠯᠢᠭ | ᠣᠷᠣᠰᠢᠪᠠ᠃ | |