ᠦᠵᠦᠮᠦᠴᠢᠨ ᠲᠠᠯ᠎ᠠ ᠨᠤᠲᠤᠭ ᠤᠨ ᠣᠨ ᠤ ᠭᠡᠯᠬᠢᠶᠡᠰᠦ
ᠨᠡᠶᠢᠲᠡᠯᠡᠭᠰᠡᠨ ᠴᠠᠭ᠄
2016/8/24
ᠦᠵᠦᠮᠦᠴᠢᠨ ᠲᠠᠯ᠎ᠠ ᠨᠤᠲᠤᠭ ᠤᠨ ᠣᠨ ᠤ ᠭᠡᠯᠬᠢᠶᠡᠰᠦ      ︖ —— ᠣᠨ ᠳᠤᠭᠠᠯᠠᠯ ᠠᠴᠠ ᠡᠮᠦᠨ᠎ᠡ 206 ᠣᠨ ᠪᠤᠯᠲᠠᠯ᠎ᠠ᠂ ᠳ᠋ᠥᠩᠬᠤ ᠠᠶᠢᠮᠠᠭ ᠤᠨ ᠨᠤᠲᠤᠭ ᠳᠡᠪᠢᠰᠭᠡᠷ ᠲᠤ ᠪᠠᠭᠲᠠᠵᠤ ᠪᠠᠶᠢᠪᠠ᠃     ᠣᠨ ᠳᠤᠭᠠᠯᠠᠯ ᠠᠴᠠ ᠡᠮᠦᠨ᠎ᠡ 206 ᠣᠨ —— ᠣᠨ ᠳᠤᠭᠠᠯᠠᠯ ᠎ ᠠᠴᠠ ᠡᠮᠦᠨ᠎ᠡ 119 ᠣᠨ ᠪᠣᠯᠲᠠᠯ᠎ᠠ᠂ ᠦᠬᠤᠸᠠᠨ ᠠᠶᠢᠮᠠᠭ ᠤᠨ ᠨᠤᠲᠤᠭ ᠳᠡᠪᠢᠰᠭᠡᠷ ᠲᠤ ᠪᠠᠭᠲᠠᠵᠤ ᠪᠠᠶᠢᠪᠠ᠃     ᠣᠨ ᠳᠤᠭᠠᠯᠠᠯ ᠠᠴᠠ ᠡᠮᠦᠨ᠎ᠡ 119 ᠣᠨ —— 410 ᠣᠨ ᠤ ᠪᠠᠷᠤᠭ ᠲᠤ᠂ ᠳᠤᠷᠤᠨᠠᠲᠤ ᠰᠢᠶᠠᠨᠪᠢ ᠠᠶᠢᠮᠠᠭ ᠤᠨ ᠨᠤᠲᠤᠭ ᠳᠡᠪᠢᠰᠭᠡᠷ ᠲᠤ ᠪᠠᠭᠲᠠᠵᠤ ᠪᠠᠶᠢᠪᠠ᠃     410 ᠣᠨ ᠤ ᠪᠠᠷᠤᠭ —— ᠨᠠᠢᠮᠠᠳᠤᠭᠠᠷ ᠵᠠᠭᠤᠨ ᠤ ᠰᠡᠭᠦᠯᠴᠢ ᠶᠢᠰᠦᠳᠦᠭᠡᠷ ᠵᠠᠭᠤᠨ ᠤ ᠡᠬᠢᠨ ᠤ ᠪᠠᠷᠤᠭ ᠲᠤ᠂ ᠳ᠋ᠢᠳᠧᠦᠶᠢᠦ ᠤᠯᠤᠰ ︵ᠪᠣᠶᠤ ᠳ᠋ᠢᠳᠧᠦᠶᠢᠦ ᠠᠶᠢᠮᠠᠭ ᠤᠨ ᠬᠤᠯᠪᠤᠭ᠎ᠠ︶᠎ ᠤᠨ ᠨᠤᠲᠤᠭ ᠳᠡᠪᠢᠰᠭᠡᠷ ᠪᠠᠶᠢᠪᠠ᠃ ᠡᠨᠡ ᠬᠤᠭᠤᠴᠠᠭᠠᠨ ᠳᠤ ᠳ᠋ᠢᠳᠧᠦᠶᠢᠦ ᠤᠯᠤᠰ ᠨᠢ ᠳᠤᠰᠠᠭᠠᠷ ᠡᠷᠬᠡ ᠮᠡᠳᠡᠯᠲᠦ ᠤᠯᠤᠰ ᠪᠠᠶᠢᠭᠰᠠᠨ ᠢᠶᠠᠨ ᠰᠡᠭᠦᠯᠡᠷ ᠨᠢ ᠤᠷᠢᠳ ᠬᠤᠵᠢᠳ ᠿᠦ ᠿᠠᠨ ᠬᠠᠭᠠᠨᠲᠤ ᠤᠯᠤᠰ ᠂ ᠲᠠᠩ ᠤᠯᠤᠰ᠂ ᠲᠥᠷᠺ ᠤᠯᠤᠰ ᠤᠨ ᠬᠠᠷᠢᠶᠠᠲᠤ ᠤᠯᠤᠰ ᠪᠤᠶᠤ ᠲᠡᠳᠡᠨᠡᠷ ᠤᠨ ᠬᠦᠴᠦᠨ ᠤ ᠨᠥᠯᠥᠭᠡᠯᠡᠯ ᠠᠴᠠ ᠬᠡᠰᠡᠭ ᠬᠤᠭᠤᠴᠠᠭ᠎ᠠ ᠪᠠᠷ ᠠᠩᠭᠢᠵᠢᠷᠠᠭᠰᠠᠨ ᠠᠶᠢᠮᠠᠭ ᠤᠨ ᠬᠤᠯᠪᠤᠭᠠᠯᠠᠯ ᠪᠠᠶᠢᠵᠤ ᠥᠩᠭᠡᠷᠡᠪᠡ᠃     ᠨᠠᠢᠮᠠᠳᠤᠭᠠᠷ ᠵᠠᠭᠤᠨ ᠤ ᠰᠡᠭᠦᠯᠴᠢ ᠶᠢᠰᠦᠳᠦᠭᠡᠷ ᠵᠠᠭᠤᠨ ᠤ ᠡᠬᠢᠨ ᠤ ᠪᠠᠷᠤᠭ —— 850 ᠣᠨ ᠤ ᠪᠠᠷᠤᠭ ᠲᠤ᠂ ᠬᠠᠷ᠎ᠠ ᠲᠡᠷᠭᠡᠲᠦ ᠲᠠᠲ᠋ᠠᠷ ︵ᠱᠢᠸᠧᠢ︶ ᠣᠯᠣᠰ ᠤᠨ ᠨᠤᠲᠤᠭ ᠳᠡᠪᠢᠰᠭᠡᠷ ᠪᠠᠶᠢᠪᠠ᠃     850 ᠣᠨ ᠤ ᠪᠠᠷᠤᠭ —— 910 ᠣᠨ ᠤ ᠪᠠᠷᠤᠭ ᠲᠤ᠂ ᠬᠠᠷ᠎ᠠ ᠲᠡᠷᠭᠡᠲᠦ ᠲᠠᠲ᠋ᠠᠷ ︵ᠱᠢᠸᠧᠢ︶ ᠣᠯᠣᠰ ᠲᠠᠩ ᠤᠯᠤᠰ ᠤᠨ ᠬᠠᠷᠢᠶᠠᠲᠤ ᠤᠯᠤᠰ ᠪᠤᠯᠤᠭᠰᠠᠨ ᠠᠴᠠ ᠦᠵᠦᠮᠦᠴᠢᠨ ᠲᠠᠯ᠎ᠠ ᠨᠤᠲᠤᠭ ᠲᠠᠩ ᠤᠯᠤᠰ ᠤᠨ ᠬᠢᠯᠢ ᠬᠢᠵᠠᠭᠠᠷ ᠲᠤ ᠪᠠᠭᠲᠠᠬᠤ ᠪᠠᠷ ᠪᠤᠯᠪᠠ᠃     910 ᠣᠨ ᠤ ᠪᠠᠷᠤᠭ —— 1125 ᠣᠨ ᠤ ᠪᠠᠷᠤᠭ ᠲᠤ᠂ ᠬᠠᠷ᠎ᠠ ᠲᠡᠷᠭᠡᠲᠦ ᠲᠠᠲ᠋ᠠᠷ ︵ᠱᠢᠸᠧᠢ︶ ᠣᠯᠣᠰ ᠯᠢᠶᠤᠤ ᠤᠯᠤᠰ ᠤᠨ ᠬᠠᠷᠢᠶᠠᠲᠤ ᠤᠯᠤᠰ ᠪᠤᠯᠤᠭᠰᠠᠨ ᠠᠴᠠ ᠦᠵᠦᠮᠦᠴᠢᠨ ᠲᠠᠯ᠎ᠠ ᠨᠤᠲᠤᠭ ᠯᠢᠶᠤᠤ ᠤᠯᠤᠰ ᠤᠨ ᠬᠢᠯᠢ ᠬᠢᠵᠠᠭᠠᠷ ᠲᠤ ᠪᠠᠭᠲᠠᠬᠤ ᠪᠠᠷ ᠪᠤᠯᠪᠠ᠃    1125 ᠣᠨ ᠤ ᠪᠠᠷᠤᠭ —— 1206 ᠣᠨ ᠤ ᠪᠠᠷᠤᠭ ᠲᠤ᠂ ︽ᠬᠠᠷ᠎ᠠ ᠲᠡᠷᠭᠡᠲᠦ ᠲᠠᠲ᠋ᠠᠷ︾ ᠤᠯᠤᠰ ᠤᠨ ᠠᠶᠢᠮᠠᠭ ᠢ ᠪᠠᠭᠲᠠᠭᠠᠭᠰᠠᠨ ︽ᠮᠣᠩᠭᠤᠯ — ᠲᠠᠲ᠋ᠠᠷ︾᠎ ᠤᠨ ᠣᠯᠠᠨ ᠠᠶᠢᠮᠠᠭ ᠤᠨ ᠪᠤᠳᠠᠲᠠᠢ ᠡᠷᠬᠡᠰᠢᠶᠡᠯ ᠤᠨ ᠭᠠᠵᠠᠷ ᠣᠷᠣᠨ ᠪᠠᠶᠢᠪᠠ᠃ ᠵᠠᠷᠢᠮ ᠲᠡᠥᠬᠡ ᠱᠠᠰᠳᠢᠷ ᠲᠤ ᠠᠯᠲᠠᠨ ᠤᠯᠤᠰ ᠤᠨ ᠬᠤᠶᠢᠲᠤ ᠨᠡᠶᠢᠰᠯᠡᠯ ᠴᠥᠯᠭᠡ ᠳᠤ ᠬᠠᠷᠢᠶᠠᠯᠠᠭᠳᠠᠵᠤ ᠪᠠᠶᠢᠯ᠎ᠠ ᠭᠡᠵᠤ ᠲᠡᠮᠳᠡᠭᠯᠡᠵᠦ ᠪᠠᠶᠢᠳᠠᠭ᠃     1206 ᠣᠨ ᠤ ᠪᠠᠷᠤᠭ —— 1270 ‍ᠭᠠᠳ ᠣᠨ ᠤ ᠪᠠᠷᠤᠭ ︵︖︶ ᠎ ᠲᠤ᠂ ᠮᠣᠩᠭᠤᠯ ᠬᠠᠭᠠᠨᠲᠤ ᠤᠯᠤᠰ ᠤᠨ ᠨᠤᠲᠤᠭ ᠳᠡᠪᠢᠰᠭᠡᠷ ᠮᠥᠨ ᠪᠠᠶᠢᠪᠠ᠃ ᠡᠨᠡ ᠬᠤᠭᠤᠴᠠᠭᠠᠨ ᠳᠤ᠂ ᠶᠡᠭᠡ ᠲᠥᠯᠥᠪ ᠲᠡᠭᠡᠨ ᠪᠠᠯᠭᠠᠷ ᠭᠤᠤᠯ ︵᠎ ᠤᠨ ᠠᠳᠠᠭ︖︶᠎ ᠢᠶᠠᠷ ᠵᠠᠭᠠᠭ ᠪᠤᠯᠭᠠᠵᠤ ᠬᠤᠶᠠᠷ ᠬᠡᠰᠡᠭ ᠲᠤ ᠬᠤᠪᠢᠶᠠᠭᠳᠠᠵᠤ ᠂ ᠪᠠᠯᠭᠠᠷ ᠭᠤᠤᠯ ᠤᠨ ᠰᠠᠪᠠ ᠭᠠᠵᠠᠷ ᠢ ᠪᠠᠭᠲᠠᠭᠠᠭᠰᠠᠨ ᠬᠡᠰᠡᠭ ᠨᠢ ᠭᠤᠤᠯ ᠲᠥᠮᠡᠨ ᠳᠤ ᠬᠠᠷᠢᠶᠠᠯᠠᠭᠳᠠᠵᠤ᠂ ᠨᠥᠭᠦᠭᠡ ᠬᠡᠰᠡᠭ ᠨᠢ ᠴᠢᠩᠭᠢᠰ ᠬᠠᠭᠠᠨ ᠤ ᠲᠡᠭᠦᠦ ᠬᠠᠴᠢᠭᠤᠨ ᠤ ᠬᠦᠪᠡᠭᠦᠨ ᠠᠯᠴᠢᠲᠠᠢ ᠶᠢᠨ ᠬᠤᠪᠢᠨ ᠭᠠᠵᠠᠷ ᠪᠠᠶᠢᠪᠠ᠃     1270 ‍ᠭᠠᠳ ᠣᠨ ᠤ ᠪᠠᠷᠤᠭ —— 1370 ᠣᠨ ᠤ ᠣᠷᠢᠳ ᠬᠤᠵᠢᠳ ᠪᠣᠯᠲᠠᠯ᠎ᠠ᠂ ᠡᠮᠦᠨ᠎ᠡ ᠬᠡᠯᠡᠭᠰᠡᠨ ᠬᠤᠶᠠᠷ ᠬᠡᠰᠡᠭ ᠲᠤ ᠬᠤᠪᠢᠶᠠᠭᠳᠠᠭᠰᠠᠨ ᠪᠠᠶᠢᠳᠠᠯ ᠢᠶᠠᠷ ᠢᠶᠠᠨ ᠶᠤᠸᠠᠨ ᠤᠯᠤᠰ ᠤᠨ ᠳᠤᠮᠳᠠᠲᠤ ᠪᠢᠴᠢᠭ ᠤᠨ ᠮᠣᠵᠢ ᠪᠠ ᠳᠠᠪᠠᠭ᠎ᠠ ᠶᠢᠨ ᠠᠷᠤ ᠶᠢᠨ ᠮᠤᠵᠢ ᠳᠤ ᠳᠤᠰ ᠳᠤᠰ ᠬᠠᠷᠢᠶᠠᠯᠠᠭᠳᠠᠵᠤ ᠪᠠᠶᠢᠪᠠ᠃ ᠳᠤᠰ ᠬᠤᠭᠤᠴᠠᠭᠠᠨ ᠤ ᠠᠯᠢ ᠨᠢᠭᠡᠨ ᠴᠠᠭ ᠦᠶ᠎ᠡ ᠳᠤ ᠶᠤᠸᠠᠨ ᠤᠯᠤᠰ ᠤᠨ ᠬᠠᠭᠠᠨ ᠤ ᠰᠢᠭᠤᠳ ᠬᠠᠮᠢᠶᠠᠷᠤᠭᠰᠠᠨ ︽ᠴᠠᠬᠠᠷ ᠲᠥᠮᠡᠨ ᠤ ᠵᠠᠬᠢᠷᠭ᠎ᠠ︾ ᠪᠤᠢ ᠪᠤᠯᠵᠤ᠂ ᠦᠵᠦᠮᠦᠴᠢᠨ ᠭᠠᠵᠠᠷ ᠣᠷᠣᠨ ᠤ ᠪᠠᠯᠭᠠᠷ ᠭᠤᠤᠯ ᠤᠨ ᠰᠠᠪᠠ ᠭᠠᠵᠠᠷ ᠎ ᠢ ᠪᠠᠭᠲᠠᠭᠠᠭᠰᠠᠨ ᠲᠡᠷᠡ ᠬᠡᠰᠡᠭ ᠨᠢ ᠴᠠᠬᠠᠷ ᠲᠥᠮᠡᠨ ᠤ ᠨᠤᠲᠤᠭ ᠳᠡᠪᠢᠰᠭᠡᠷ ᠤᠨ ᠨᠢᠭᠡ ᠬᠡᠰᠡᠭ ᠨᠢ ᠪᠤᠯᠪᠠ᠃     1370 ᠣᠨ ᠤ ᠣᠷᠢᠳ ᠬᠤᠵᠢᠳ —— 1500 ᠣᠨ ᠤ ᠤᠷᠢᠳ ᠬᠤᠵᠢᠳ ᠪᠤᠯᠲᠠᠯ᠎ᠠ᠂ ᠪᠠᠯᠭᠠᠷ ᠭᠤᠤᠯ ᠎ ᠤᠨ ᠰᠠᠪᠠ ᠭᠠᠵᠠᠷ ᠢ ᠪᠠᠭᠲᠠᠭᠠᠭᠰᠠᠨ ᠬᠡᠰᠡᠭ ᠤᠨ ᠦᠮᠴᠢᠯᠡᠨ ᠡᠵᠡᠮᠰᠢᠬᠦ ᠡᠷᠬᠡ ᠨᠢ ᠮᠥᠨ ᠯᠡ ᠤᠮᠠᠷᠠᠲᠤ ᠶᠤᠸᠠᠨ ᠤᠯᠤᠰ ᠤᠨ ᠴᠠᠬᠠᠷ ᠲᠥᠮᠡᠨ ᠳᠤ ᠪᠠᠶᠢᠵᠤ᠂ ᠨᠥᠭᠦᠭᠡ ᠭᠡᠰᠡᠭ ᠨᠢ ᠠᠯᠴᠢᠲᠠᠢ ᠶᠢᠨ ᠬᠤᠶᠢᠴᠢᠰ ᠤᠨ ᠨᠤᠲᠤᠭ ᠳᠡᠪᠢᠰᠭᠡᠷ ᠪᠠᠶᠢᠪᠠ᠃     1500 ᠣᠨ ᠤ ᠤᠷᠢᠳ ᠬᠤᠵᠢᠳ —— 1640 ᠭᠡᠳ ᠣᠨ ᠤ ᠪᠠᠷᠤᠭ ᠲᠤ᠂ ᠤᠮᠠᠷᠠᠲᠤ ᠶᠤᠸᠠᠨ ᠤᠯᠤᠰ ᠤᠨ ᠴᠠᠬᠠᠷ ᠲᠥᠮᠡᠨ ᠤ ᠨᠤᠲᠤᠭ ᠳᠡᠪᠢᠰᠭᠡᠷ ᠪᠠᠶᠢᠪᠠ᠃ ᠡᠨᠡ ᠬᠤᠭᠤᠴᠠᠭᠠᠨ ᠳᠤ᠂ ᠤᠮᠠᠷᠠᠲᠤ ᠶᠤᠸᠠᠨ ᠤᠯᠤᠰ ᠤᠨ ᠬᠠᠭᠠᠨ ᠣᠷᠲᠤ ᠪᠣᠯᠣᠨ ᠭᠤᠤᠯ ᠲᠥᠮᠡᠨ ᠬᠠᠭᠤᠴᠢᠨ ᠨᠤᠲᠤᠭ ᠲᠠᠭᠠᠨ ᠪᠤᠴᠠᠨ ᠨᠡᠭᠦᠵᠦ ᠢᠷᠡᠭᠰᠡᠨ ᠪᠦᠭᠡᠳ ᠨᠤᠲᠤᠭ ᠲᠡᠪᠢᠰᠭᠡᠷ ᠨᠢ ᠲᠡᠯᠡᠭᠳᠡᠨ ᠦᠷᠭᠡᠵᠢᠵᠦ᠂ ᠦᠵᠦᠮᠦᠴᠢᠨ ᠲᠠᠯ᠎ᠠ ᠨᠤᠲᠤᠭ ᠦᠷᠭᠦᠯᠵᠢ ᠪᠠᠷ ᠢᠶᠠᠨ ᠴᠠᠬᠠᠷ ᠲᠥᠮᠡᠨ ᠤ ᠬᠠᠷᠢᠶᠠᠨ ᠳᠤ ᠪᠠᠭᠲᠠᠬᠤ ᠪᠤᠯᠪᠠ᠃     1640 ᠭᠡᠳ ᠣᠨ ᠤ ᠪᠠᠷᠤᠭ —— 1911 ᠣᠨ ᠪᠤᠯᠲᠠᠯ᠎ᠠ᠂ ᠴᠢᠩ ᠤᠯᠤᠰ ᠤᠨ ᠰᠢᠯᠢ ᠶᠢᠨ ᠭᠤᠤᠯ ᠴᠢᠭᠤᠯᠭᠠᠨ ᠤ ᠦᠵᠦᠮᠦᠴᠢᠨ ᠠᠶᠢᠮᠠᠭ ︵ᠬᠤᠶᠠᠷ ᠬᠤᠰᠢᠭᠤ︶᠎ ᠤᠨ ᠨᠤᠲᠤᠭ ᠲᠡᠪᠢᠰᠭᠡᠷ ᠪᠠᠶᠢᠪᠠ᠃     1911 ᠣᠨ —— 1946 ᠣᠨ ᠪᠤᠯᠲᠠᠯ᠎ᠠ᠂ ᠳᠤᠮᠳᠠᠲᠤ ᠢᠷᠭᠡᠨ ᠤᠯᠤᠰ ᠤᠨ ᠰᠢᠯᠢ ᠶᠢᠨ ᠭᠤᠤᠯ ᠴᠢᠭᠤᠯᠭᠠᠨ ᠤ ᠦᠵᠦᠮᠦᠴᠢᠨ ᠪᠠᠷᠠᠭᠤᠨ ᠭᠠᠷᠤᠨ ᠬᠤᠰᠢᠭᠤ ᠪᠠ ᠦᠵᠦᠮᠦᠴᠢᠨ ᠵᠡᠭᠦᠨ ᠭᠠᠷᠤᠨ ᠬᠤᠰᠢᠭᠤᠨ ᠤ ᠨᠤᠲᠤᠭ ᠲᠡᠪᠢᠰᠭᠡᠷ ᠪᠠᠶᠢᠪᠠ᠃  
 
ᠢᠷᠡᠯᠲᠡ᠄ ᠬᠤᠯᠪᠣᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号