| | ᠴᠢᠯᠠᠭᠤᠨ ᠲᠠᠶᠢᠴᠢᠭᠤᠳ ᠠᠶᠢᠮᠠᠭ ᠤᠨ ᠰᠦᠯᠳᠦᠰᠦᠨ ᠤᠪᠤᠭᠳᠠᠨ᠃ ᠴᠢᠯᠠᠭᠤᠨ ᠤ ᠡᠴᠢᠬᠡ ᠰᠤᠷᠬᠠᠨ ᠰᠢᠷ᠎ᠠ | ᠤᠤᠯ ᠳᠠᠭᠠᠨ ᠲᠠᠶᠢᠴᠢᠭᠤᠳ ᠠᠶᠢᠮᠠᠭ ᠤᠨ ᠲᠦᠳᠦᠬᠡ ᠶᠢᠨ ᠭᠡᠷ ᠤᠨ ᠵᠠᠷᠤᠴᠠ ᠪᠠᠶᠢᠵᠠᠢ᠃ ᠴᠢᠩᠭᠢᠰ ᠬᠠᠭᠠᠨ | ᠪᠠᠭ᠎ᠠ ᠳᠠᠭᠠᠨ ᠲᠠᠶᠢᠴᠢᠭᠤᠳ ᠠᠶᠢᠮᠠᠭ ᠤᠨ ᠲᠠᠷᠭᠤᠳᠠᠢ ᠬᠢᠷᠢᠯᠳᠤᠭ ᠲᠤ ᠪᠠᠷᠢᠭᠳᠠᠭᠠᠳ ᠲᠤᠳᠠᠭᠠᠨ ᠭᠠᠷᠴᠤ᠂ | ᠤᠰᠤᠨ ᠤ ᠬᠠᠷᠭᠢ ᠳᠤ ᠬᠡᠪᠳᠡᠵᠤ ᠪᠠᠶᠢᠳᠠᠯ᠎ᠠ ᠰᠤᠷᠬᠠᠨ ᠰᠢᠷ᠎ᠠ ᠤᠯᠵᠤ ᠦᠵᠡᠭᠡᠳ᠄ ︽ᠴᠢᠮ᠎ᠡ ᠳᠤ ᠡᠨᠡ ᠮᠡᠳᠣ | ᠠᠷᠭ᠎ᠠ ᠤᠬᠠᠭᠠᠨ ᠪᠦᠷᠢᠨ ᠮᠦᠷᠳᠡᠬᠡᠨ ᠨᠢᠭᠤᠷ ᠲᠡᠭᠡᠨ ᠭᠠᠯ ᠲᠠᠢ᠂ ᠨᠢᠳᠦᠨ ᠳᠡᠭᠡᠨ ᠴᠤᠭ ᠲᠠᠢ ᠲᠤᠯᠠ ᠲᠠᠶᠢᠴᠢᠭᠤᠳ | ᠠᠬ᠎ᠠ ᠲᠡᠬᠦᠦ ᠨᠠᠷ ᠲᠠᠭᠠᠨ ᠡᠶᠢᠨ ᠬᠦ ᠠᠳᠠᠭᠠᠷᠬᠠᠬᠤ ᠠᠵᠢ᠃ ᠴᠢ ᠢᠩᠭᠢᠵᠤ ᠬᠡᠪᠳᠡᠵᠤ ᠪᠠᠶᠢᠭᠠᠷᠠᠢ᠂ ᠪᠢ ᠴᠢᠮ᠎ᠡ ᠶᠢ | ᠵᠢᠭᠠᠵᠤ ᠦᠭᠭᠦ ᠦᠭᠡᠢ︾ ᠭᠡᠳ ᠦᠩᠭᠡᠷᠡᠨ ᠭᠠᠷᠪᠠ᠃ ᠲᠠᠷᠭᠤᠳᠠᠢ ᠬᠢᠷᠢᠯᠳᠤᠭ ᠲᠠᠬᠢᠵᠤ ᠬᠡᠷᠬᠢᠨ ᠡᠷᠢᠬᠦ ᠶᠢ | ᠵᠦᠪᠯᠡᠬᠦ ᠳᠤ ᠰᠤᠷᠬᠠᠨ ᠰᠢᠷ᠎ᠠ᠄ ︽ᠬᠦᠮᠦᠨ ᠪᠦᠷᠢ ᠶᠠᠪᠤᠭᠰᠠᠨ ᠮᠦᠷ ᠢᠶᠠᠷ ᠢᠶᠠᠨ ᠬᠡᠳᠡᠷᠬᠦ ᠶᠠᠪᠣᠵᠤ᠂ ᠨᠡᠩᠵᠢᠭᠰᠡᠨ | ᠦᠭᠡᠢ ᠭᠠᠵᠠᠷ ᠢᠶᠠᠷ ᠲᠠᠬᠢᠨ ᠰᠢᠬᠦᠵᠤ ᠡᠷᠢᠶ᠎ᠡ︾ ᠬᠡᠰᠡᠨ ᠳᠤ ︽ᠵᠠ︕︾ ᠬᠡᠵᠤ ᠵᠦᠪᠰᠢᠶᠡᠷᠡᠬᠡᠳ᠂ ᠬᠦᠮᠦᠨ | ᠪᠦᠷᠢ ᠶᠠᠪᠤᠭᠰᠠᠨ ᠮᠦᠷ ᠢᠶᠠᠷ ᠢᠶᠠᠨ ᠲᠠᠬᠢᠨ ᠶᠠᠪᠤᠵᠤ ᠡᠷᠢᠪᠡ᠃ ᠡᠨᠡ ᠦᠶ᠎ᠡ ᠳᠤ ᠮᠦᠨ ᠰᠤᠷᠬᠠᠨ ᠰᠢᠷ᠎ᠠ | ᠲᠠᠭᠠᠷᠠᠯᠳᠣᠵᠣ᠄ ︽ᠲᠠᠶᠢᠴᠢᠭᠤᠳ ᠠᠬ᠎ᠠ ᠲᠡᠬᠦᠦ ᠨᠠᠷ ᠴᠢᠨᠢ ᠠᠷᠠᠭᠠᠨ ᠰᠢᠳᠣ ᠪᠠᠨ ᠪᠢᠯᠡᠬᠦᠳᠡᠵᠤ ᠶᠠᠪᠤᠵᠤ ᠪᠤᠢ᠃ | ᠴᠢ ᠬᠠᠳᠠᠭᠤᠵᠢᠨ ᠬᠡᠪᠳᠡᠵᠤ ᠪᠤᠢ︕︾ ᠭᠡᠳ ᠦᠩᠭᠡᠷᠡᠵᠤ ᠭᠠᠷᠪᠠ᠃ ᠲᠡᠭᠡᠭᠡᠳ ᠲᠠᠬᠢᠵᠤ ᠮᠦᠨ ᠬᠡᠷᠬᠢᠨ ᠡᠷᠢᠬᠦ ᠶᠢ | ᠵᠦᠪᠯᠡᠯᠳᠦᠬᠦ ᠳᠤ ᠰᠤᠷᠬᠠᠨ ᠰᠢᠷ᠎ᠠ᠄ ︽ᠲᠠᠨ ᠤ ᠲᠠᠶᠢᠴᠢᠭᠤᠳ ᠬᠡᠭᠡᠨ ᠡᠳᠦᠷ ᠭᠡᠷᠡᠯᠳᠣ ᠨᠠᠷᠠᠨ ᠤ ᠲᠤᠤᠷ᠎ᠠ᠂ | ᠪᠤᠰᠤᠭ᠎ᠠ ᠬᠦᠮᠦᠨ ᠢ ᠠᠯᠳᠠᠭᠠᠳ ᠳ᠋ᠤᠬᠡ ᠬᠠᠷᠠᠩᠭᠤᠢ ᠰᠦᠨᠢ ᠬᠠᠮᠢᠭ᠎ᠠ ᠠᠴᠠ ᠣᠯᠬᠤ ᠨᠢ ᠪᠤᠢ︖ ᠬᠦᠮᠦᠨ ᠪᠦᠷᠢ | ᠶᠠᠪᠤᠭᠰᠠᠨ ᠮᠦᠷ ᠢᠶᠠᠷ ᠢᠶᠠᠨ ᠪᠠᠰᠠ ᠨᠢᠭᠡ ᠤᠳᠠᠭ᠎ᠠ ᠰᠢᠬᠦᠨ ᠦᠵᠡᠵᠤ ᠲᠠᠷᠬᠠᠭᠠᠳ ᠮᠠᠷᠭᠠᠰᠢ ᠴᠤᠭᠯᠠᠷᠠᠵᠤ ᠡᠷᠢᠶ᠎ᠡ᠃ | ᠲᠦᠩᠭᠡ ᠲᠠᠢ ᠬᠦᠮᠦᠨ ᠬᠠᠮᠢᠭ᠎ᠠ ᠤᠴᠢᠬᠤ ᠪᠤᠢ︖︾ ᠬᠡᠰᠡᠨ ᠳᠤ ᠪᠦᠬᠦᠳᠡᠬᠡᠷ ︽ᠵᠠ︾ ᠬᠡᠵᠡᠬᠡᠵᠤ ᠪᠤᠴᠠᠵᠤ | ᠡᠷᠢᠬᠦ ᠪᠠᠷ ᠶᠠᠪᠤᠪᠠ᠃ ᠰᠤᠷᠬᠠᠨ ᠰᠢᠷ᠎ᠠ ᠪᠠᠰᠠ ᠲᠠᠭᠠᠷᠢᠨ ᠢᠷᠡᠵᠤ᠄ ︽ᠤᠳᠤ ᠨᠢᠭᠡ ᠤᠳᠠᠭ᠎ᠠ ᠡᠷᠢᠬᠡᠳ ᠲᠠᠷᠬᠠᠵᠤ᠂ | ᠮᠠᠷᠭᠠᠰᠢ ᠡᠷᠢᠬᠦ ᠪᠠᠷ ᠪᠤᠯᠵᠤᠪᠠ᠃ ᠦᠨᠦ ᠮᠠᠨ ᠢ ᠲᠠᠷᠬᠠᠮᠠᠭᠴᠠ ᠡᠵᠢ ᠪᠤᠯᠤᠨ ᠲᠡᠬᠦᠦ ᠨᠠᠷ ᠢᠶᠠᠨ ᠡᠷᠢᠬᠦ ᠪᠠᠷ ᠶᠠᠪᠤ᠃ | ᠬᠡᠷᠪᠡ ᠬᠦᠮᠦᠨ ᠳᠤ ᠲᠤᠬᠢᠶᠠᠯᠳᠤᠪᠠᠯ ᠨᠠᠮᠠᠢᠢ ᠦᠵᠡᠪᠡ ᠬᠡᠵᠤ ᠪᠢᠳᠡᠬᠡᠢ ᠬᠡᠯᠡᠩᠳᠦᠨ︕︾ ᠬᠡᠵᠤ ᠲᠡᠮᠦᠵᠢᠨ ᠳᠤ | ᠬᠡᠯᠡᠬᠡᠳ ᠦᠩᠭᠡᠷᠡᠵᠤ ᠭᠠᠷᠪᠠ᠃ ᠲᠡᠳᠡᠨ ᠢ ᠲᠠᠷᠬᠠᠮᠠᠭᠴᠠ ᠲᠡᠮᠦᠵᠢᠨ ︽ᠲᠦᠷᠦᠬᠦᠦ ᠬᠡᠳᠦᠨ ᠡᠳᠦᠷ ᠠᠶᠢᠯ ᠬᠡᠰᠦᠵᠤ | ᠬᠤᠨᠤᠬᠤ ᠳᠤ ᠰᠤᠷᠬᠠᠨ ᠰᠢᠷ᠎ᠠ ᠶᠢᠨ ᠬᠡᠷ ᠲᠤ ᠬᠤᠨᠤᠪᠠᠯ ᠲᠡᠬᠦᠨ ᠤ ᠬᠦᠪᠡᠬᠦᠨ ᠴᠢᠮᠪᠠᠢ᠂ ᠴᠢᠯᠠᠭᠤᠨ ᠬᠤᠶᠠᠷ ᠨᠠᠮᠠᠢᠢ | ᠦᠷᠦ ᠡᠪᠡᠳᠦᠨ ᠬᠠᠶᠢᠷᠠᠯᠠᠵᠤ ᠰᠦᠨᠢ ᠪᠦᠷᠢ ᠬᠢᠨᠵᠢ ᠭᠠᠪᠠ ᠶᠢ ᠮᠢᠨᠢ ᠰᠤᠯᠠᠯᠠᠨ ᠥᠭᠴᠤ ᠬᠤᠨᠤᠭᠤᠯᠬᠤ ᠪᠢᠯᠡ᠃ | ᠡᠳᠦᠬᠡ ᠪᠠᠰᠠ ᠰᠤᠷᠬᠠᠨ ᠰᠢᠷ᠎ᠠ ᠨᠠᠮᠠᠢᠢ ᠦᠵᠡᠵᠤ ᠪᠠᠶᠢᠭᠠᠳ ᠵᠢᠭᠠᠵᠤ ᠦᠭᠭᠦᠭᠰᠡᠨ ᠦᠭᠡᠢ ᠦᠩᠭᠡᠷᠡᠪᠡ᠃ ᠲᠡᠳᠡ | ᠨᠠᠮᠠᠢᠢ ᠠᠪᠤᠷᠠᠵᠤ ᠮᠡᠳᠡᠨ᠎ᠡ︾ ᠬᠡᠵᠤ ᠪᠤᠳᠤᠭᠠᠳ ᠰᠤᠷᠬᠠᠨ ᠰᠢᠷ᠎ᠠ ᠶᠢᠨ ᠬᠡᠷ ᠢ ᠴᠢᠭᠯᠡᠨ ᠤᠨᠤᠨ ᠮᠦᠷᠡᠨ ᠦᠬᠡᠳᠡ | ᠶᠠᠪᠤᠪᠠ᠃ ᠰᠤᠷᠬᠠᠨ ᠰᠢᠷ᠎ᠠ ᠶᠢᠨ ᠬᠡᠷ ᠨᠢ ᠦᠷᠬᠦᠯᠵᠢ ᠰᠦᠨᠢ ᠲᠦᠯᠢ ᠦᠩᠭᠡᠷᠡᠳᠡᠯ᠎ᠡ ᠬᠡᠬᠦᠦ ᠶᠢᠨ ᠰᠦ ᠪᠡᠨ᠎ᠡ | ᠰᠠᠮᠤᠷᠴᠤ ᠠᠶᠢᠷᠠᠭ ᠢᠶᠠᠨ ᠪᠦᠯᠢᠬᠦ ᠶᠢ ᠲᠡᠮᠦᠵᠢᠨ ᠮᠡᠳᠡᠬᠦ ᠲᠤᠯᠠ ᠪᠠᠶᠢᠨ ᠪᠠᠶᠢᠨ ᠰᠤᠨᠤᠰᠳᠠᠬᠤ ᠪᠦᠯᠢᠬᠦᠷ ᠤᠨ | ᠴᠢᠮᠡᠭᠡ ᠶᠢ ᠴᠢᠩᠨᠠᠭᠰᠠᠭᠠᠷ ᠬᠦᠷᠴᠤ ᠤᠴᠢᠭᠰᠠᠨ ᠳᠤ ᠰᠤᠷᠬᠠᠨ ᠰᠢᠷ᠎ᠠ᠄ ︽ᠪᠢ ᠴᠢᠮ᠎ᠡ ᠳᠤ ᠡᠬᠡ ᠪᠠ ᠲᠡᠬᠦᠦ | ᠨᠠᠷ ᠢᠶᠠᠨ ᠡᠷᠢᠬᠦ ᠪᠡᠷ᠎ᠡ ᠶᠠᠪᠤ ᠬᠡᠰᠡᠨ ᠪᠢᠰᠢᠦ᠂ ᠶᠠᠭᠤᠨ ᠳᠤ ᠠᠳᠡ ᠢᠷᠡᠪᠡ︖︾ ᠭᠡᠪᠡ᠃ ᠲᠡᠬᠦᠨ ᠤ ᠬᠦᠪᠡᠬᠦᠨ | ᠴᠢᠮᠪᠠᠢ᠂ ᠴᠢᠯᠠᠭᠤᠨ ᠬᠤᠶᠠᠷ᠄ ︽ᠪᠤᠯᠵᠤᠮᠤᠷ ᠰᠢᠪᠠᠭᠤ᠂ ᠪᠦᠷᠬᠦᠳ ᠠᠴᠠ ᠲᠤᠳᠠᠭᠠᠵᠤ ᠪᠤᠳᠠ ᠶᠢᠨ ᠢᠷᠤᠭᠠᠷ ᠲᠤ | ᠰᠢᠷᠭᠤᠪᠠᠯ ᠪᠤᠳᠠ ᠲᠡᠬᠦᠨ ᠢ ᠬᠠᠮᠠᠭᠠᠯᠠᠵᠤ ᠠᠪᠤᠷᠠᠬᠤ ᠪᠠᠶᠢᠳᠠᠯ᠎ᠠ᠂ ᠤᠳᠤ ᠪᠢᠳᠡᠨ ᠳᠤ ᠬᠦᠮᠦᠨ ᠬᠤᠷᠭᠤᠳᠠᠵᠤ | ᠢᠷᠡᠬᠦ ᠳᠤ ᠴᠢᠩᠭᠢᠵᠤ ᠬᠡᠯᠡᠵᠤ ᠶᠠᠭᠠᠬᠢᠨ ᠪᠣᠯᠬᠤ ᠪᠣᠢ︖︾ ᠬᠡᠵᠤ ᠡᠴᠢᠬᠡ ᠪᠡᠨ᠎ᠡ ᠪᠤᠷᠤᠭᠤᠰᠢᠶᠠᠵᠤ᠂ ᠭᠠᠪᠠ | ᠬᠢᠨᠵᠢ ᠶᠢ ᠨᠢ ᠡᠪᠳᠡᠵᠤ ᠬᠠᠶᠠᠭᠠᠳ ᠲᠡᠮᠦᠵᠢᠨ ᠢ ᠨᠤᠤᠰᠤᠨ ᠲᠡᠷᠬᠡᠨ ᠲᠤᠳᠣᠷ᠎ᠠ ᠪᠠᠨ ᠨᠢᠭᠤᠵᠤ᠂ ᠬᠠᠳᠠᠭᠠᠨ ᠨᠡᠷᠡᠳᠣ | ᠥᠬᠢᠨ ᠲᠡᠬᠦᠦ ᠪᠠᠷ ᠢᠶᠠᠨ ᠠᠰᠠᠷᠠᠭᠤᠯᠪᠠ᠃ ᠮᠠᠷᠭᠠᠰᠢ ᠦᠷᠯᠦᠬᠡ ᠨᠢ ᠲᠠᠶᠢᠴᠢᠭᠤᠳ ᠡᠷᠳᠡᠯᠡᠨ ᠪᠤᠰᠴᠤ ︽ᠭᠠᠪᠠ | ᠬᠢᠨᠵᠢ ᠲᠠᠢ ᠬᠦᠮᠦᠨ ᠬᠡᠳᠦᠢ ᠬᠤᠯᠠ ᠶᠠᠪᠤᠵᠤ ᠲᠡᠶᠢᠯᠬᠦ ᠪᠢᠯᠡ᠃ ᠯᠠᠪ ᠮᠠᠨᠠᠶᠢᠬᠢᠨ ᠨᠢᠭᠤᠭᠰᠠᠨ ᠪᠢᠵᠡ᠃ ᠦᠪᠡᠷ | ᠵᠠᠭᠤᠷ᠎ᠠ ᠶᠢᠨ ᠠᠶᠢᠯ ᠤᠳ ᠢᠶᠠᠨ ᠨᠡᠩᠵᠢᠶ᠎ᠡ︾ ᠬᠡᠵᠤ ᠠᠶᠢᠯ ᠪᠦᠷᠢ ᠶᠢ ᠨᠡᠩᠵᠢᠭᠰᠡᠬᠡᠷ ᠰᠤᠷᠬᠠᠨ ᠰᠢᠷ᠎ᠠ ᠶᠢᠨ ᠳᠤ | ᠢᠷᠡᠵᠤ᠂ ᠬᠡᠷ ᠲᠡᠷᠬᠡ ᠶᠢ ᠨᠢ ᠨᠡᠩᠵᠢᠭᠰᠡᠬᠡᠷ ᠨᠤᠤᠰᠤᠨ ᠲᠡᠷᠬᠡᠨ ᠳᠤ ᠬᠦᠷᠦᠬᠡᠳ ᠠᠮᠠᠰᠠᠷ ᠲᠡᠰᠬᠦᠢ ᠨᠤᠤᠰᠤ ᠶᠢ | ᠲᠠᠳᠠᠵᠤ ᠲᠡᠮᠦᠵᠢᠨ ᠤ ᠭᠦᠯ ᠳᠤ ᠬᠦᠷᠦᠭᠰᠡᠨ᠎ᠡ ᠰᠤᠷᠬᠠᠨ ᠰᠢᠷ᠎ᠠ᠄ ︽ᠡᠶᠢᠮᠤ ᠬᠠᠯᠠᠭᠤᠨ ᠴᠠᠭ ᠲᠤ ᠨᠤᠤᠰᠤᠨ | ᠲᠤᠳᠤᠷ᠎ᠠ ᠠᠮᠢᠳᠣ ᠬᠦᠮᠦᠨ ᠶᠠᠭᠠᠬᠢᠨ ᠪᠠᠶᠢᠵᠤ ᠪᠣᠯᠬᠤ ᠪᠤᠢ︖ ᠰᠡᠳᠬᠢᠯ ᠢᠶᠠᠨ ᠬᠠᠨᠤᠳᠠᠯ᠎ᠠ ᠡᠷᠢ︾ ᠬᠡᠪᠡ᠃ | ᠨᠡᠩᠵᠢᠬᠦᠯ ᠤᠨ ᠬᠦᠮᠦᠰ ᠦᠨᠡᠮᠰᠢᠬᠡᠳ ᠲᠠᠷᠬᠠᠨ ᠶᠠᠪᠤᠪᠠ᠃ ᠲᠡᠳᠡᠨ ᠢ ᠶᠠᠪᠤᠭᠰᠠᠨ ᠤ ᠬᠤᠶᠢᠨ᠎ᠡ᠂ ᠰᠤᠷᠬᠠᠨ ᠰᠢᠷ᠎ᠠ | ᠲᠡᠮᠦᠵᠢᠨ ᠢ ᠨᠤᠤᠰᠤᠨ ᠲᠡᠷᠬᠡᠨ ᠠᠴᠠ ᠭᠠᠷᠭᠠᠭᠠᠳ᠄ ︽ᠴᠢ ᠨᠠᠮᠠᠢᠢ ᠦᠨᠡᠰᠤ ᠪᠤᠯᠭᠠᠨ ᠬᠡᠶᠢᠰᠬᠡᠬᠦ ᠠᠯᠳᠠᠪᠠ᠃ ᠤᠳᠤ | ᠲᠠᠷᠤᠢ ᠡᠬᠡ ᠬᠢᠬᠡᠳ ᠲᠡᠬᠦᠦ ᠨᠠᠷ ᠢᠶᠠᠨ ᠡᠷᠢᠬᠦ ᠪᠠᠷ ᠶᠠᠪᠤ︕︾ ᠬᠡᠵᠤ ᠠᠮᠠ ᠴᠠᠭᠠᠨ ᠡᠷᠮᠡᠭ ᠬᠤᠯᠠᠨᠴᠢ ᠬᠡᠬᠦᠦ ᠪᠠᠨ | ᠤᠨᠤᠭᠤᠯᠵᠤ ᠡᠮᠡᠬᠡᠯ ᠤᠨ ᠭᠠᠨᠵᠤᠭ᠎ᠠ ᠳᠤᠨᠢ ᠲᠠᠷᠭᠤᠨ ᠬᠤᠷᠠᠭᠠᠨ ᠮᠢᠬ᠎ᠠ᠂ ᠬᠦᠬᠦᠦᠷ ᠲᠠᠢ ᠠᠶᠢᠷᠠᠭ ᠲᠡᠬᠦᠵᠢᠯᠡᠬᠡᠳ | ᠶᠠᠪᠤᠭᠤᠯᠪᠠ᠃ 1200 ᠣᠨ ᠳᠤ ᠴᠢᠩᠭᠢᠰ ᠬᠠᠭᠠᠨ ᠤᠨᠤᠨ ᠮᠦᠷᠡᠨ ᠤ ᠬᠦᠪᠡᠬᠡᠨ᠎ᠡ ᠲᠠᠶᠢᠴᠢᠭᠤᠳ ᠠᠶᠢᠮᠠᠭ ᠢ | ᠪᠠᠶᠢᠯᠳᠣᠨ ᠰᠦᠨᠦᠬᠡᠬᠦ ᠦᠶᠡᠰ᠂ ᠲᠦᠷᠪᠡᠭᠰᠡᠨ ᠢᠷᠬᠡᠳ ᠢ ᠨᠡᠬᠡᠮᠵᠢᠯᠡᠨ ᠶᠠᠪᠤᠵᠤ ᠪᠠᠶᠢᠳᠠᠯ᠎ᠠ ᠲᠡᠪᠠᠭᠠᠨ ᠤ ᠤᠷᠤᠢ | ᠲᠡᠬᠡᠷ᠎ᠡ ᠤᠯᠠᠭᠠᠨ ᠲᠡᠪᠡᠯ ᠲᠠᠢ ᠨᠢᠭᠡᠨ ᠪᠦᠰᠡᠬᠦᠢ ᠲᠠᠭᠤᠨ ᠲᠠᠯᠪᠢᠨ ᠤᠬᠢᠯᠠᠵᠤ᠄ ︽ᠲᠡᠮᠦᠵᠢᠨ︾ ᠬᠡᠮᠡᠨ ᠬᠠᠰᠬᠢᠷᠴᠤ | ᠪᠠᠶᠢᠬᠤ ᠰᠤᠨᠤᠰᠳᠠᠪᠠ᠃ ᠴᠢᠩᠭᠢᠰ ᠬᠠᠭᠠᠨ ᠬᠦᠮᠦᠨ ᠶᠠᠪᠤᠭᠤᠯᠵᠤ ᠤᠴᠢᠷ ᠢ ᠠᠰᠠᠭᠤᠯᠭᠠᠭᠰᠠᠨ ᠳᠤ ᠲᠡᠷᠡ ᠪᠦᠰᠡᠬᠦᠢ | ᠄ ︽ᠪᠢ ᠪᠣᠯ ᠰᠤᠷᠬᠠᠨ ᠰᠢᠷ᠎ᠠ ᠶᠢᠨ ᠥᠬᠢᠨ ᠬᠠᠳᠠᠭᠠᠨ ᠶᠤᠮ᠃ ᠮᠢᠨᠤ ᠨᠦᠬᠦᠷ ᠴᠡᠷᠢᠭ ᠲᠤ ᠪᠠᠷᠢᠭᠳᠠᠵᠤ ᠠᠯᠠᠭᠳᠠᠬᠤ | ᠬᠡᠵᠤ ᠪᠠᠶᠢᠬᠤ ᠲᠤᠯᠠ ᠲᠡᠮᠦᠵᠢᠨ ᠢ ᠬᠠᠰᠬᠢᠷᠴᠤ ᠠᠪᠤᠷᠠᠭᠤᠯᠬᠤ ᠬᠡᠰᠡᠨ ᠪᠢᠯᠡ︕︾ ᠬᠡᠪᠡ᠃ ᠴᠢᠩᠭᠢᠰ ᠬᠠᠭᠠᠨ | ᠡᠭᠦᠨ ᠢ ᠰᠤᠨᠤᠰᠮᠠᠭᠴᠠ ᠲᠠᠷᠤᠢ ᠨᠦᠬᠦᠷ ᠢ ᠨᠢ ᠠᠪᠤᠷᠠᠬᠤ ᠪᠡᠷ᠎ᠡ ᠲᠠᠪᠬᠢᠨ ᠤᠴᠢᠭᠰᠠᠨ ᠪᠤᠯᠪᠠᠴᠤ ᠡᠰᠡ ᠵᠠᠪᠳᠤᠪᠠ᠃ | ᠲᠡᠭᠡᠭᠡᠳ ᠬᠠᠳᠠᠭᠠᠨ ᠤ ᠤᠷᠢᠳᠣ ᠶᠢᠨ ᠠᠴᠢ ᠶᠢ ᠨᠢ ᠰᠠᠨᠠᠭᠠᠯᠵᠠᠭᠠᠳ ᠤᠷᠳᠤᠨ ᠳᠠᠭᠠᠨ ᠤᠷᠢᠨ ᠠᠪᠠᠴᠢᠵᠤ᠂ | ᠰᠠᠭᠤᠳᠠᠯ ᠬᠠᠶᠢᠷᠠᠯᠠᠭᠰᠠᠨ ᠪᠠᠶᠢᠨ᠎ᠠ᠃ ᠲᠠᠷᠠᠭ᠎ᠠ ᠡᠳᠦᠷ ᠨᠢ ᠰᠤᠷᠬᠠᠨ ᠰᠢᠷ᠎ᠠ ᠪᠠᠰᠠ ᠴᠢᠯᠠᠭᠤᠨ᠂ ᠴᠢᠮᠪᠠᠢ᠂ ᠬᠤᠶᠠᠷ | ᠬᠦᠪᠡᠬᠦᠨ ᠢᠶᠠᠨ ᠲᠠᠭᠠᠭᠤᠯᠵᠤ᠂ ᠴᠢᠩᠭᠢᠰ ᠬᠠᠭᠠᠨ ᠳᠤ ᠲᠠᠭᠠᠷ᠎ᠠ ᠢᠷᠡᠪᠡ᠃ ᠴᠢᠩᠭᠢᠰ ᠬᠠᠭᠠᠨ᠄ ︽ᠭᠥᠵᠥᠭᠦᠨ ᠳᠤ | ᠮᠢᠨᠢ ᠤᠭᠯᠠᠭᠰᠠᠨ ᠬᠦᠨᠳᠤ ᠮᠤᠳᠤ ᠶᠢ ᠬᠦᠰᠡᠷ ᠬᠠᠶᠠᠭᠰᠠᠨ ᠵᠠᠬ᠎ᠠ ᠳᠤ ᠮᠢᠨᠢ ᠤᠭᠯᠠᠭᠰᠠᠨ ᠵᠠᠭᠠᠳᠠᠰᠤ ᠲᠦᠩᠭᠡ ᠶᠢ | ᠵᠠᠶᠢᠯᠠᠭᠤᠯᠵᠤ ᠦᠭᠭᠦᠭᠰᠡᠨ ᠡᠴᠢᠬᠡ ᠮᠡᠳᠣ ᠠᠴᠢᠳᠣ ᠡᠷᠬᠢᠮ ᠲᠠ ᠨᠠᠷ ᠢᠩᠭᠢᠵᠤ ᠶᠠᠭᠤᠨ ᠳᠤ ᠶᠡᠭᠡ ᠬᠤᠵᠢᠮᠳᠠᠵᠤ | ᠢᠷᠡᠪᠡ︖︾ ᠬᠡᠰᠡᠨ ᠳᠤ ᠰᠤᠷᠬᠠᠨ ᠰᠢᠷ᠎ᠠ᠄ ︽ᠪᠢ ᠴᠢᠮ᠎ᠡ ᠳᠤ ᠲᠤᠳᠤᠷ᠎ᠠ ᠪᠠᠨ ᠭᠦᠨ ᠢᠳᠡᠷᠬᠡᠭᠰᠡᠭᠡᠷ ᠪᠠᠶᠢᠭᠰᠠᠨ | ᠪᠢᠯᠡ᠃ ᠶᠠᠭᠠᠷᠠᠭᠠᠳ ᠶᠠᠭᠠᠬᠢᠬᠤ ᠪᠤᠢ︖ ᠬᠡᠷᠪᠡ ᠶᠠᠭᠠᠷᠠᠵᠤ ᠤᠷᠢᠳ ᠢᠷᠡᠪᠡᠰᠣ ᠲᠠᠶᠢᠴᠢᠭᠤᠳ ᠤᠨ ᠨᠤᠶᠠᠳ᠂ | ᠮᠢᠨᠤ ᠬᠤᠴᠤᠷᠤᠭᠰᠠᠨ ᠡᠮ᠎ᠡ᠂ ᠬᠦᠪᠡᠬᠦᠳ ᠪᠠ ᠠᠳᠤᠭᠤ ᠮᠠᠯ ᠢ ᠦᠨᠡᠰᠦ ᠪᠣᠯᠭᠠᠨ ᠬᠡᠶᠢᠰᠬᠡᠬᠦ ᠮᠠᠭᠠᠳ ᠲᠤᠯᠠ ᠪᠢᠳᠡ | ᠶᠠᠭᠠᠷᠠᠭᠰᠠᠨ ᠦᠭᠡᠢ ᠶᠤᠮ᠃ ᠡᠳᠦᠬᠡ ᠬᠠᠭᠠᠨ ᠳᠤ ᠨᠡᠶᠢᠯᠡᠵᠤ ᠢᠷᠡᠪᠡ︾ ᠬᠡᠪᠡ᠃ ᠡᠨᠡ ᠦᠬᠡ ᠶᠢ ᠰᠤᠨᠤᠰᠤᠭᠠᠳ | ᠴᠢᠩᠭᠢᠰ ᠬᠠᠭᠠᠨ ︽ᠵᠦᠪ︾ ᠭᠡᠵᠠᠢ᠃ 1206 ᠣᠨ ᠳᠤ ᠴᠢᠩᠭᠢᠰ ᠬᠠᠭᠠᠨ ᠮᠤᠩᠭᠤᠯ ᠤᠨ ᠤᠯᠠᠨ ᠠᠶᠢᠮᠠᠭ ᠢ | ᠨᠢᠭᠡᠳᠬᠡᠵᠤ᠂ ᠤᠯᠤᠰ ᠪᠠᠶᠢᠭᠤᠯᠬᠤ ᠳᠤ ᠵᠢᠳᠬᠦᠭᠰᠡᠨ ᠭᠠᠪᠢᠶᠠᠳᠠᠨ ᠰᠠᠶᠢᠳ ᠢᠶᠠᠨ ᠱᠠᠩᠨᠠᠬᠤ ᠦᠶᠡᠰ ᠰᠤᠷᠬᠠᠨ ᠰᠢᠷ᠎ᠠ | ᠂ ᠴᠢᠯᠠᠭᠤᠨ᠂ ᠴᠢᠮᠪᠠᠢ ᠶᠢ ᠴᠦᠮ ᠮᠢᠩᠭᠠᠨ ᠤ ᠨᠤᠶᠠᠨ ᠡᠷᠬᠦᠮᠵᠢᠯᠡᠵᠤ᠄ ︽ᠨᠠᠮᠠᠢᠢ ᠦᠴᠦᠬᠡᠨ ᠴᠠᠭ ᠲᠤ᠂ | ᠲᠠᠶᠢᠴᠢᠭᠤᠳ ᠤᠨ ᠲᠠᠷᠭᠤᠳᠠᠢ ᠬᠢᠷᠢᠯᠳᠤᠭ᠂ ᠠᠬ᠎ᠠ ᠲᠡᠬᠦᠦ ᠨᠠᠷ ᠲᠠᠢ ᠪᠠᠨ ᠨᠡᠶᠢᠯᠡᠵᠤ ᠠᠳᠠᠭᠠᠷᠬᠠᠭᠠᠳ ᠪᠠᠷᠢᠬᠤ | ᠴᠠᠭ ᠲᠤ᠂ ᠲᠠ ᠨᠠᠷ ᠨᠤᠤᠰᠤᠨ ᠲᠡᠷᠬᠡᠨ ᠲᠤᠳᠤᠷ᠎ᠠ ᠪᠡᠨ᠎ᠡ ᠨᠢᠭᠤᠵᠤ᠂ ᠥᠬᠢᠨ ᠬᠠᠳᠠᠭᠠᠨ ᠢᠶᠠᠷ ᠢᠶᠠᠨ ᠠᠰᠠᠷᠠᠭᠤᠯᠵᠤ | ᠪᠠᠶᠢᠭᠠᠳ ᠲᠠᠯᠪᠢᠵᠤ ᠶᠠᠪᠤᠭᠤᠯᠤᠭᠰᠠᠨ ᠪᠢᠰᠢᠦ︖ ᠲᠠᠨ ᠤ ᠲᠡᠷᠡ ᠠᠴᠢ ᠭᠠᠪᠢᠶ᠎ᠠ ᠶᠢ ᠴᠢᠨᠢ ᠪᠢ ᠬᠠᠷᠠᠩᠭᠤᠢ ᠰᠦᠨᠢ | ᠵᠡᠬᠦᠳᠦᠨ ᠳᠡᠭᠡᠨ ᠪᠤᠳᠤᠵᠤ᠂ ᠬᠡᠭᠡᠨ ᠡᠳᠦᠷ ᠴᠡᠬᠡᠵᠢᠨ ᠳᠡᠭᠡᠨ ᠰᠠᠨᠠᠭᠰᠠᠭᠠᠷ ᠶᠠᠪᠤᠭᠰᠠᠨ ᠪᠢᠯᠡ᠃ ᠲᠠᠷᠠᠭ᠎ᠠ ᠨᠢ | ᠲᠠᠶᠢᠴᠢᠭᠤᠳ ᠠᠴᠠ ᠨᠠᠳᠠ ᠪᠠᠭ᠋ᠠᠨ ᠤᠳᠠᠵᠤ ᠢᠷᠡᠪᠡ᠃ ᠤᠳᠤ ᠲᠠᠨ ᠳᠤ ᠰᠤᠶᠤᠷᠬᠠᠯ ᠢ ᠦᠭᠭᠦᠶ᠎ᠡ᠃ ᠶᠠᠮᠠᠷ | ᠰᠤᠶᠤᠷᠬᠠᠯ ᠢ ᠬᠦᠰᠡᠵᠤ ᠪᠠᠶᠢᠨ᠎ᠠ ᠪᠤᠢ︖︾ ᠬᠡᠰᠡᠨ ᠳᠤ ᠰᠤᠷᠬᠠᠨ ᠰᠢᠷ᠎ᠠ ᠪᠠ ᠲᠡᠬᠦᠨ ᠤ ᠬᠦᠪᠡᠬᠦᠨ ᠴᠢᠯᠠᠭᠤᠨ᠂ | ᠴᠢᠮᠪᠠᠢ᠄ ︽ᠪᠢᠳᠡ ᠮᠡᠷᠬᠢᠳ ᠤᠨ ᠨᠤᠲᠤᠭ ᠰᠡᠯᠡᠩᠭᠡ ᠳᠤ ᠲᠠᠷᠬᠠᠨ ᠲᠤᠷ᠎ᠠ ᠪᠠᠷ ᠨᠤᠲᠤᠭᠯᠠᠬᠤ ᠶᠢ ᠬᠦᠰᠡᠨ᠎ᠡ᠃ | ᠦᠬᠡᠷ᠎ᠡ ᠶᠠᠮᠠᠷ ᠬᠡᠰᠢᠭ ᠬᠦᠷᠳᠡᠬᠡᠬᠦ ᠶᠢ ᠬᠠᠭᠠᠨ ᠦᠪᠡᠷ ᠢᠶᠠᠨ ᠮᠡᠳᠡᠳᠦᠬᠡᠢ︕︾ ᠬᠡᠪᠡ᠃ ᠡᠬᠦᠨ ᠳᠤ ᠴᠢᠩᠭᠢᠰ | ᠬᠠᠭᠠᠨ᠄ ︽ᠲᠡᠭᠡᠪᠡᠯ ᠮᠡᠷᠬᠢᠳ ᠤᠨ ᠭᠠᠵᠠᠷ ᠰᠡᠯᠡᠩᠭᠡ ᠶᠢᠨ ᠨᠤᠲᠤᠭ ᠲᠤ ᠲᠠᠷᠬᠠᠯᠠᠵᠤ᠂ ᠤᠷᠤᠭ ᠤᠨ ᠤᠷᠤᠭ | ᠬᠦᠷᠳᠡᠯ᠎ᠡ ᠨᠤᠲᠤᠭ ᠤᠷᠤᠨ ᠢᠶᠠᠨ ᠡᠵᠡᠮᠰᠢᠨ᠂ ᠨᠤᠮᠤ ᠰᠤᠮᠤ ᠪᠠᠨ ᠠᠭᠰᠠᠵᠤ᠂ ᠬᠤᠷᠢᠮ ᠨᠠᠶᠢᠷ ᠬᠢᠵᠤ᠂ ᠬᠤᠨᠳᠠᠭ᠎ᠠ | ᠰᠦᠩ ᠢᠶᠠᠨ ᠲᠦᠰᠢᠯᠴᠡᠵᠤ ᠶᠠᠪᠤᠳᠤᠭᠠᠢ᠃ ᠶᠢᠰᠦᠨ ᠤᠳᠠᠭ᠎ᠠ ᠤᠰᠤᠯᠳᠠᠬᠤ ᠦᠭᠡᠢ ᠵᠢᠮᠡᠯᠡᠬᠦ ᠦᠭᠡᠢ ᠪᠤᠯᠭᠠᠶ᠎ᠠ︕︾ | ᠬᠡᠮᠡᠨ ᠵᠠᠷᠯᠢᠭ ᠪᠣᠯᠪᠠ᠃ ᠴᠢᠩᠭᠢᠰ ᠬᠠᠭᠠᠨ ᠪᠠᠰᠠ ᠴᠢᠯᠠᠭᠤᠨ᠂ ᠴᠢᠮᠪᠠᠢ ᠬᠤᠶᠠᠭᠤᠯᠠ ᠶᠢ ᠲᠠᠭᠤᠳᠠᠵᠤ᠄ ︽ᠤᠷᠢᠳᠤ | ᠴᠢᠯᠠᠭᠤᠨ᠂ ᠴᠢᠮᠪᠠᠢ ᠲᠠ ᠬᠤᠶᠠᠷ ᠤᠨ ᠬᠡᠯᠡᠭᠰᠡᠨ ᠢ ᠮᠠᠷᠳᠠᠵᠤ ᠬᠡᠷᠬᠢᠨ ᠪᠤᠯᠬᠤ ᠪᠤᠢ︖ ᠴᠢᠯᠠᠭᠤᠨ᠂ ᠴᠢᠮᠪᠠᠢ ᠲᠠ | ᠬᠤᠶᠠᠷ᠂ ᠰᠠᠨᠠᠭᠰᠠᠨ ᠢᠶᠠᠨ ᠬᠡᠯᠡᠶ᠎ᠡ ᠬᠡᠪᠡᠯ᠂ ᠲᠤᠳᠠᠭᠤ ᠪᠡᠨ᠎ᠡ ᠭᠤᠶᠤᠶ᠎ᠠ ᠬᠡᠮᠡᠪᠡᠰᠣ᠂ ᠲᠠᠮ ᠬᠦᠮᠦᠨ ᠢᠶᠠᠷ ᠪᠦᠦ | ᠬᠡᠯᠡᠬᠦᠯᠵᠤ ᠪᠠᠢ᠃ ᠦᠪᠡᠷᠦᠨ ᠪᠡᠶ᠎ᠡ ᠪᠠᠷ ᠠᠭᠤᠯᠵᠠᠨ᠂ ᠦᠪᠡᠷᠦᠨ ᠠᠮᠠ ᠪᠠᠷ ᠰᠠᠨᠠᠭᠰᠠᠨ ᠢᠶᠠᠨ ᠬᠡᠯᠡᠵᠤ᠂ | ᠲᠤᠳᠠᠭᠰᠠᠨ ᠢᠶᠠᠨ ᠭᠤᠶᠤᠵᠤ ᠪᠠᠢ︕︾ ᠭᠡᠵᠤ ᠵᠠᠷᠯᠢᠭ ᠪᠤᠯᠪᠠ᠃ ᠪᠠᠰᠠ ᠰᠤᠷᠬᠠᠨ ᠰᠢᠷ᠎ᠠ ᠶᠢ ᠲᠠᠭᠤᠳᠠᠵᠤ᠄ ︽ | ᠤᠯᠠᠨ ᠲᠠᠶᠢᠰᠦᠨ ᠳᠤ ᠲᠤᠪᠳᠣᠯᠵᠤ ᠤᠯᠵᠠ ᠶᠠᠭᠤᠮ᠎ᠠ ᠶᠢ ᠣᠯᠪᠠᠯ ᠤᠯᠤᠭᠰᠠᠨ ᠢᠶᠠᠨ ᠪᠦᠷᠢᠨ ᠠᠪᠳᠤᠭᠠᠢ︕ ᠠᠶᠠᠨ | ᠠᠪᠠ ᠶᠢ ᠬᠢᠵᠤ ᠠᠩ ᠬᠦᠷᠦᠭᠡ ᠶᠢ ᠠᠯᠠᠪᠠᠯ ᠠᠯᠠᠭᠰᠠᠨ ᠢᠶᠠᠨ ᠪᠦᠷᠢᠨ ᠠᠪᠳᠤᠭᠠᠢ︕︾ ᠬᠡᠮᠡᠨ ᠵᠠᠷᠯᠢᠭ ᠪᠤᠯᠪᠠ᠃ | ᠴᠢᠯᠠᠭᠤᠨ ᠪᠣᠯ ᠲᠤᠩ ᠡᠷᠡᠯᠭᠡᠭ ᠪᠠᠭᠠᠳᠤᠷ ᠬᠦᠮᠦᠨ ᠶᠤᠮ᠃ ᠡᠶᠢᠮᠤ ᠠᠴᠠ ᠴᠢᠩᠭᠢᠰ ᠬᠠᠭᠠᠨ ᠢ ᠲᠠᠭᠠᠭᠰᠠᠨ ᠠᠴᠠ | ᠬᠤᠶᠢᠰᠢ᠂ ᠴᠡᠷᠢᠭ ᠲᠠᠶᠢᠨ ᠳᠤ ᠪᠠᠶᠢᠭᠤᠯᠤᠭᠰᠠᠨ ᠭᠠᠪᠢᠶ᠎ᠠ ᠨᠢ ᠪᠤᠭᠤᠷᠴᠢ᠂ ᠮᠤᠬᠤᠯᠠᠢ᠂ ᠪᠤᠷᠤᠬᠤᠯ ᠲᠠᠢ ᠵᠡᠷᠬᠡᠴᠡᠭᠰᠡᠨ | ᠪᠤᠯᠬᠤᠷ ᠲᠦᠷᠪᠡᠨ ᠬᠦᠯᠦᠭ ᠤᠨ ᠬᠢᠨᠢ ᠨᠢᠭᠡ ᠨᠢ ᠪᠤᠯᠤᠭᠰᠠᠨ ᠪᠠᠶᠢᠵᠠᠢ᠃ ᠨᠢᠭᠡ ᠤᠳᠠᠭ᠎ᠠ ᠴᠢᠯᠠᠭᠤᠨ᠂ ᠴᠢᠩᠭᠢᠰ | ᠬᠠᠭᠠᠨ ᠢ ᠲᠠᠭᠠᠵᠤ᠂ ᠲᠠᠶᠢᠰᠦᠨ ᠲᠠᠢ ᠪᠠᠶᠢᠯᠳᠤᠬᠤ ᠵᠠᠭᠤᠷ᠎ᠠ ᠤᠨᠤᠭᠰᠠᠨ ᠮᠣᠷᠢ ᠨᠢ ᠵᠢᠳᠠᠯᠠᠭᠳᠠᠨ ᠤᠨᠠᠭᠰᠠᠨ ᠳᠤ | ᠲᠠᠶᠢᠰᠦᠨ ᠤ ᠵᠠᠩᠵᠤᠨ ᠵᠢᠳᠠ ᠡᠷᠬᠦᠨ ᠴᠢᠯᠠᠭᠤᠨ ᠢ ᠵᠢᠳᠠᠯᠠᠬᠤ ᠬᠡᠳᠡᠯ᠎ᠡ ᠴᠢᠯᠠᠭᠤᠨ ᠤᠬᠤᠰᠬᠢᠨ ᠪᠤᠰᠤᠭᠠᠳ | ᠵᠢᠳᠠ ᠪᠠᠨ ᠡᠷᠭᠢᠭᠦᠯᠵᠤ ᠲᠠᠶᠢᠰᠦᠨ ᠤ ᠵᠠᠩᠵᠤᠨ ᠢ ᠵᠢᠳᠠᠯᠠᠨ ᠤᠨᠠᠭᠠᠪᠠ᠃ ᠲᠡᠷᠡ ᠲᠤᠬᠠᠢ ᠴᠢᠩᠭᠢᠰ ᠬᠠᠭᠠᠨ ᠡᠷᠡᠭᠡᠢ | ᠭᠤᠵᠦ᠋ᠢᠯᠭᠠᠵᠤ ᠴᠢᠯᠠᠭᠤᠨ ᠢ ︽ᠪᠠᠭᠠᠳᠤᠷ︾ ᠭᠡᠵᠤ ᠮᠠᠭᠳᠠᠭᠰᠠᠨ ᠪᠠᠶᠢᠯ᠎ᠠ᠃ ᠲᠡᠬᠦᠨ ᠠᠴᠠ ᠬᠤᠶᠢᠰᠢ ᠴᠢᠯᠠᠭᠤᠨ | ᠪᠠᠭᠠᠳᠤᠷ ᠬᠡᠵᠤ ᠣᠯᠠᠨ᠎ᠠ ᠠᠯᠳᠠᠷᠰᠢᠭᠰᠠᠨ ᠪᠠᠶᠢᠵᠠᠢ᠃ ᠴᠢᠯᠠᠭᠤᠨ ᠪᠣᠯ ᠴᠢᠩᠭᠢᠰ ᠬᠠᠭᠠᠨ ᠤ ᠲᠦᠷᠪᠡᠨ ᠬᠦᠯᠦᠭ ᠤᠨ | ᠲᠤᠳᠤᠷ᠎ᠠ ᠬᠠᠮᠤᠭ ᠠᠴᠠ ᠤᠷᠳᠤ ᠨᠠᠰᠤᠯᠠᠵᠤ᠂ ᠦᠭᠡᠳᠡᠢ ᠬᠠᠭᠠᠨ ᠤ ᠦᠶ᠎ᠡ ᠳᠤ ᠬᠦᠷᠳᠡᠯ᠎ᠡ ᠠᠮᠢᠳᠤᠷᠠᠵᠤ ᠪᠠᠶᠢᠭᠰᠠᠨ | ᠶᠤᠮ᠃ ᠬᠡᠪᠡᠴᠤ ᠲᠡᠷᠡ ᠨᠠᠰᠤᠨ ᠲᠤᠷᠰᠢ ᠳᠠᠭᠠᠨ ᠴᠢᠩᠭᠢᠰ ᠬᠠᠭᠠᠨ ᠢ ᠰᠢᠳᠠᠷ ᠲᠠᠭᠠᠵᠤ᠂ ᠭᠠᠭᠴᠠ ᠪᠡᠶ᠎ᠡ ᠪᠠᠷ ᠴᠡᠷᠢᠭ | ᠲᠠᠶᠢᠴᠢᠯᠠᠨ ᠭᠠᠳᠠᠭᠰᠢ ᠲᠠᠶᠢᠯᠠᠵᠤ ᠦᠩᠭᠡᠷᠡᠭᠰᠡᠨ ᠦᠭᠡᠢ ᠪᠤᠯᠬᠤᠷ ᠲᠡᠭᠦᠨ ᠤ ᠦᠢᠯᠡ ᠶᠠᠪᠤᠳᠠᠯ ᠢ ᠲᠡᠦᠬᠡ | ᠱᠠᠰᠳᠢᠷ ᠲᠤ ᠲᠡᠮᠳᠡᠭᠯᠡᠭᠰᠡᠨ ᠢᠶᠠᠷ ᠲᠤᠩ ᠬᠤᠪᠤᠷ ᠪᠢᠯᠡ᠃ | |