ᠴᠢᠩᠬᠢᠰ ᠤᠨ ᠪᠢᠯᠢᠭ ᠰᠣᠷᠭᠠᠯ
ᠨᠡᠶᠢᠲᠡᠯᠡᠭᠰᠡᠨ ᠴᠠᠭ᠄
2016/8/24
          ᠴᠢᠩᠬᠢᠰ ᠤᠨ ᠪᠢᠯᠢᠭ ᠰᠣᠷᠭᠠᠯ      1. ᠡᠬᠢᠯᠡᠭᠡᠳ ᠪᠡᠶ᠎ᠡ ᠪᠠᠨ ᠵᠠᠰᠠ ︐  ᠲᠠᠷᠠᠭ᠎ᠠ ᠨᠢ ᠭᠡᠷ ᠢᠶᠠᠨ ᠵᠠᠰᠠ ︐ ᠲᠡᠭᠡᠭᠡᠳ  ᠲᠦᠷᠦ ᠪᠠᠨ ᠵᠠᠰᠠ      2.  ᠳᠠᠷᠣᠤ ᠬᠢᠴᠢᠶᠡᠩᠭᠦᠢ ᠶᠠᠪᠤᠳᠠᠭ ᠪᠣᠯ ᠳᠠᠶᠠᠭᠠᠷ ᠣᠯᠠᠨ ᠲᠠᠢ ᠨᠠᠶᠢᠷᠰᠠᠭ    ᠦᠨᠡᠨ ᠮᠥᠨ ᠢ  ᠪᠠᠷᠢᠳᠠᠭ ᠪᠣᠯ ᠨᠦᠬᠦᠷᠰᠡᠭ      3. ᠨᠢᠯᠪᠣᠰᠣ ᠣᠨᠠᠭᠠᠬᠤ ᠪᠠᠷ   ᠨᠢᠳᠤᠷᠭ᠎ᠠ ᠵᠠᠩᠭᠢᠳ      4. ᠬᠠᠷᠠᠬᠤ ᠨᠢᠳᠣ ᠬᠡᠳᠦᠢ ᠣᠯᠠᠨ ᠪᠣᠯᠪᠠᠴᠦ ᠬᠠᠷᠡᠭᠭᠤᠢ ᠳᠤ ᠪᠠᠰᠠ ᠳ᠋ᠧᠩ  ᠵᠣᠯᠠ  ᠎ ᠶᠢᠨ ᠭᠡᠷᠡᠯ ᠬᠡᠷᠡᠭᠳᠡᠢ  ᠬᠠᠷᠠᠴᠦ ᠲᠦᠮᠡᠨ ᠬᠡᠳᠦᠢ ᠣᠯᠠᠨ ᠪᠣᠯᠪᠠᠴᠦ ᠬᠠᠮᠤᠭ ᠢ  ᠣᠳᠣᠷᠢᠳᠬᠤ ᠰᠣᠳᠣᠨ ᠮᠡᠷᠭᠡᠳ ᠬᠡᠷᠡᠭᠳᠡᠢ      5. ᠪᠣᠯᠵᠣᠭᠰᠠᠨ ᠠᠴᠠ ᠪᠠᠨ ᠪᠣᠯᠳᠣᠷᠢᠯ ᠦᠬᠡᠢ   ᠰᠶᠢᠳᠦᠭᠰᠡᠨ  ᠎ ᠠᠴᠠ  ᠎ ᠪᠠᠨ ᠰᠢᠨᠳᠠᠷᠠᠯ  ᠦᠬᠡᠢ      6. ᠬᠦᠴᠦ ᠪᠠᠷ ᠲᠡᠮᠡᠴᠡᠯᠳᠦᠭᠰᠡᠨ ᠠᠴᠠ  ᠣᠬᠠᠭᠠᠨ ᠢᠶᠠᠷ ᠲᠡᠮᠡᠴᠡᠯᠳᠣ     7. ᠦᠨᠡᠨ ᠰᠣᠷᠭᠠᠯ ᠤᠨ ᠦᠬᠡ ᠬᠡᠳᠦᠢ ᠰᠢᠷᠣᠬᠦᠨ ᠪᠣᠯᠪᠠᠴᠦ ᠠᠪ   ᠭᠤᠶᠠᠴᠢ ᠬᠠᠭᠤᠷᠮᠠᠭ ᠦᠬᠡ ᠬᠡᠳᠦᠢ ᠵᠦᠭᠡᠯᠡᠨ ᠴᠦ ᠣᠷᠬᠢ     8. ᠡᠷᠳᠡᠮ ᠢ ᠰᠣᠷᠬᠤ ᠳᠤ ᠦᠴᠦᠬᠡᠨ ᠵᠣᠪᠠᠪᠠᠴᠦ ᠦᠨᠢᠳᠡ ᠵᠢᠷᠭᠠᠬᠤ ᠶᠢᠨ ᠲᠣᠯᠠᠳᠠ  ᠬᠢᠴᠢᠶᠡᠨ ᠦᠵᠡᠬᠦ ᠬᠡᠷᠡᠭᠳᠡᠢ     9. ᠬᠦᠮᠦᠨ ᠤ ᠭᠡᠮ ᠶᠢ ᠶᠠᠭᠠᠷᠠᠨ ᠪᠣᠤ ᠭᠠᠷᠭ᠎ᠠ   ᠦᠪᠡᠷ  ᠎ ᠤᠨ ᠭᠡᠮ ᠢ ᠣᠷᠢᠳᠠ  ᠰᠢᠬᠦᠮᠵᠢᠯᠡ  ᠬᠡᠷᠡᠭ ᠦᠶᠢᠯᠡ  ᠬᠡᠳᠦᠢ ᠦᠴᠦᠬᠡᠨ ᠪᠣᠯᠪᠠᠴᠦ ᠬᠢᠴᠢᠶᠡᠯ ᠠᠴᠠ  ᠠᠨᠭᠢᠵᠢᠷᠠᠪᠠᠰᠣ ᠦᠯᠦ ᠪᠦᠳᠦᠶᠦ    10. ᠬᠦᠮᠦᠨ ᠤ ᠣᠯᠵᠠ ᠶᠢ  ᠪᠠᠭ᠋ᠠᠷᠪᠠᠰᠣ ᠦᠪᠡᠷ ᠤᠨ ᠬᠡᠰᠢᠭ ᠵᠠᠶᠢᠯᠠᠮᠣᠢ    11. ᠬᠤᠪᠢ ᠲᠠᠪᠢᠯᠠᠩ ᠳᠤ ᠭᠤᠳᠣᠵᠣ ᠰᠠᠭᠤᠬᠤ ᠪᠠᠷ   ᠬᠦᠴᠦ ᠭᠠᠷᠭᠠᠵᠣ ᠲᠡᠮᠡᠴᠡᠵᠣ  ᠦᠵᠡ      12. ᠦᠬᠡ ᠬᠡᠯᠡᠬᠦᠢ ᠳᠤᠷ ᠪᠣᠯᠬᠤ ᠡᠰᠡᠬᠦ ᠶᠢ ᠪᠣᠳᠣᠯᠬᠢᠯᠠᠨ ᠰᠠᠨᠠᠯᠳᠠᠢ  ᠠᠶᠣᠤᠯᠢᠬᠠᠢ  ᠲᠣᠳᠣᠷ᠎ᠠ  ᠎ ᠠᠴᠠ  ᠦᠬᠦᠯᠡᠭᠰᠡᠨ ᠴᠦ ᠠᠮᠠ  ᠠᠯᠳᠠᠪᠠᠰᠣ ᠪᠠᠷᠢᠵᠣ ᠦᠯᠦ ᠪᠣᠯᠣᠮᠤᠢ    13. ᠡᠨᠡ ᠠᠷᠢᠬᠢ ᠬᠡᠮᠡᠭᠴᠢ ᠶᠠᠭᠤᠮ᠎ᠠ ᠪᠠᠭ᠎ᠠ ᠪᠣᠯᠪᠠᠰᠣ ᠣᠷᠮ᠎ᠠ  ᠎ ᠶᠢ ᠬᠦᠭᠵᠢᠭᠡᠮᠣᠢ    ᠪᠠᠭ᠋ᠠᠨ ᠠᠬᠠᠳᠠᠪᠠᠰᠣ ᠣᠬᠠᠭᠠᠨ ᠢ ᠪᠠᠯᠠᠷᠠᠭᠤᠯᠣᠮᠤᠢ    14. ᠠᠯᠳᠠᠨ ᠪᠡᠶ᠎ᠠ ᠮᠢᠨᠣ  ᠠᠯᠵᠢᠶᠠᠪᠠᠰᠣ  ᠠᠯᠵᠢᠶᠠᠳᠣᠭᠠᠢ  ᠠᠬᠤ ᠲᠦᠷᠦ ᠮᠢᠨᠣ  ᠪᠣᠤ  ᠠᠯᠳᠠᠷᠠᠳᠣᠭᠠᠢ   ᠪᠦᠳᠦᠨ ᠪᠡᠶ᠎ᠡ  ᠮᠢᠨᠣ  ᠵᠣᠪᠠᠪᠠᠰᠣ ᠵᠣᠪᠠᠳᠣᠭᠠᠢ  ᠪᠦᠷᠢᠨ ᠣᠯᠣᠰ  ᠮᠢᠨᠣ ᠪᠣᠤ ᠰᠠᠮᠳᠣᠷᠳᠣᠭᠠᠢ   15. ᠬᠤᠯᠠ  ᠬᠡᠮᠡᠨ ᠪᠣᠤ ᠴᠦᠬᠦ  ᠶᠠᠪᠣᠪᠠᠰᠣ  ᠬᠦᠷᠦᠶᠣ  ᠬᠦᠨᠳᠦ ᠬᠡᠮᠡᠨ  ᠪᠣᠤ ᠴᠦᠬᠦ  ᠡᠷᠭᠦᠪᠡᠰᠣ ᠲᠠᠭᠠᠭᠠᠶᠣ   16. ᠦᠨᠳᠦᠷ ᠠᠭᠤᠯᠠ  ᠬᠦᠳᠦᠯ ᠵᠣᠷᠢ   ᠦᠷᠭᠡᠨ ᠮᠦᠷᠡᠨ ᠤ  ᠣᠯᠣᠮ ᠵᠣᠷᠢ   17. ᠮᠢᠬ᠎ᠠ  ᠢᠳᠡᠬᠦ  ᠰᠡᠳᠣᠨ ᠠᠮᠠᠨ ᠳᠤ  ᠪᠠᠶᠢᠳᠠᠭ   ᠬᠦᠮᠦᠨ ᠢᠳᠡᠬᠦ ᠰᠢᠳᠣᠨ ᠰᠡᠳᠬᠢᠯ  ᠎ ᠳᠤ ᠪᠠᠶᠢᠳᠠᠭ  18. ᠪᠡᠶ᠎ᠡ  ᠪᠦᠬᠡ ᠪᠦᠭᠡᠰᠦ  ᠭᠠᠭᠴᠠ  ᠎ ᠶᠢ  ᠢᠯᠡᠶᠣ  ᠪᠢᠯᠢᠭ  ᠪᠦᠬᠡ  ᠪᠦᠭᠡᠰᠣ  ᠣᠯᠠᠨ  ᠎ ᠢ  ᠢᠯᠠᠶᠣ   ᠰᠠᠶᠢᠨ  ᠬᠡᠷᠡᠭ  ᠵᠠᠭᠤᠨᠳᠠ  ᠦᠶᠢᠯᠡᠳᠪᠡᠰᠦ ᠦᠶᠢᠯᠡᠰ  ᠎ ᠤᠨ  ᠲᠡᠵᠢᠭᠡᠯ  ᠲᠡᠷᠡ  ᠪᠣᠶᠣ   ᠦᠨᠡᠨ ᠦᠬᠡ ᠵᠠᠭᠤᠨᠳᠠ ᠦᠬᠦᠯᠡᠪᠡᠰᠦ ᠰᠡᠳᠬᠢᠯ  ᠎ ᠤᠨ  ᠲᠣᠯᠭᠠᠭᠤᠷᠢ ᠲᠡᠷᠡ  ᠪᠣᠶᠣ  19. ᠦᠰᠳᠣ  ᠲᠠᠶᠢᠰᠣᠨ  ᠦᠵᠡᠭᠳᠡᠬᠦ ᠦᠬᠡᠢ ᠬᠡᠮᠡᠨ   ᠰᠡᠯᠡᠮ᠎ᠡ  ᠎ ᠪᠠᠨ  ᠪᠢᠳᠡᠬᠡᠢ  ᠣᠷᠬᠢᠭᠳᠣᠨ ᠦ  ᠰᠡᠪ ᠎ ᠲᠠᠢ ᠪᠣᠯᠣᠯ᠎ᠠ  ᠭᠡᠳ  ᠨᠦᠬᠦᠳ ᠢᠶᠠᠨ ᠪᠢᠳᠡᠬᠡᠢ ᠬᠠᠷᠠᠳᠠᠭᠳᠣᠨ   20. ᠶᠠᠰᠣ  ᠎ ᠪᠠᠨ  ᠬᠤᠭᠤᠷᠠᠪᠠᠴᠦ  ᠨᠡᠷ᠎ᠡ  ᠎ ᠪᠠᠨ  ᠪᠣᠤ ᠬᠤᠭᠤᠯ ᠬᠡᠯᠡ  ᠣᠭᠳᠣᠯᠪᠠᠴᠦ    ᠦᠬᠡ  ᠎ ᠪᠠᠨ ᠪᠣᠤ ᠪᠣᠴᠠ   21. ᠠᠭᠤᠯᠠ  ᠬᠡᠳᠣᠢ ᠦᠨᠳᠦᠷ  ᠪᠣᠯᠪᠠᠴᠦ ᠠᠪᠠᠷᠢᠪᠠᠰᠣ ᠣᠷᠣᠢ  ᠎ ᠳᠤᠨᠢ  ᠭᠠᠷᠣᠶᠣ    ᠣᠰᠣᠨ  ᠬᠡᠳᠦᠢ ᠬᠦᠨ ᠪᠣᠯᠪᠠᠴᠦ ᠭᠠᠳᠣᠯᠪᠠᠰᠣ  ᠬᠦᠪᠡᠭᠡ  ᠎ ᠳᠤᠨᠢ ᠬᠦᠷᠦᠶᠣ   22. ᠰᠠᠷᠠᠭᠤᠯ ᠣᠬᠠᠭᠠᠨ ᠠᠴᠠ ᠢᠯᠡᠬᠦᠣ ᠰᠠᠶᠢᠨ ᠨᠦᠬᠦᠷ  ᠪᠠᠶᠢᠳᠠᠭ ᠦᠬᠡᠢ  ᠮᠣᠩᠬᠠᠭ  ᠬᠢᠯᠢᠩ ᠠᠴᠠ ᠢᠯᠡᠬᠦᠣ ᠮᠠᠭᠤ ᠲᠠᠶᠢᠰᠣᠨ ᠪᠠᠶᠢᠬᠤ ᠦᠬᠡᠢ  
 
ᠢᠷᠡᠯᠲᠡ᠄ ᠬᠤᠯᠪᠣᠭ᠎ᠠ ᠪᠠᠶᠢᠭᠠᠯᠢ ᠰᠣᠶᠣᠯ ᠤᠨ ᠪᠦᠷᠬᠡ ᠠᠴᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号