ᠵᠦᠷᠬᠢᠨ ᠠᠶᠢᠮᠠᠭ ᠤᠨ ᠬᠤᠤᠵᠢᠨ ᠤᠪᠤᠭᠳᠠᠨ᠃ 1195 ᠣᠨ ᠳᠤ ᠴᠢᠩᠭᠢᠰ ᠬᠠᠭᠠᠨ᠂ ᠲᠡᠷᠭᠡᠳᠣ ᠶᠢᠨ | ᠠᠮᠠᠰᠠᠷ ᠭᠡᠭᠦ ᠭᠠᠵᠠᠷ ᠵᠦᠷᠬᠢᠨ ᠢ ᠨᠡᠭᠡᠵᠤ ᠬᠦᠢᠴᠡᠬᠡᠳ᠂ ᠲᠡᠳᠡᠨ ᠤ ᠨᠤᠶᠠᠨ ᠰᠡᠴᠡᠪᠠᠬᠢ᠂ ᠲᠠᠶᠢᠴᠤ ᠬᠤᠶᠠᠷ ᠢ | ᠪᠠᠷᠢᠵᠤ ᠠᠯᠠᠭᠠᠳ ᠪᠤᠴᠠᠬᠤ ᠳᠠᠭᠠᠨ ᠵᠠᠯᠠᠶᠢᠷ ᠤᠨ ᠵᠡᠪᠡᠭᠡ ᠨᠠᠷ ᠵᠦᠷᠬᠢᠨ ᠤ ᠬᠠᠭᠤᠴᠢᠨ ᠨᠤᠲᠤᠭ ᠢᠶᠠᠷ ᠦᠩᠭᠡᠷᠡᠵᠤ | ᠭᠠᠷᠬᠤ ᠳᠤ ᠬᠤᠤᠵᠢᠨ ᠣᠪᠣᠭ ᠤᠨ ᠪᠠᠭᠤᠴᠠᠨ ᠲᠡᠬᠡᠷ᠎ᠡ ᠠᠴᠠ ᠨᠢᠭᠡᠨ ᠵᠢᠭᠠᠯ ᠬᠦᠪᠡᠬᠦᠨ ᠢ ᠤᠯᠵᠤ ᠠᠪᠴᠢᠷᠠᠭᠠᠳ᠂ | ᠴᠢᠩᠭᠢᠰ ᠬᠠᠭᠠᠨ ᠤ ᠡᠬᠡ ᠦᠬᠡᠯᠦᠨ ᠦᠵᠢᠨ ᠳᠤ ᠥᠭᠪᠡ᠃ ᠡᠨᠡ ᠪᠣᠯ ᠮᠦᠨ ᠪᠤᠷᠤᠬᠤᠯ ᠶᠤᠮ᠃ ᠪᠤᠷᠤᠬᠤᠯ | ᠪᠠᠭ᠎ᠠ ᠳᠠᠭᠠᠨ ᠴᠢᠩᠭᠢᠰ ᠬᠠᠭᠠᠨ ᠤ ᠵᠤᠭᠤᠭ ᠢ ᠡᠷᠬᠢᠯᠡᠳᠡᠭ ᠪᠤᠭᠤᠷᠴᠢ ︵ᠲᠤᠭᠤᠭᠠᠴᠢ︶ ᠪᠠᠶᠢᠵᠠᠢ᠃ ᠬᠡᠪᠡᠴᠤ | ᠰᠡᠬᠦᠯᠡᠷ ᠨᠢ ᠦᠰᠴᠤ᠂ ᠦᠭᠡᠯᠡᠢ ᠪᠤᠯᠤᠭᠠᠳ ᠬᠠᠷᠪᠤᠵᠤ ᠨᠠᠮᠨᠠᠬᠤ ᠳᠤ ᠮᠡᠷᠭᠡᠰᠢᠨ᠂ ᠲᠠᠶᠢᠨ ᠪᠠᠶᠢᠯᠳᠤᠭᠠᠨ ᠳᠤ | ᠰᠢᠯᠭᠠᠷᠠᠭᠠᠳ᠂ ᠪᠤᠭᠤᠷᠴᠢ᠂ ᠮᠤᠬᠤᠯᠠᠢ᠂ ᠴᠢᠯᠠᠭᠤᠨ ᠨᠠᠷ ᠲᠠᠢ ᠮᠦᠷᠦ ᠵᠡᠷᠬᠡᠴᠡᠵᠤ᠂ ᠴᠢᠩᠭᠢᠰ ᠬᠠᠭᠠᠨ ᠤ ᠲᠦᠷᠪᠡᠨ | ᠬᠦᠯᠦᠭ ᠬᠡᠵᠤ ᠠᠯᠳᠠᠷᠰᠢᠪᠡ᠃ 1201 ᠣᠨ ᠳᠤ ᠴᠢᠩᠭᠢᠰ ᠬᠠᠭᠠᠨ ᠲᠠᠶᠢᠴᠢᠭᠤᠳ ᠠᠶᠢᠮᠠᠭ ᠢ ᠲᠦᠪᠰᠢᠳᠬᠡᠬᠦ | ᠦᠶ᠎ᠡ ᠳᠤ ᠪᠤᠷᠤᠬᠤᠯ ᠲᠠᠭᠠᠵᠤ ᠮᠤᠷᠳᠠᠭᠠᠳ᠂ ᠰᠢᠷᠦᠬᠦᠨ ᠲᠤᠯᠤᠯᠳᠣᠭᠠᠨ ᠤ ᠲᠤᠮᠳᠠ ᠪᠤᠷᠤ ᠪᠠᠮᠪᠠᠢ ᠪᠡᠨ᠎ᠡ | ᠠᠳᠬᠤᠵᠤ᠂ ᠬᠠᠷᠪᠤᠬᠤ ᠰᠤᠮᠤ ᠶᠢ ᠬᠠᠯᠬᠠᠯᠠᠨ᠂ ᠬᠠᠭᠠᠨ ᠡᠵᠡᠨ ᠢᠶᠠᠨ ᠬᠠᠮᠠᠭᠠᠯᠠᠵᠤ ᠪᠠᠶᠢᠪᠠ᠃ ᠲᠡᠷᠡ ᠲᠤᠬᠠᠢ | ᠲᠠᠶᠢᠰᠦᠨ ᠤ ᠰᠤᠮᠤᠨ ᠳᠤ ᠤᠨᠤᠭᠳᠠᠵᠤ ᠲᠤᠯᠤᠭᠠᠢ ᠪᠠᠨ ᠰᠢᠷᠬᠠᠳᠤᠭᠤᠯᠵᠤ᠂ ᠤᠨᠤᠭᠰᠠᠨ ᠮᠤᠷᠢ ᠠᠴᠠ ᠪᠠᠨ ᠤᠨᠠᠭᠰᠠᠨ | ᠪᠤᠯᠪᠠᠴᠤ ᠤᠬᠤᠰᠬᠢᠨ ᠲᠦᠷᠭᠡᠨ ᠪᠤᠰᠴᠤ ᠵᠤᠭᠰᠤᠭᠠᠳ᠂ ᠨᠤᠮᠤ ᠪᠠᠨ ᠲᠠᠶᠠᠭ ᠪᠤᠯᠭᠠᠨ ᠲᠤᠯᠵᠤ᠂ ᠪᠠᠮᠪᠠᠢ ᠪᠠᠨ | ᠠᠯᠳᠠᠯ ᠦᠭᠡᠢ ᠪᠠᠷᠢᠵᠤ ᠨᠢᠰᠦᠨ ᠢᠷᠡᠬᠦ ᠵᠡᠪᠡ ᠶᠢ ᠨᠢᠭᠡᠳ ᠨᠢᠭᠡ ᠪᠡᠷ᠎ᠡ ᠲᠤᠰᠴᠤ ᠪᠠᠶᠢᠯ᠎ᠠ᠃ ᠪᠤᠭᠤᠷᠴᠢ | ᠤᠷᠤᠭᠰᠢ ᠪᠠᠨ ᠠᠯᠠᠯᠳᠣᠬᠤ ᠵᠠᠭᠤᠷ᠎ᠠ᠂ ᠬᠤᠶᠢᠰᠢ ᠪᠠᠨ ᠬᠠᠷᠠᠵᠤ ᠪᠤᠷᠤᠬᠤᠯ ᠳᠤ᠄ ︽ᠡᠷ᠎ᠡ ᠬᠦᠮᠦᠨ ᠭᠠᠭᠴᠠ | ᠰᠤᠮᠤᠨ ᠳᠤ ᠤᠨᠠᠳᠠᠭ ᠪᠢᠯᠢᠤ︖ ᠡᠪᠡᠷ ᠢᠶᠠᠨ ᠴᠤᠬᠢᠭᠤᠯᠤᠭᠰᠠᠨ ᠢᠰᠢᠬᠡ ᠮᠡᠳᠣ᠂ ᠡᠷᠡᠬᠡᠯᠵᠡᠨ ᠰᠠᠯᠭᠠᠨᠠᠬᠤ ᠴᠢᠨᠢ | ᠶᠠᠭᠤ ᠪᠤᠢ︖︾ ᠬᠡᠪᠡ᠃ ᠪᠤᠷᠤᠬᠤᠯ ᠮᠤᠷᠢᠨ ᠤ ᠪᠠᠨ ᠪᠤᠷᠤᠭᠤᠳᠠᠢ ᠲᠠᠯ᠎ᠠ ᠠᠴᠠ ᠬᠠᠷᠠᠶᠢᠵᠤ ᠮᠤᠷᠳᠠᠭᠠᠳ | ᠬᠠᠯᠬᠠᠪᠴᠢ ᠪᠡᠨ᠎ᠡ ᠪᠠᠷᠢᠵᠤ᠂ ᠬᠠᠶᠢᠬᠤᠷᠤᠯ ᠦᠭᠡᠢ ᠪᠠᠶᠢᠯᠳᠤᠵᠤ ᠶᠠᠪᠤᠪᠠ᠃ ᠴᠢᠩᠭᠢᠭᠡᠳ ᠬᠠᠯᠳᠠᠵᠤ ᠢᠷᠡᠭᠰᠡᠨ | ᠲᠠᠶᠢᠰᠦᠨ ᠠᠯᠠᠭᠳᠠᠭᠰᠠᠨ ᠬᠦᠮᠦᠨ ᠤ ᠪᠠᠨ ᠬᠡᠬᠦᠷ ᠢ ᠠᠪᠴᠤ ᠲᠤᠳᠠᠭᠠᠪᠠ᠃ ᠪᠤᠷᠤᠬᠤᠯ ᠨᠠᠷ ᠠᠷᠤ ᠠᠴᠠ ᠨᠢ ᠨᠡᠭᠡᠵᠤ᠂ | ᠴᠠᠶᠢᠳᠤ ᠶᠢᠨ ᠴᠠᠭᠠᠨ ᠲᠠᠯ᠎ᠠ ︵ᠤᠳᠤ ᠮᠤᠩᠭᠤᠯ ᠤᠯᠤᠰ ᠲᠤ ᠪᠤᠢ︶ ᠳᠤ ᠲᠠᠶᠢᠰᠦᠨ ᠢ ᠬᠦᠬᠡᠬᠡᠵᠤ ᠬᠦᠢᠴᠡᠬᠡᠳ᠂ | ᠤᠯᠠᠨ ᠬᠤᠨᠢᠨ ᠳᠤ ᠤᠷᠤᠭᠰᠠᠨ ᠴᠢᠨ᠋ᠸ᠎ᠠ ᠮᠡᠳᠤ ᠴᠠᠪᠴᠢᠵᠤ ᠶᠠᠪᠤᠨ ᠪᠤᠳᠠ ᠨᠢᠷᠭᠡᠭᠰᠡᠨ ᠪᠠᠶᠢᠵᠠᠢ᠃ 1203 | ᠣᠨ ᠳᠤ ᠴᠢᠩᠭᠢᠰ ᠬᠠᠭᠠᠨ᠂ ᠬᠡᠷᠡᠶᠢᠳ ᠤᠨ ᠸᠠᠩ ᠬᠠᠨ ᠯᠤᠭ᠎ᠠ ᠡᠪᠳᠡᠷᠡᠯᠴᠡᠵᠤ ᠰᠢᠷᠦᠬᠦᠨ ᠪᠠᠶᠢᠯᠳᠤᠭᠠᠨ ᠬᠢᠪᠡ᠃ | ᠡᠨᠡ ᠤᠳᠠᠭ᠎ᠠ ᠶᠢᠨ ᠪᠠᠶᠢᠯᠳᠤᠭᠠᠨ ᠳᠤ ᠴᠢᠩᠭᠢᠰ ᠬᠠᠭᠠᠨ ᠤ ᠴᠡᠷᠢᠭ ᠶᠡᠬᠡᠪᠡᠷ ᠲᠡᠶᠢᠯᠤᠭ᠍ᠳᠡᠵᠤ ᠰᠠᠷᠨᠢᠨ ᠪᠤᠳᠠᠷᠠᠭᠠᠳ | ᠪᠤᠷᠤᠬᠤᠯ᠂ ᠪᠤᠭᠤᠷᠴᠢ᠂ ᠦᠭᠡᠳᠡᠢ ᠭᠤᠷᠪᠠᠭᠤᠯᠠ ᠠᠯᠠᠭ᠎ᠠ ᠪᠤᠯᠵᠠᠢ᠃ ᠮᠠᠷᠭᠠᠰᠢ ᠨᠢ ᠴᠢᠩᠭᠢᠰ ᠬᠠᠭᠠᠨ ᠴᠡᠷᠢᠭ ᠢᠶᠠᠨ | ᠴᠡᠭ᠌ᠴᠡᠯᠡᠵᠤ ᠪᠠᠶᠢᠳᠠᠯ᠎ᠠ᠂ ᠠᠯᠣᠰ ᠠᠴᠠ ᠨᠢᠭᠡᠨ ᠮᠤᠷᠢᠳᠠᠢ ᠬᠦᠮᠦᠨ ᠢᠷᠡᠬᠦ ᠨᠢ ᠬᠠᠷᠠᠭᠳᠠᠯ᠎ᠠ᠃ ᠯᠠᠪᠯᠠᠨ ᠦᠵᠡᠪᠡᠯ | ᠪᠤᠷᠤᠬᠤᠯ ᠬᠤᠶᠠᠷ ᠵᠠᠪᠵᠢ ᠪᠠᠷ ᠢᠶᠠᠨ ᠴᠢᠰᠤ ᠴᠤᠪᠤᠷᠢᠭᠤᠯᠵᠤ ᠡᠮᠡᠭᠡᠯ ᠲᠡᠭᠡᠷ᠎ᠡ ᠪᠠᠨ ᠦᠭᠡᠳᠡᠢ ᠶᠢ ᠲᠡᠭᠦᠷᠴᠤ ᠢᠷᠡᠭᠰᠡᠨ | ᠪᠠᠶᠢᠵᠠᠢ᠃ ᠤᠴᠢᠷ ᠢ ᠠᠰᠠᠭᠤᠪᠠᠯ ᠰᠢᠷᠦᠬᠦᠨ ᠪᠠᠶᠢᠯᠳᠣᠭᠠᠨ ᠤ ᠲᠤᠮᠳᠠ ᠦᠭᠡᠳᠡᠢ ᠶᠢᠨ ᠬᠦᠵᠦᠬᠦᠦ ᠰᠢᠷᠬᠠᠳᠤᠵᠤ | ᠮᠤᠷᠢ ᠨᠢ ᠪᠠᠰᠠ ᠦᠭᠦᠭᠰᠡᠨ ᠳᠤ᠂ ᠪᠤᠷᠤᠬᠤᠯ ᠠᠮᠢ ᠪᠠᠨ ᠴᠦᠯᠡᠵᠤ ᠦᠭᠡᠳᠡᠢ ᠶᠢ ᠠᠪᠤᠷᠠᠭᠠᠳ᠂ ᠰᠤᠮᠤᠨ ᠤ | ᠵᠡᠪᠡ ᠲᠠᠢ ᠴᠢᠰᠤ ᠶᠢ ᠠᠮᠠ ᠪᠠᠷ ᠢᠶᠠᠨ ᠰᠢᠮᠡᠭᠰᠡᠬᠡᠷ ᠪᠤᠴᠠᠵᠤ ᠢᠷᠡᠭᠰᠡᠨ ᠨᠢ ᠡᠨᠡ ᠠᠵᠢ᠃ ᠴᠢᠩᠭᠢᠰ ᠬᠠᠭᠠᠨ ᠡᠨᠡ ᠬᠦ | ᠪᠠᠶᠢᠳᠠᠯ ᠢ ᠦᠵᠡᠬᠡᠳ ᠰᠡᠳᠬᠢᠯ ᠬᠦᠳᠡᠯᠤᠨ ᠨᠢᠯᠪᠤᠰᠤ ᠤᠨᠠᠭᠠᠵᠤ᠂ ᠲᠤᠤᠷᠠᠬᠢ ᠬᠦᠮᠦᠰ ᠢᠶᠠᠷ ᠢᠶᠠᠨ ᠭᠠᠯ | ᠲᠦᠯᠡᠬᠦᠯᠦᠨ ᠴᠢᠯᠠᠭᠤ ᠬᠠᠯᠠᠭᠤᠯᠵᠤ᠂ ᠰᠢᠷᠬ᠎ᠠ ᠶᠢ ᠨᠢ ᠬᠠᠭᠠᠷᠢᠭᠠᠳ ᠡᠳᠡᠭᠡᠷᠡᠬᠦᠯᠦᠨ ᠠᠪᠴᠠᠢ᠃ ᠲᠡᠬᠦᠨ ᠤ | ᠬᠤᠶᠢᠨ᠎ᠡ ᠪᠤᠷᠤᠬᠤᠯ᠃ ᠴᠢᠯᠠᠭᠤᠨ ᠤ ᠲᠡᠬᠦᠦ ᠴᠢᠮᠪᠠᠢ ᠯᠤᠭ᠎ᠠ ᠪᠠᠷᠠᠭᠤᠨ ᠭᠠᠷᠤᠨ ᠴᠡᠷᠢᠭ ᠢ ᠠᠪᠴᠤ᠂ ᠤᠸᠠᠰ | ᠮᠡᠷᠬᠢᠳ ᠤᠨ ᠲᠠᠶᠢᠷ ᠤᠰᠤᠨ ᠢ ᠨᠡᠭᠡᠭᠡᠳ᠂ ᠰᠡᠯᠡᠩᠭᠡ ᠮᠦᠷᠡᠨ ᠤ ᠬᠠᠷᠬᠤᠨ ᠲᠦᠬᠦᠮ ᠬᠡᠳᠡᠭ ᠭᠠᠵᠠᠷ ᠲᠤ ᠬᠦᠷᠴᠤ | ᠲᠦᠪᠰᠢᠳᠬᠡᠭᠡᠳ ᠪᠤᠴᠠᠵᠤ ᠢᠷᠡᠵᠠᠢ᠃ 1206 ᠣᠨ ᠳᠤ ᠴᠢᠩᠭᠢᠰ ᠬᠠᠭᠠᠨ ᠪᠦᠬᠦ ᠮᠤᠩᠭᠤᠯ ᠤᠨ ᠶᠡᠭᠡ ᠬᠠᠭᠠᠨ | ᠡᠷᠬᠦᠮᠵᠢᠯᠡᠭᠳᠡᠭᠡᠳ᠂ ᠤᠯᠠᠨ ᠭᠠᠪᠢᠶᠠᠳᠠᠨ ᠰᠠᠶᠢᠳ ᠢᠶᠠᠨ ᠱᠠᠩᠨᠠᠬᠤ ᠦᠶ᠎ᠡ ᠳᠤ ᠪᠤᠷᠤᠬᠤᠯ ᠢ ᠠᠷᠪᠠᠨ ᠲᠦᠷᠪᠡᠳᠦᠬᠡᠷ | ᠮᠢᠩᠭᠠᠨ ᠤ ᠨᠤᠶᠠᠨ ᠪᠤᠯᠭᠠᠪᠠ᠃ ᠤᠷᠢᠳᠣ ᠴᠢᠩᠭᠢᠰ ᠬᠠᠭᠠᠨ ᠲᠦᠷᠪᠡᠨ ᠲᠠᠲ᠋ᠠᠷ ᠢ ᠤᠰᠠᠳᠬᠠᠬᠤ ᠦᠶ᠎ᠡ ᠳᠤ᠂ | ᠲᠠᠲ᠋ᠠᠷ ᠤᠨ ᠬᠠᠷᠬᠢᠯ ᠰᠢᠷ᠎ᠠ ᠬᠡᠳᠡᠭ ᠬᠦᠮᠦᠨ ᠲᠤᠳᠠᠭᠠᠵᠤ᠂ ᠬᠦᠨᠡᠰᠣ ᠬᠤᠭᠤᠯᠠ ᠲᠠᠰᠤᠷᠠᠭᠰᠠᠨ ᠳᠠᠭᠠᠨ ᠦᠬᠡᠯᠦᠨ | ᠦᠵᠢᠨ ᠤ ᠦᠷᠬᠦᠭᠡᠨ ᠳᠤ ᠰᠡᠮᠡᠭᠡᠷ ᠰᠢᠷᠭᠤᠨ ᠤᠷᠤᠵᠤ ᠬᠤᠭᠤᠯᠠ ᠤᠮᠳᠠ ᠭᠤᠶᠤᠭᠰᠠᠨ ᠳᠤ᠂ ᠦᠭᠡᠯᠦᠨ ᠦᠵᠢᠨ | ᠲᠡᠬᠦᠨ ᠤ ᠤᠷᠭᠤᠵᠤ ᠶᠠᠪᠤᠭ᠎ᠠ ᠶᠢ ᠦᠯᠦ ᠮᠡᠳᠡᠬᠦ ᠲᠤᠯᠠ ᠦᠷᠬᠦᠭᠡ ᠭᠡᠷ ᠤᠨ ᠢᠶᠠᠨ ᠪᠠᠷᠠᠭᠤᠨ ᠵᠠᠬ᠎ᠠ ᠳᠤ ᠰᠠᠭᠤᠯᠭᠠᠪᠠ | ᠃ ᠲᠡᠷᠡ ᠦᠶ᠎ᠡ ᠳᠤ ᠲᠤᠯᠤᠢ ᠲᠠᠪᠤᠨ ᠨᠠᠰᠤᠳᠠᠢ ᠪᠠᠶᠢᠭᠰᠠᠨ ᠠᠵᠢ᠃ ᠲᠤᠯᠤᠢ ᠭᠠᠳᠠᠨ᠎ᠠ ᠠᠴᠠ ᠤᠷᠤᠵᠤ ᠢᠷᠡᠭᠡᠳ | ᠪᠤᠴᠠᠨ ᠭᠠᠷᠬᠤ ᠳᠤᠨᠢ ᠬᠠᠷᠬᠢᠯ ᠰᠢᠷ᠎ᠠ ᠲᠡᠬᠦᠨ ᠢ ᠰᠤᠭᠤᠪᠴᠢᠯᠠᠨ ᠠᠪᠤᠭᠠᠳ ᠬᠢᠳᠤᠭ᠎ᠠ ᠪᠠᠨ ᠰᠤᠭᠤᠯᠪᠠ᠃ ᠦᠬᠡᠯᠦᠨ | ᠦᠵᠢᠨ ᠦᠵᠡᠭᠡᠳ ᠰᠠᠨᠳᠤᠷᠴᠤ᠄ ︽ᠬᠤᠯᠠᠭᠠᠢ᠂ ᠬᠦᠪᠡᠬᠦᠨ ᠢ ᠮᠢᠨᠢ ᠠᠯᠠᠬᠤ ᠬᠡᠵᠤ ᠪᠤᠢ︕︾ ᠬᠡᠮᠡᠨ ᠶᠡᠬᠡᠯ᠎ᠡ | ᠬᠠᠰᠬᠢᠷᠪᠠ᠃ ᠦᠷᠬᠦᠬᠡᠨ ᠤ ᠵᠡᠬᠦᠨᠳᠡ ᠰᠠᠭᠤᠵᠤ ᠪᠠᠶᠢᠭᠰᠠᠨ ᠪᠤᠷᠤᠬᠤᠯ ᠤᠨ ᠡᠬᠡᠨᠡᠷ ᠠᠯᠳᠠᠨᠢ ᠰᠤᠨᠤᠰᠤᠭᠠᠳ ᠬᠦᠶᠦᠨ | ᠪᠤᠰᠴᠤ ᠡᠴᠢᠭᠡᠳ ᠲᠡᠷᠡ ᠬᠦᠮᠦᠨ ᠤ ᠬᠡᠵᠢᠬᠡ ᠠᠴᠠ ᠪᠠᠷᠢᠵᠤ᠂ ᠬᠢᠳᠤᠭ᠎ᠠ ᠲᠠᠢ ᠭᠠᠷ ᠢ ᠨᠢ ᠤᠭᠵᠠᠷᠠᠪᠠ᠃ ᠲᠡᠷᠡ | ᠦᠶ᠎ᠡ ᠳᠤ ᠵᠢᠳᠠᠢ᠂ ᠵᠠᠯᠮ᠎ᠠ ᠬᠤᠶᠠᠷ ᠦᠷᠦᠬᠡ ᠶᠢᠨ ᠠᠷᠤ ᠳᠤ ᠦᠭᠡᠷ ᠠᠯᠠᠵᠤ ᠪᠠᠶᠢᠵᠠᠢ᠃ ᠠᠯᠳᠠᠨᠢ ᠶᠢᠨ ᠬᠠᠰᠬᠢᠷᠬᠤ | ᠲᠠᠭᠤᠨ ᠢ ᠰᠤᠨᠤᠰᠤᠭᠠᠳ ᠬᠢᠳᠤᠭ᠎ᠠ᠂ ᠰᠦᠭᠡ ᠪᠠᠷᠢᠭᠠᠳ ᠬᠦᠶᠦᠨ ᠢᠷᠡᠵᠤ ᠲᠡᠷᠡ ᠲᠤᠤᠷ᠎ᠠ ᠨᠢ ᠬᠠᠷᠬᠢᠯ ᠰᠢᠷ᠎ᠠ ᠶᠢ | ᠴᠠᠪᠴᠢᠨ ᠠᠯᠠᠪᠠ᠃ ᠲᠡᠭᠡᠭᠡᠳ ᠲᠡᠳᠡ ᠭᠤᠷᠪᠠᠭᠤᠯᠠ ᠦᠭᠡᠯᠦᠨ ᠦᠵᠢᠨ ᠤ ᠲᠡᠷᠭᠡᠳᠡ ᠢᠷᠡᠵᠤ᠂ ᠲᠤᠯᠤᠢ ᠶᠢ | ᠠᠪᠤᠷᠠᠵᠤ ᠠᠪᠤᠭᠰᠠᠨ ᠭᠠᠪᠢᠶ᠎ᠠ ᠶᠢ ᠮᠠᠷᠭᠤᠯᠳᠣᠨ ᠲᠡᠮᠡᠴᠡᠵᠡᠬᠡᠪᠡ᠃ ᠵᠢᠳᠠᠢ᠂ ᠵᠠᠯᠮ᠎ᠠ᠄ ︽ᠪᠢᠳᠡ ᠬᠤᠶᠠᠷ ᠲᠦᠷᠭᠡᠨ | ᠢᠷᠡᠭᠡ ᠦᠭᠡᠢ ᠪᠤᠯᠢ᠂ ᠴᠢ ᠭᠠᠭᠴᠠ ᠡᠮᠡᠭᠳᠡᠢ ᠬᠦᠮᠦᠨ ᠶᠠᠭᠠᠬᠢᠵᠤ ᠴᠢᠳᠠᠬᠤ ᠪᠤᠢ︖ ᠲᠤᠯᠤᠢ ᠬᠡᠵᠢᠶᠡᠨᠠᠢ | ᠠᠯᠠᠭᠳᠠᠭᠰᠠᠨ ᠪᠠᠶᠢᠬᠤ ᠶᠤᠰᠤᠳᠠᠢ ᠶᠤᠮ︾ ᠬᠡᠪᠡ᠃ ᠠᠯᠳᠠᠨᠢ᠄ ︽ᠲᠠ ᠨᠠᠷ ᠮᠢᠨᠤ ᠬᠠᠰᠬᠢᠷᠬᠤ ᠲᠠᠭᠤᠨ ᠢ | ᠰᠤᠨᠤᠰᠤᠭ᠎ᠠ ᠦᠭᠡᠢ ᠪᠤᠯᠢ ᠶᠠᠭᠠᠬᠢᠵᠤ ᠢᠷᠡᠨ ᠠᠪᠤᠷᠠᠬᠤ ᠪᠤᠢ︖ ᠪᠢ ᠪᠠᠰᠠ ᠲᠡᠬᠦᠨ ᠤ ᠬᠡᠵᠢᠬᠡ ᠠᠴᠠ ᠪᠠᠷᠢᠵᠤ᠂ | ᠬᠢᠳᠤᠭ᠎ᠠ ᠠᠳᠬᠤᠭᠰᠠᠨ ᠭᠠᠷ ᠢ ᠨᠢ ᠤᠭᠵᠠᠷᠠᠭᠰᠠᠨ ᠦᠭᠡᠢ ᠪᠣᠯ ᠲᠠ ᠬᠤᠶᠠᠷ ᠢᠷᠡᠯᠦᠭᠡ ᠭᠡᠳ ᠶᠠᠭᠤᠨ ᠲᠤᠰᠠ | ᠪᠤᠯᠬᠤ ᠪᠢᠯᠡ᠂ ᠲᠤᠯᠤᠢ ᠬᠡᠵᠢᠶᠡᠨᠠᠢ ᠠᠯᠠᠭᠳᠠᠴᠢᠬᠠᠭᠰᠠᠨ ᠪᠠᠶᠢᠬᠤ ᠶᠤᠮ︾ ᠬᠡᠪᠡ᠃ ᠲᠡᠳᠡᠨ ᠭᠤᠷᠪᠠᠭᠤᠯᠠ | ᠲᠤᠯᠤᠢ ᠶᠢ ᠠᠪᠤᠷᠠᠭᠰᠠᠨ ᠭᠠᠪᠢᠶ᠎ᠠ ᠶᠢ ᠢᠩᠭᠢᠵᠤ ᠪᠤᠯᠢᠶᠠᠯᠳᠤᠵᠤ ᠪᠠᠶᠢᠳᠠᠯ᠎ᠠ᠂ ᠴᠢᠩᠭᠢᠰ ᠬᠠᠭᠠᠨ᠄ ︽ᠠᠯᠳᠠᠨᠢ ᠶᠢᠨ | ᠬᠡᠯᠡᠬᠦ ᠲᠤᠩ ᠵᠦᠢᠳᠡᠢ᠂ ᠲᠤᠯᠤᠢ ᠶᠢᠨ ᠠᠪᠤᠷᠠᠭᠰᠠᠨ ᠭᠠᠪᠢᠶ᠎ᠠ ᠶᠢ ᠢᠩᠭᠢᠵᠤ ᠪᠤᠯᠢᠶᠠᠯᠳᠤᠵᠤ ᠪᠠᠶᠢᠳᠠᠯ᠎ᠠ᠂ ᠴᠢᠩᠭᠢᠰ | ᠬᠠᠭᠠᠨ᠄ ︽ᠠᠯᠳᠠᠨᠢ ᠶᠢᠨ ᠬᠡᠯᠡᠬᠦ ᠲᠤᠩ ᠵᠦᠢᠳᠡᠢ᠂ ᠲᠤᠯᠤᠢ ᠶᠢ ᠠᠪᠤᠷᠠᠭᠰᠠᠨ ᠲᠡᠷᠢᠬᠦᠨ ᠭᠠᠪᠢᠶ᠎ᠠ ᠠᠯᠳᠠᠨᠢ ᠶᠢᠨ | ᠪᠤᠯᠬᠤ ᠶᠤᠰᠤᠳᠠᠢ᠂ ᠪᠤᠷᠤᠬᠤᠯ ᠤᠨ ᠬᠡᠷᠭᠡᠢ᠂ ᠡᠷ᠎ᠡ ᠨᠦᠬᠦᠷ ᠲᠡᠭᠡᠨ ᠦᠷᠦᠭᠡᠰᠦᠨ ᠠᠷᠠᠯ ᠪᠤᠯᠵᠤ ᠲᠤᠰᠠᠯᠠᠨ | ᠶᠠᠪᠤᠭᠰᠠᠨ ᠤ ᠲᠡᠭᠡᠷ᠎ᠡ ᠲᠤᠯᠤᠢ ᠶᠢᠨ ᠠᠮᠢ ᠶᠢ ᠠᠪᠤᠷᠠᠵᠤ ᠶᠡᠭᠡ ᠲᠤᠰᠠ ᠶᠢ ᠬᠦᠷᠬᠡᠪᠡ᠃ ᠪᠤᠷᠤᠬᠤᠯ ᠪᠠᠰᠠ ᠬᠡᠷᠡᠶᠢᠳ | ᠠᠶᠢᠮᠠᠭ ᠯᠤᠭ᠎ᠠ ᠬᠠᠳᠬᠤᠯᠳᠤᠨ ᠪᠠᠶᠢᠯᠳᠤᠬᠤ ᠴᠠᠭ ᠲᠤ ᠰᠢᠷᠬᠠᠳᠤᠭᠰᠠᠨ ᠦᠭᠡᠳᠡᠢ ᠶᠢ ᠠᠪᠤᠷᠠᠨ ᠠᠪᠴᠣ ᠢᠷᠡᠭᠰᠡᠨ | ᠪᠢᠯᠡ᠃ ᠡᠬᠡ ᠶᠢᠨ ᠮᠢᠨᠢ ᠵᠤᠪᠠᠨ ᠵᠦᠳᠡᠵᠤ ᠲᠡᠵᠢᠬᠡᠭᠰᠡᠨ ᠠᠴᠢ ᠶᠢ ᠬᠤᠶᠠᠷ ᠬᠦᠪᠡᠬᠦᠨ ᠤ ᠮᠢᠨᠢ ᠠᠮᠢ ᠶᠢ ᠠᠪᠤᠷᠠᠵᠤ | ᠬᠠᠷᠢᠭᠤᠯᠪᠠ᠃ ᠪᠤᠷᠤᠬᠤᠯ ᠨᠠᠳᠠ ᠲᠠᠢ ᠨᠦᠬᠦᠷᠯᠡᠭᠡᠳ᠂ ᠤᠷᠢᠶᠠᠯᠠᠬᠤ ᠲᠠᠭᠤ ᠳᠤ ᠮᠢᠨᠢ ᠤᠤᠬᠠᠢ ᠨᠡᠮᠡᠵᠤ᠂ | ᠤᠷᠤᠭᠰᠢᠯᠠᠨ ᠵᠢᠳᠬᠦᠵᠤ ᠶᠠᠪᠤᠯ᠎ᠠ᠃ ᠶᠢᠰᠦᠨ ᠤᠳᠠᠭ᠎ᠠ ᠤᠰᠤᠯ ᠭᠠᠷᠭᠠᠬᠤ ᠳᠤ ᠶᠠᠯᠠᠯᠠᠬᠤ ᠦᠭᠡᠢ ᠪᠤᠯᠭᠠᠶ᠎ᠠ︕︾ | ᠭᠡᠵᠤ ᠵᠠᠷᠯᠢᠭ ᠪᠤᠯᠪᠠ᠃ ᠬᠤᠷᠢ ᠲᠦᠮᠡᠳ ᠪᠤᠯᠢ ᠤᠢ ᠶᠢᠨ ᠢᠷᠭᠡᠨ ᠤ ᠨᠢᠭᠡᠨ ᠠᠶᠢᠮᠠᠭ ᠪᠤᠯᠤᠨ᠎ᠠ᠃ ᠲᠤᠬᠠᠢ ᠶᠢᠨ | ᠦᠶ᠎ᠡ ᠳᠤ ᠵᠡᠭᠦᠨ ᠪᠠᠷᠠᠭᠤᠨ ᠬᠡᠮᠡᠨ ᠬᠤᠶᠠᠷ ᠪᠦᠯᠦᠭ ᠬᠤᠪᠢᠶᠠᠭᠳᠠᠵᠤ ᠪᠠᠶᠢᠭᠰᠠᠨ ᠪᠦᠭᠡᠳ ᠵᠡᠭᠦᠨ ᠭᠠᠷ ᠨᠢ ᠪᠠᠶᠢᠭᠠᠯ | ᠲᠠᠩᠭᠢᠰ ᠤᠨ ᠵᠡᠭᠦᠨ ᠪᠡᠶ᠎ᠡ ᠳᠤ᠂ ᠪᠠᠷᠠᠭᠤᠨ ᠭᠠᠷ ᠨᠢ ᠲᠡᠬᠦᠨ ᠤ ᠪᠠᠷᠠᠭᠤᠨ ᠪᠡᠶ᠎ᠡ ᠳᠤ ᠨᠤᠲᠤᠭᠯᠠᠳᠠᠭ ᠪᠠᠶᠢᠵᠠᠢ᠃ | | 1207 ᠣᠨ ᠳᠤ ᠵᠦᠴᠢ ᠲᠠᠶᠢᠯᠠᠵᠤ ᠲᠠᠭᠠᠭᠤᠯᠤᠭᠠᠳ᠂ ᠲᠦᠮᠡᠨ ᠤ ᠨᠤᠶᠠᠨ ᠬᠤᠷᠴᠢ ᠤᠰᠤᠨ | ᠡᠪᠦᠬᠡᠨ ᠢᠶᠠᠷ ᠤᠢ ᠶᠢᠨ ᠢᠷᠭᠡᠳ ᠢ ᠶᠡᠷᠦᠩᠭᠡᠶᠢᠯᠡᠨ ᠵᠠᠬᠢᠷᠤᠭᠤᠯᠤᠭᠰᠠᠨ ᠪᠠᠶᠢᠯ᠎ᠠ᠃ ᠠᠯᠢ ᠡᠷᠳᠡ ᠲᠡᠮᠦᠵᠢᠨ ᠤ | ᠬᠦᠴᠦᠨ ᠲᠤᠷᠤᠢ ᠪᠠᠭᠤᠷᠠᠢ ᠪᠠᠶᠢᠭᠰᠠᠨ ᠴᠠᠭ ᠲᠤ ᠪᠦᠬᠡ ᠮᠦᠷᠬᠦᠯᠳᠡᠳ ᠬᠤᠷᠴᠢ ᠤᠰᠤᠨ ᠡᠪᠦᠬᠡᠨ ᠲᠡᠮᠦᠵᠢᠨ ᠢ | ᠲᠠᠭᠠᠭᠠᠳ᠄ ︽ᠪᠢᠳᠡ ᠪᠤᠳᠠᠨᠴᠢᠷ ᠡᠪᠦᠭᠡ ᠶᠢᠨ ᠪᠠᠷᠢᠵᠤ ᠠᠪᠤᠭᠰᠠᠨ ᠡᠮ᠎ᠡ ᠠᠴᠠ ᠲᠦᠷᠦᠭᠰᠡᠨ ᠲᠤᠯᠠ ᠵᠠᠮᠤᠬ᠎ᠠ ᠯᠤᠭ᠎ᠠ | ᠬᠡᠪᠡᠯᠢ ᠨᠢᠭᠡ ᠲᠠᠢ᠂ ᠬᠡᠯᠬᠢᠶ᠎ᠡ ᠪᠠᠬᠢᠳᠡᠢ ᠬᠦᠮᠦᠰ ᠪᠢᠯᠡ᠃ ᠡᠶᠢᠮᠤ ᠠᠴᠠ ᠵᠠᠮᠤᠬ᠎ᠠ ᠠᠴᠠ ᠬᠠᠭᠠᠴᠠᠵᠤ ᠪᠤᠯᠬᠤ ᠦᠭᠡᠢ | ᠶᠤᠮ᠃ ᠬᠡᠪᠡᠴᠤ ᠵᠠᠭᠠᠷᠢᠨ ᠲᠡᠭᠷᠢ ︵ᠪᠦᠷᠭᠡ ᠮᠦᠷᠬᠦᠯᠳᠡᠨ ᠤ ᠨᠤᠮᠤᠯᠠᠳᠠᠭ ᠲᠡᠭᠷᠢ ᠶᠢᠨ ᠰᠦᠯᠳᠡ︶ ᠢᠷᠡᠵᠤ᠂ | ᠨᠢᠳᠦᠨ ᠳᠤ ᠮᠢᠨᠢ ᠵᠢᠭᠠᠵᠤ ᠦᠵᠡᠬᠦᠯᠦᠭᠰᠡᠨ ᠨᠢ ᠬᠤᠸᠠᠭᠴᠢᠨ ᠦᠨᠢᠶ᠎ᠡ ᠢᠷᠡᠵᠤ ᠵᠠᠮᠤᠬ᠎ᠠ ᠶᠢ ᠲᠤᠭᠤᠷᠢᠨ ᠶᠠᠪᠤᠵᠤ᠂ | ᠲᠡᠬᠦᠨ ᠤ ᠭᠡᠷ ᠲᠡᠷᠭᠡ ᠶᠢ ᠮᠦᠷᠬᠦᠭᠰᠡᠭᠡᠷ ᠦᠷᠦᠬᠡᠰᠦᠨ ᠡᠪᠡᠷ ᠢᠶᠠᠨ ᠬᠤᠭᠤᠯᠵᠤ ᠰᠤᠯᠵᠢᠷ ᠡᠪᠡᠷ ᠲᠠᠢ ᠪᠤᠯᠤᠭᠠᠳ᠄ ︿ | ᠡᠪᠡᠷ ᠢ ᠮᠢᠨᠢ ᠪᠤᠴᠠᠭᠠᠵᠤ ᠦᠢᠭ︕﹀ ᠬᠡᠵᠤ ᠵᠠᠮᠤᠬ᠎ᠠ ᠶᠢᠨ ᠵᠦᠭ ᠮᠦᠭᠡᠷᠡᠵᠤ ᠰᠢᠷᠤᠢ ᠰᠠᠴᠤᠯᠠᠨ ᠪᠠᠶᠢᠨ᠎ᠠ᠃ ᠪᠠᠰᠠ | ᠨᠢᠭᠡ ᠮᠤᠬᠤᠷ ᠬᠤᠸᠠ ᠦᠭᠡᠷ ᠢ ᠶᠡᠭᠡ ᠭᠡᠷᠳᠤ ᠲᠡᠷᠭᠡᠨ ᠳᠤ ᠬᠦᠯᠦᠭᠰᠡᠨᠡ᠂ ᠲᠡᠷᠡ ᠦᠭᠡᠷ ᠶᠡᠭᠡ ᠵᠠᠮ ᠢᠶᠠᠷ | ᠲᠠᠮᠦᠵᠢᠨ ᠤ ᠬᠤᠶᠢᠨ᠎ᠡ ᠠᠴᠠ ᠵᠢᠳᠬᠦᠨ ᠶᠠᠪᠤᠵᠤ᠄ ︿ᠲᠡᠭᠷᠢ ᠭᠠᠵᠠᠷ ᠡᠶᠡᠯᠳᠣᠵᠣ᠂ ᠲᠡᠮᠦᠵᠢᠨ ᠢ ᠤᠯᠤᠰ ᠤᠨ ᠡᠵᠡᠨ | ᠪᠤᠯᠭᠠᠳᠤᠭᠠᠢ ᠬᠡᠮᠡᠨ ᠲᠡᠭᠡᠭᠡᠵᠤ ᠬᠦᠷᠬᠡᠵᠤ ᠶᠠᠪᠤᠨᠠᠮ﹀ ᠬᠡᠵᠤ ᠮᠦᠭᠡᠷᠡᠨᠡ᠃ ᠲᠡᠮᠦᠵᠢᠨ ᠴᠢ ᠤᠯᠤᠰ ᠤᠨ ᠡᠵᠡᠨ | ᠪᠣᠯᠪᠠᠯ ᠨᠠᠮᠠᠢᠢ ᠬᠡᠷᠬᠢᠵᠤ ᠵᠢᠷᠭᠠᠭᠤᠯᠬᠤ ᠪᠤᠢ︖︾ ᠬᠡᠵᠤ ᠠᠰᠠᠭᠤᠭᠰᠠᠨ ᠳᠤ ᠲᠡᠮᠦᠵᠢᠨ᠄ ︽ᠪᠢ ᠦᠨᠡᠬᠡᠷ | ᠤᠯᠤᠰ ᠤᠨ ᠡᠵᠡᠨ ᠪᠣᠯᠪᠠᠯ ᠴᠢᠮᠠᠢᠢ ᠲᠦᠮᠡᠨ ᠤ ᠨᠤᠶᠠᠨ ᠪᠤᠯᠭᠠᠶ᠎ᠠ︾ ᠬᠡᠪᠡ᠃ ᠬᠤᠷᠴᠢ᠄ ︽ᠡᠳᠦᠢ ᠶᠡᠭᠡ | ᠲᠦᠷᠦ ᠶᠢᠨ ᠦᠢᠯᠡ ᠶᠢ ᠤᠷᠳᠤᠨ ᠠᠴᠠ ᠵᠢᠭᠠᠭᠰᠠᠨ ᠨᠠᠮᠠᠢᠢ ᠲᠦᠮᠡᠨ ᠤ ᠨᠤᠶᠠᠨ ᠪᠤᠯᠭᠠᠬᠤ ᠨᠢ ᠶᠠᠮᠠᠷ ᠵᠢᠷᠭᠠᠯ ᠪᠠᠶᠢᠬᠤ | ᠪᠤᠢ᠂ ᠬᠠᠷᠢᠨ ᠪᠦᠬᠦ ᠣᠯᠣᠰ ᠤᠨ ᠭᠤᠸ᠎ᠠ ᠰᠠᠶᠢᠬᠠᠨ ᠥᠬᠢᠳ ᠤᠨ ᠲᠤᠳᠤᠷ᠎ᠠ ᠠᠴᠠ ᠭᠤᠴᠢ ᠶᠢ ᠰᠤᠩᠭᠤᠵᠤ ᠡᠮ᠎ᠡ | ᠪᠤᠯᠭᠠᠨ ᠠᠪᠴᠤ ᠦᠭᠪᠡᠯ ᠰᠠᠶ᠋ᠢ ᠵᠢᠷᠭᠠᠯ ᠲᠠᠢ ᠶᠠᠪᠤᠳᠠᠯ ᠪᠤᠯᠬᠤ ᠶᠤᠮ︾ ᠬᠡᠪᠡ᠃ ᠡᠶᠢᠮᠤ ᠠᠴᠠ 1206 ᠣᠨ ᠳᠤ | ᠲᠡᠮᠦᠵᠢᠨ ᠶᠡᠭᠡ ᠬᠠᠭᠠᠨ ᠡᠷᠬᠦᠮᠵᠢᠯᠡᠭᠳᠡᠮᠡᠭᠴᠡ ᠬᠤᠷᠴᠢ ᠶᠢ ᠬᠤᠷᠢ ᠲᠦᠮᠡᠳ ᠤᠨ ᠲᠡᠭᠡᠳᠡᠢ ᠲᠦᠮᠡᠨ ᠤ ᠨᠤᠶᠠᠨ | ᠪᠤᠯᠭᠠᠭᠠᠭᠳ᠄ ︽ᠤᠷᠢᠳᠠ ᠶᠢᠨ ᠬᠦᠰᠡᠭᠰᠡᠨ ᠶᠤᠰᠤᠭᠠᠷ ᠬᠤᠷᠢ ᠲᠦᠮᠡᠳ ᠤᠨ ᠭᠤᠸ᠎ᠠ ᠰᠠᠶᠢᠬᠠᠨ ᠥᠬᠢᠳ ᠤᠨ | ᠲᠤᠳᠤᠷ᠎ᠠ ᠠᠴᠠ ᠭᠤᠴᠢ ᠶᠢ ᠰᠤᠩᠭᠤᠵᠤ ᠠᠪ︕︾ ᠬᠡᠵᠤ ᠵᠠᠷᠯᠢᠭ ᠪᠤᠯᠪᠠ᠃ ᠬᠤᠷᠴᠢ ᠤᠰᠤᠨ ᠡᠪᠦᠬᠡᠨ ᠬᠤᠷᠢ | ᠲᠦᠮᠡᠳ ᠲᠤ ᠬᠦᠷᠦᠬᠡᠳ᠂ ᠭᠤᠸ᠎ᠠ ᠰᠠᠶᠢᠬᠠᠨ ᠥᠬᠢᠳ ᠢ ᠰᠤᠩᠭᠤᠵᠤ ᠡᠬᠢᠯᠡᠭᠰᠡᠨ ᠳᠤ ᠲᠡᠨᠳᠡᠬᠢ ᠢᠷᠭᠡᠳ ᠡᠷᠡᠰ | ᠡᠰᠡᠷᠬᠦᠴᠡᠬᠡᠳ ᠪᠠᠷᠢᠪᠴᠢᠯᠠᠨ ᠠᠪᠴᠤ ᠬᠤᠷᠢᠪᠠ᠃ ᠴᠢᠩᠭᠢᠰ ᠬᠠᠭᠠᠨ ᠬᠤᠷᠴᠢ ᠤᠰᠤᠨ ᠡᠪᠦᠬᠡᠨ ᠤ ᠪᠠᠷᠢᠭᠳᠠᠭᠰᠠᠨ ᠢ | ᠰᠤᠨᠤᠰᠤᠭᠠᠳ ᠤᠢ ᠶᠢᠨ ᠢᠷᠭᠡᠨ ᠤ ᠤᠯᠠᠨ ᠠᠶᠢᠮᠠᠭ ᠤᠨ ᠪᠠᠶᠢᠳᠠᠯ ᠢ ᠤᠶᠢᠯᠠᠬᠠᠬᠤ ᠤᠶᠢᠷᠠᠳ ᠠᠶᠢᠮᠠᠭ ᠤᠨ | ᠬᠠᠭᠤᠴᠢᠨ ᠲᠦᠷᠦᠬᠦᠦ ᠬᠤᠳᠤᠭ᠎ᠠ ᠪᠠᠬᠢ ᠶᠢ ᠲᠤᠮᠢᠯᠠᠨ ᠶᠠᠪᠤᠭᠤᠯᠵᠤ ᠬᠤᠷᠴᠢ ᠶᠢ ᠠᠪᠤᠷᠠᠭᠤᠯᠬᠤ ᠬᠡᠰᠡᠨ ᠳᠤ᠂ | ᠬᠤᠳᠤᠭ᠎ᠠ ᠪᠠᠬᠢ ᠶᠢ ᠪᠠᠰᠠ ᠪᠠᠷᠢᠪᠴᠢᠯᠠᠨ ᠠᠪᠤᠭᠠᠳ ᠬᠤᠷᠢᠭᠰᠠᠨ ᠪᠠᠶᠢᠯ᠎ᠠ᠃ ᠡᠭᠦᠨ ᠳᠤ ᠴᠢᠩᠭᠢᠰ ᠬᠠᠭᠠᠨ | ᠲᠦᠪ ᠤᠨ ᠲᠦᠮᠡᠨ ᠤ ᠨᠤᠶᠠᠨ ᠨᠠᠶᠠᠭ᠎ᠠ ᠶᠢ ᠴᠡᠷᠢᠭ ᠠᠪᠴᠤ ᠬᠤᠷᠢ ᠲᠦᠮᠡᠳ ᠢ ᠪᠠᠶᠢᠯᠳᠣᠨ ᠬᠡᠰᠡᠨ ᠳᠤ ᠨᠠᠶᠠᠭ᠎ᠠ | ᠡᠪᠡᠳᠴᠢᠯᠡᠭᠡᠳ ᠪᠠᠶᠢᠭᠰᠠᠨ ᠪᠤᠯᠬᠤᠷ ᠵᠠᠷᠯᠢᠭ ᠢ ᠬᠦᠢᠴᠡᠳᠬᠡᠵᠤ ᠴᠢᠳᠠᠭᠰᠠᠨ ᠦᠭᠡᠢ᠃ ᠲᠡᠬᠦᠨᠴᠢᠯᠡᠨ ᠴᠢᠩᠭᠢᠰ | ᠬᠠᠭᠠᠨ ᠪᠤᠷᠤᠬᠤᠯ ᠢ ᠶᠠᠪᠤᠭᠤᠯᠬᠤ ᠪᠠᠷ ᠡᠯᠴᠢ ᠲᠠᠪᠭᠢᠭᠤᠯᠪᠠ᠃ ᠪᠤᠷᠤᠬᠤᠯ ᠡᠯᠴᠢ ᠶᠢ ᠬᠦᠯᠢᠶᠡᠨ ᠠᠪᠤᠭᠠᠳ᠄ ︽ | ᠤᠯᠠᠨ ᠢᠶᠠᠷ ᠢᠶᠠᠨ ᠡᠷᠬᠦᠵᠤ ᠪᠤᠢ ᠤᠤ︖ ᠡᠰᠡᠭᠦᠯ᠎ᠡ ᠬᠠᠭᠠᠨ ᠤ ᠰᠠᠨᠠᠭ᠎ᠠ ᠤᠤ︖︾ ᠬᠡᠵᠤ ᠠᠰᠠᠭᠤᠪᠠ᠃ ᠡᠯᠴᠢ᠄ | ︽ᠬᠠᠭᠠᠨ ᠤ ᠰᠠᠨᠠᠭ᠎ᠠ ᠪᠤᠯᠤᠨ᠎ᠠ︾ ᠭᠡᠳ ᠮᠣᠷᠳᠠᠪᠠ᠃ ᠪᠤᠷᠤᠬᠤᠯ ᠨᠤᠶᠠᠨ ᠬᠤᠷᠢ ᠲᠦᠮᠡᠳ ᠲᠤ ᠬᠦᠷᠦᠬᠡᠳ᠂ | ᠲᠡᠷᠬᠡᠳᠡᠬᠢ ᠭᠤᠷᠪᠠᠨ ᠬᠦᠮᠦᠨ ᠢ ᠲᠠᠭᠠᠭᠤᠯᠵᠤ ᠶᠡᠭᠡ ᠴᠡᠷᠢᠭ ᠠᠴᠠ ᠰᠠᠯᠤᠨ ᠵᠠᠮ ᠬᠠᠶᠢᠬᠤ ᠪᠠᠷ ᠭᠠᠷᠪᠠ᠃ ᠲᠡᠷᠡ | ᠲᠤᠬᠠᠢ ᠲᠡᠭᠷᠢ ᠤᠷᠤᠢ ᠪᠤᠯᠵᠤ ᠪᠠᠶᠢᠭᠰᠠᠨ ᠲᠤᠯᠠ ᠪᠤᠷᠤᠬᠤᠯ ᠨᠠᠷ ᠢ ᠤᠢ ᠶᠢᠨ ᠬᠦᠨ ᠳᠤ ᠤᠷᠤᠮᠠᠭᠴᠠ᠂ ᠬᠤᠷᠢ | ᠲᠦᠮᠡᠳ ᠤᠨ ᠬᠠᠷᠠᠭᠤᠯ ᠤᠨ ᠬᠦᠮᠦᠰ ᠰᠡᠮᠡᠬᠡᠷ ᠲᠡᠳᠡᠨ ᠤ ᠠᠷᠤ ᠳᠤ ᠭᠠᠷᠴᠤ ᠪᠤᠴᠠᠬᠤ ᠵᠠᠮ ᠢ ᠨᠢ ᠲᠠᠰᠤᠯᠤᠭᠠᠳ | ᠪᠤᠷᠤᠬᠤᠯ ᠨᠤᠶᠠᠨ ᠢ ᠪᠠᠷᠢᠵᠤ ᠠᠯᠠᠪᠠ᠃ ᠴᠢᠩᠭᠢᠰ ᠬᠠᠭᠠᠨ ᠪᠤᠷᠤᠬᠤᠯ ᠤᠨ a ᠠᠯᠠᠭᠳᠠᠭᠰᠠᠨ ᠪᠠ ᠬᠡᠯᠡᠭᠰᠡᠨ | ᠦᠭᠡ ᠶᠢ ᠰᠤᠨᠤᠰᠤᠭᠠᠳ ᠶᠡᠬᠡᠳᠡ ᠰᠤᠴᠢᠨ ᠭᠠᠰᠢᠭᠤᠳᠠᠵᠤ᠂ ᠡᠬᠡᠨᠡᠷ ᠬᠡᠦᠬᠡᠳ ᠢ ᠨᠢ ᠲᠠᠭᠤᠭᠳᠠᠭᠠᠳ᠄ ︽ᠬᠡᠳᠦᠷᠭᠡᠢ | ᠪᠢᠳᠡᠬᠡᠢ ᠵᠤᠪᠠᠳᠤᠭᠠᠢ︕ ᠪᠢ ᠵᠠᠪᠠᠯ ᠲᠠ ᠨᠠᠷ ᠢ ᠠᠰᠠᠷᠠᠨ᠎ᠠ︕︾ ᠬᠡᠵᠤ ᠡᠯᠢᠭᠡ ᠵᠢᠷᠦᠭᠡ ᠪᠡᠨ᠎ᠡ ᠵᠢᠭᠠᠵᠤ ᠡᠰᠡ | ᠮᠠᠷᠳᠠᠬᠤ ᠪᠡᠨ᠎ᠡ ᠢᠯᠡᠳᠬᠡᠵᠠᠢ᠃ 1215 ᠣᠨ ᠳᠤ ᠴᠢᠩᠭᠢᠰ ᠬᠠᠭᠠᠨ ᠬᠡᠷᠦᠯᠦᠨ ᠮᠦᠷᠡᠨ ᠤ ᠬᠦᠪᠡᠭᠡ ᠳᠠᠬᠢ | ᠶᠠᠪᠤᠭᠤᠯ ᠤᠷᠳᠤᠨ ᠳᠠᠭᠠᠨ ᠪᠤᠴᠠᠵᠤ ᠢᠷᠡᠭᠡᠳ᠂ ᠲᠠᠷᠠᠭ᠎ᠠ ᠵᠢᠯ ᠤᠨ ᠬᠢᠨᠢ ᠬᠠᠪᠤᠷ ᠶᠡᠭᠡ ᠬᠤᠷᠠᠯ ᠬᠤᠷᠠᠯᠳᠣᠭᠤᠯᠵᠤ᠂ | ᠬᠤᠷᠢ ᠲᠦᠮᠡᠳ ᠢ ᠪᠡᠶ᠎ᠡ ᠪᠡᠷ᠎ᠡ ᠲᠠᠶᠢᠯᠠᠬᠤ ᠬᠡᠮᠡᠨ ᠵᠦᠪᠯᠡᠯᠳᠦᠭᠰᠡᠨ ᠳᠤ ᠪᠤᠭᠤᠷᠴᠢ᠂ ᠮᠤᠬᠤᠯᠠᠢ ᠬᠤᠶᠠᠭᠤᠯᠠ | ᠬᠦᠴᠦᠯᠡᠨ ᠢᠳᠬᠤᠵᠤ ᠵᠤᠭᠰᠤᠭᠠᠪᠠ᠃ ᠲᠡᠭᠡᠭᠡᠳ ᠲᠦᠷᠪᠡᠢ ᠲᠤᠭᠰᠢᠨ ᠢ ᠮᠤᠷᠳᠠᠭᠤᠯᠬᠤ ᠪᠠᠷ ᠲᠤᠭᠳᠠᠵᠤ ᠴᠢᠩᠭᠢᠰ | ᠬᠠᠭᠠᠨ᠄ ︽ᠴᠡᠷᠢᠭ ᠢ ᠴᠢᠩᠭ᠎ᠠ ᠵᠠᠬᠢᠷᠴᠤ᠂ ᠮᠦᠩᠭᠡ ᠲᠡᠭᠷᠢ ᠳᠤ ᠵᠠᠯᠪᠢᠷᠠᠨ᠂ ᠬᠤᠷᠢ ᠲᠦᠮᠡᠳ ᠢ ᠡᠵᠡᠯᠡᠬᠦ ᠪᠡᠷ᠎ᠡ | ᠤᠷᠤᠯᠳᠤᠭᠳᠤᠨ︕︾ ᠬᠡᠵᠤ ᠵᠠᠷᠯᠢᠭ ᠪᠤᠯᠪᠠ᠃ ᠲᠦᠷᠪᠡᠢ ᠲᠤᠭᠰᠢᠨ᠂ ᠴᠢᠩᠭᠢᠰ ᠬᠠᠭᠠᠨ ᠤ ᠵᠠᠷᠯᠢᠭ ᠢ ᠲᠠᠭᠠᠵᠤ᠂ | ᠴᠡᠷᠢᠭ ᠢᠶᠠᠨ ᠴᠢᠩᠭ᠎ᠠ ᠵᠠᠬᠢᠷᠤᠭᠠᠳ᠂ ᠪᠤᠷᠤᠬᠤᠯ ᠤᠨ ᠶᠠᠪᠤᠭᠰᠠᠨ ᠵᠠᠮ ᠢᠶᠠᠷ ᠤᠷᠤᠬᠤ ᠬᠡᠵᠤ ᠰᠦᠷ ᠦᠵᠡᠬᠦᠯᠦᠨ᠂ | ᠬᠠᠷᠢᠨ ᠰᠡᠮ ᠢᠶᠠᠷ ᠤᠯᠠᠭᠠᠨ ᠪᠤᠬ᠎ᠠ ︵ᠤᠳᠤᠬᠢ ᠪᠤᠷᠢᠶᠠᠳ ᠲᠤ ᠪᠤᠢ︶ ᠶᠢᠨ ᠬᠠᠷᠭᠤᠢ ᠪᠠᠷ ᠤᠷᠤᠭᠰᠢ ᠲᠠᠪᠰᠢᠵᠠᠢ᠃ | ᠴᠡᠷᠢᠭ ᠤᠨ ᠠᠯᠢᠪᠠ ᠪᠡᠷᠬᠡ ᠪᠠᠷᠳᠠᠭ᠎ᠠ ᠠᠴᠠ ᠵᠢᠷᠦᠬᠡ ᠰᠢᠨᠳᠠᠷᠠᠵᠤ ᠤᠷᠤᠭᠰᠢ ᠡᠰᠡ ᠲᠠᠪᠰᠢᠭᠰᠠᠳ ᠢ ᠵᠠᠨᠴᠢᠬᠤ ᠶᠢᠨ | ᠲᠤᠯᠠ ᠬᠦᠮᠦᠨ ᠪᠦᠷᠢ ᠠᠷᠪᠠᠨ ᠰᠢᠪᠰᠢᠷᠭ᠎ᠠ ᠡᠭᠦᠷᠴᠤ᠂ ᠡᠷ᠎ᠡ ᠪᠦᠷᠢ ᠰᠦᠬᠡ᠂ ᠤᠭᠤᠯᠢ᠂ ᠬᠢᠷᠦᠬᠡ᠂ ᠴᠦᠴᠡ ᠪᠡᠷ᠎ᠡ | ᠵᠡᠪᠰᠡᠭᠯᠡᠬᠡᠳ ᠤᠢ ᠮᠤᠳᠤ ᠶᠢ ᠴᠠᠪᠴᠢᠨ ᠵᠠᠮ ᠭᠠᠷᠭᠠᠵᠤ᠂ ᠠᠭᠤᠯᠠᠨ ᠤᠷᠤᠢ ᠲᠡᠭᠡᠷ᠎ᠡ ᠭᠠᠷᠤᠭᠰᠠᠨ ᠳᠤ ᠶᠠᠭ ᠯᠡ | ᠭᠡᠷ ᠤᠨ ᠲᠤᠭᠤᠨᠤ ᠪᠠᠷ ᠲᠤᠷᠤᠭᠰᠢ ᠦᠵᠡᠬᠦ ᠮᠡᠳᠣ ᠬᠤᠷᠢ ᠲᠦᠮᠡᠳ ᠤᠨ ᠨᠤᠲᠤᠭ ᠢ ᠲᠤᠳᠤᠷᠬᠠᠢ ᠬᠠᠷᠠᠭᠠᠳ᠂ | ᠪᠦᠬᠦᠳᠡᠬᠡᠷ ᠢ ᠲᠤᠳᠠᠭᠠᠬᠤ ᠶᠢᠨ ᠠᠷᠭ᠎ᠠ ᠦᠭᠡᠢ ᠪᠤᠯᠭᠠᠵᠠᠢ᠃ ᠮᠤᠩᠭᠤᠯ ᠤᠨ ᠴᠡᠷᠢᠭ ᠬᠦᠷᠴᠤ ᠤᠴᠢᠬᠤ ᠬᠡᠵᠤ ᠬᠤᠷᠢ | ᠲᠦᠮᠡᠳ ᠤᠨ ᠤᠯᠠᠨ ᠨᠤᠶᠠᠳ ᠠᠬᠠᠯᠠᠭᠴᠢᠳ ᠤᠨ ᠰᠠᠨᠠᠭᠠᠨ ᠳᠤ ᠦᠭᠡᠢ ᠪᠠᠶᠢᠭᠰᠠᠨ ᠲᠤᠯᠠ ᠲᠡᠳᠡᠨ ᠤ ᠬᠤᠭᠤᠯᠠᠨ | ᠲᠡᠭᠡᠷ᠎ᠡ ᠨᠢ ᠲᠠᠷᠤᠨ ᠤᠷᠤᠭᠠᠳ᠂ ᠰᠢᠷᠡᠭᠡᠨ ᠲᠡᠬᠡᠷ᠎ᠡ ᠠᠴᠠ ᠨᠢ ᠪᠠᠷᠢᠨ ᠠᠪᠴᠤ ᠬᠠᠷᠢᠶᠠᠳᠤ ᠤᠯᠠᠨ ᠢ ᠨᠢ ᠤᠯᠵᠠᠯᠠᠵᠠᠢ | ᠃ ᠲᠡᠭᠡᠭᠡᠳ ᠴᠢᠩᠭᠢᠰ ᠬᠠᠭᠠᠨ ᠬᠤᠷᠴᠢ ᠤᠰᠤᠨ ᠡᠪᠦᠬᠡᠨ ᠬᠤᠳᠤᠭ᠎ᠠ ᠪᠠᠬᠢ ᠬᠤᠶᠠᠷ ᠢ ᠭᠠᠷᠭᠠᠨ ᠠᠪᠴᠤ᠂ ᠬᠤᠷᠴᠢ | ᠤᠰᠤᠨ ᠡᠪᠦᠬᠡᠨ ᠳᠤ ᠬᠤᠷᠢ ᠲᠦᠮᠡᠳ ᠤᠨ ᠥᠬᠢᠨ ᠠᠴᠠ ᠭᠤᠴᠢ ᠶᠢ ᠰᠤᠩᠭᠤᠨ ᠦᠭᠴᠤ᠂ ᠬᠤᠳᠤᠬ᠎ᠠ ᠪᠠᠬᠢ ᠳᠤ | ᠪᠤᠳᠤᠬᠤᠢ ᠲᠠᠷᠭᠤᠨ ᠢ ᠬᠠᠳᠤᠨ ᠪᠤᠯᠭᠠᠵᠤ ᠰᠤᠶᠤᠷᠬᠠᠪᠠ᠃ ᠵᠢᠴᠢ ᠪᠤᠷᠤᠬᠤᠯ ᠤᠨ ᠬᠡᠦᠬᠡᠳ ᠠᠴᠢᠨᠠᠷ ᠲᠤ ᠬᠤᠷᠢ | ᠲᠦᠮᠡᠳ ᠤᠨ ᠢᠷᠭᠡᠳ ᠠᠴᠠ ᠵᠠᠭᠤ ᠶᠢ ᠦᠭᠴᠤ᠂ ᠬᠡᠷ ᠤᠨ ᠬᠢᠨᠢ ᠪᠤᠭᠤᠯ ᠪᠤᠯᠭᠠᠭᠠᠭᠳ᠄ ︽ᠪᠤᠷᠤᠬᠤᠯ ᠤᠨ | ᠬᠡᠦᠬᠡᠳ ᠠᠴᠢᠨᠠᠷ ᠦᠶ᠎ᠡ ᠶᠢᠨ ᠦᠶ᠎ᠡ ᠳᠤ ᠦᠨᠦᠴᠢᠨ ᠬᠦᠪᠡᠬᠦᠳ ᠤᠨ ᠬᠡᠰᠢᠭ ᠠᠴᠠ ᠬᠦᠷᠳᠡᠵᠤ ᠪᠠᠶᠢᠭᠠᠷᠠᠢ︕︾ | ᠬᠡᠵᠤ ᠵᠠᠷᠯᠢᠭ ᠪᠤᠯᠪᠠ᠃ ᠪᠤᠷᠤᠬᠤᠯ ᠪᠣᠯ ᠴᠢᠩᠭᠢᠰ ᠬᠠᠭᠠᠨ ᠤ ᠲᠦᠷᠪᠡᠨ ᠬᠦᠯᠦᠭ ᠤᠨ ᠲᠤᠳᠤᠷᠠᠬᠢ ᠬᠠᠮᠤᠭ ᠤᠨ | ᠵᠠᠯᠠᠭᠤ ᠨᠢ ᠪᠤᠯᠤᠨ᠎ᠠ᠃ ᠴᠢᠩᠭᠢᠰ ᠬᠠᠭᠠᠨ ᠤ ᠪᠡᠶ᠎ᠡ ᠪᠠᠷ ᠢᠶᠠᠨ ᠪᠠᠶᠢᠯᠳᠤᠭᠠᠨ ᠳᠤ ᠤᠷᠤᠯᠴᠠᠬᠤ ᠪᠦᠷᠢ ᠪᠤᠷᠤᠬᠤᠯ | ᠪᠠᠮᠪᠠᠢ ᠠᠳᠬᠤᠨ ᠬᠠᠮᠠᠭᠠᠯᠠᠳᠠᠭ᠃ ᠡᠶᠢᠮᠤ ᠠᠴᠠ ᠴᠢᠩᠭᠢᠰ ᠬᠠᠭᠠᠨ ᠪᠤᠷᠤᠬᠤᠯ ᠢ ᠦᠪᠡᠷ ᠤᠨ ᠲᠦᠷᠦᠭᠰᠡᠨ | ᠲᠡᠬᠦᠦ ᠲᠠᠢ ᠪᠡᠨ᠎ᠡ ᠠᠳᠠᠯᠢ ᠬᠠᠶᠢᠷᠠᠯᠠᠳᠠᠭ ᠪᠠᠶᠢᠵᠠᠢ᠃ | |