ᠮᠤᠩᠭᠤᠯ ᠰᠤᠶᠤᠯ᠂ ᠨᠡᠭᠦᠲᠡᠯ ᠮᠠᠯᠵᠢᠯ ᠰᠤᠶᠤᠯ
ᠨᠡᠶᠢᠲᠡᠯᠡᠭᠰᠡᠨ ᠴᠠᠭ᠄
2016/8/24
 ᠮᠤᠩᠭᠤᠯ ᠰᠤᠶᠤᠯ᠂ ᠨᠡᠭᠦᠲᠡᠯ ᠮᠠᠯᠵᠢᠯ ᠰᠤᠶᠤᠯ             ᠮᠤᠩᠭᠤᠯ ᠰᠤᠶᠤᠯ ᠪᠣᠯ ᠶᠡᠭᠡ ᠬᠢᠩᠭᠠᠨ ᠲᠠᠪᠠᠭ᠎ᠠ ᠲᠠᠭᠠᠤ ᠤᠷᠤᠨ ᠳᠤ ᠬᠦᠪᠦᠷᠡᠵᠦ᠂ ᠮᠤᠩᠭᠤᠯ ᠤᠨ ᠦᠨᠲᠦᠷᠯᠢᠭ ᠲᠤ ᠪᠦᠷᠢᠯᠲᠦᠨ ᠲᠤᠭᠲᠠᠵᠤ᠂ ᠬᠡᠯᠪᠡᠷᠢᠵᠢᠨ ᠲᠤᠭᠲᠠᠭᠰᠠᠨ ᠨᠡᠭᠦᠲᠡᠯ ᠮᠠᠯᠵᠢᠯ ᠤᠨ ᠰᠤᠶᠤᠯ ᠪᠤᠯᠤᠨ᠎ᠠ᠃ ᠮᠤᠩᠭᠤᠯ ᠰᠤᠶᠤᠯ ᠤᠨ ᠤᠭᠤᠴᠠ ᠨᠢᠷᠤᠭᠤ ᠨᠢ ᠨᠡᠭᠦᠲᠡᠯ ᠮᠠᠯᠵᠢᠯ ᠪᠤᠯᠤᠨ᠎ᠠ᠃ ᠮᠤᠩᠭᠤᠯ ᠤᠨ ᠦᠨᠲᠦᠷᠯᠢᠭ ᠤᠨ ᠬᠠᠬᠢᠷ ᠬᠦᠢᠲᠡᠨ᠂ ᠭᠠᠩ ᠬᠠᠭᠤᠷᠠᠢ᠂ ᠬᠤᠷ᠎ᠠ ᠲᠤᠨᠤᠲᠠᠰᠤ ᠪᠠᠭ᠎ᠠ ᠦᠪᠡᠷᠮᠢᠴᠡ ᠠᠭᠤᠷ ᠠᠮᠢᠰᠬᠤᠯ ᠤᠨ ᠤᠨᠴᠠᠯᠢᠭ  ᠠᠴᠠ ᠪᠤᠯᠵᠤ ᠤᠵᠤᠭᠤᠷ ᠡᠷᠲᠡᠨ ᠠᠴᠠ ᠰᠠᠭᠤᠷᠢ ᠲᠠᠢ ᠲᠠᠷᠢᠶᠠᠯᠠᠩ ᠤᠨ ᠰᠠᠭᠤᠷᠢᠨ ᠰᠤᠶᠤᠯ ᠨᠢ ᠲᠤᠷᠪᠢᠲᠠᠢ ᠬᠦᠭᠵᠢᠵᠦ ᠲᠡᠶᠢᠯᠦᠭᠰᠡᠨ ᠦᠭᠡᠢ᠂ ᠶᠠᠪᠤᠭᠠᠨ ᠳᠠᠭᠠᠨ ᠮᠠᠯ ᠠᠵᠤ ᠠᠬᠤᠢ ᠶᠢᠨ ᠬᠢᠨᠢ ᠲᠤᠰᠠᠯᠠᠬᠤ ᠠᠵᠤ ᠠᠬᠤᠢ ᠪᠤᠯᠤᠨ ᠬᠦᠭᠵᠢᠵᠦ᠂ ᠮᠦᠨ ᠬᠦ ᠨᠡᠭᠦᠲᠡᠯᠯᠡᠯ ᠤᠨ ᠰᠢᠨᠵᠢ ᠪᠦᠬᠦᠢ ᠨᠠᠮᠤᠭ ᠲᠠᠷᠢᠶ᠎ᠠ ᠪᠤᠯᠤᠨ ᠬᠦᠭᠵᠢᠭᠰᠡᠨ ᠲᠡᠲᠦᠢ ᠠᠵᠢ᠃ ᠡᠶᠢᠮᠤ ᠠᠴᠠ ᠮᠤᠩᠭᠤᠯᠴᠤᠳ ᠤᠨ ᠨᠡᠭᠦᠲᠡᠯ ᠠᠵᠤ ᠠᠬᠤᠢ ᠨᠢ ᠭᠤᠤᠯ ᠴᠤᠭᠴᠠ᠂ ᠭᠤᠤᠯ ᠲᠤᠭᠲᠠᠯᠴᠠᠭ᠎ᠠ ᠪᠤᠯᠵᠤ᠂ ᠡᠨᠡ ᠠᠵᠤ ᠠᠬᠤᠢ ᠶᠢᠨ ᠰᠠᠭᠤᠷᠢ ᠲᠡᠭᠡᠷ᠎ᠡ ᠠᠷᠠᠳ ᠢᠷᠭᠡᠳ ᠨᠢ ᠨᠡᠭᠦᠲᠡᠯ ᠠᠵᠤ ᠠᠬᠤᠢ ᠳᠠᠭᠠᠨ ᠲᠠᠳᠴᠦ ᠢᠲᠡᠭᠡᠰᠢᠭᠡᠳ ᠢᠷᠭᠡᠨᠰᠢᠭᠰᠡᠨ ᠪᠠᠶᠢᠨ᠎ᠠ᠃         ᠮᠤᠩᠭᠤᠯ ᠰᠤᠶᠤᠯ ᠭᠡᠲᠡᠭ ᠪᠣᠯ ᠮᠤᠩᠭᠤᠯ ᠤᠨ ᠦᠨᠲᠦᠷᠯᠢᠭ ᠲᠡᠭᠡᠷ᠎ᠡ ᠪᠤᠢ ᠪᠤᠯᠤᠭᠰᠠᠨ ᠬᠠᠭᠤᠴᠢᠨ ᠴᠢᠯᠠᠭᠤᠨ ᠵᠡᠪᠰᠡᠭ ᠤᠨ ᠰᠤᠶᠤᠯ᠂ ᠰᠢᠨ᠎ᠡ ᠴᠢᠯᠠᠭᠤᠨ ᠵᠡᠪᠰᠡᠭ ᠤᠨ ᠰᠤᠶᠤᠯ᠂ ᠬᠦᠷᠡᠯ ᠤᠨ ᠰᠤᠶᠤᠯ᠂ ᠲᠠᠮᠤᠷ ᠤᠨ ᠰᠤᠶᠤᠯ ᠁ ᠬᠠᠮᠤᠭ ᠰᠡᠭᠦᠯ ᠳᠤ ᠨᠢ ᠨᠡᠭᠦᠲᠡᠯ ᠮᠠᠯᠵᠢᠯ ᠤᠨ ᠰᠤᠶᠤᠯ ᠭᠡᠵᠦ ᠳ᠋ᠦᠩᠨᠡᠵᠦ ᠪᠤᠯᠤᠨ᠎ᠠ᠃         ① ᠬᠠᠭᠤᠴᠢ ᠰᠤᠲᠤᠯᠤᠯ ᠤᠨ ᠤᠬᠠᠭᠠᠨ᠂ ᠬᠦᠮᠦᠨ ᠪᠢᠯᠲᠡᠷ ᠤᠨ ᠤᠬᠠᠭᠠᠨ ᠠᠴᠠ ᠾᠦᠩᠨᠦᠴᠤᠳ ᠬᠢᠭᠡᠳ ᠳ᠋ᠦᠩᠬᠤᠴᠤᠳ ᠴᠦᠮ《 ᠲᠦᠷᠪᠡᠯᠵᠢᠨ ᠪᠤᠯᠠᠰᠢ ᠶᠢᠨ ᠰᠤᠶᠤᠯ 》※ ᠤᠨ ᠤᠵᠤᠭᠤᠷ ᠢᠷᠭᠡᠳ ᠪᠦᠭᠡᠳ ᠡᠨᠡ ᠬᠤᠶᠠᠷ ᠡᠷᠲᠡᠨ ᠤ ᠠᠶᠢᠮᠠᠭ ᠤᠨ ᠪᠦᠲᠦᠭᠡᠭᠰᠡᠨ ᠰᠤᠶᠤᠯ ᠨᠢ ᠠᠲᠠᠯᠢ᠂ ᠠᠮᠢᠲᠤᠷᠠᠯ ᠵᠠᠩ ᠵᠠᠩᠰᠢᠯ ᠨᠢ ᠠᠲᠠᠯᠢ᠂ ᠴᠦᠮ ᠲᠦᠷᠪᠡᠯᠵᠢᠨ ᠪᠤᠯᠠᠰᠢ ᠶᠢᠨ ᠬᠦᠲᠡᠭᠡᠯᠭᠡ ᠲᠠᠢ᠂ ᠨᠤᠲᠤᠭ ᠪᠡᠯᠴᠢᠭᠡᠷ ᠨᠢ ᠵᠠᠯᠭᠠᠯᠲᠤᠵᠤ ᠪᠠᠶᠢᠲᠠᠭ᠃          ② ᠤᠲᠤᠮᠰᠢᠯ ᠤᠨ ᠤᠬᠠᠭᠠᠨ ᠤ ᠬᠠᠷᠠᠭᠠᠰᠤ ᠠᠴᠠ ᠾᠦᠩᠨᠦᠴᠤᠳ ᠬᠢᠭᠡᠳ ᠳ᠋ᠦᠩᠬᠤᠴᠤᠳ ᠢ ᠮᠠᠰᠢ ᠤᠯᠠᠨ ᠡᠷᠲᠡᠮᠲᠡᠳ ᠬᠤᠶᠠᠭᠤᠯᠠ ᠪᠠᠨ ᠴᠦᠮ ᠮᠤᠩᠭᠤᠯᠴᠤᠳ ᠤᠨ ᠲᠡᠭᠡᠲᠦᠰ ᠭᠡᠵᠦ ᠦᠵᠡᠵᠦ ᠪᠠᠶᠢᠲᠠᠭ᠃         ③ ᠴᠠᠭ ᠬᠢᠭᠡᠳ ᠲᠠᠷᠬᠠᠭᠰᠠᠨ ᠭᠠᠵᠠᠷ ᠤᠷᠤᠨ ᠠᠴᠠ ᠨᠢ ᠦᠵᠡᠪᠡᠯ ᠮᠤᠩᠭᠤᠯ ᠤᠨ ᠵᠡᠭᠦᠨ ᠬᠡᠰᠡᠭ ᠤᠨ ᠲᠦᠷᠪᠡᠯᠵᠢᠨ ᠪᠤᠯᠠᠰᠢ ᠶᠢᠨ ᠰᠤᠶᠤᠯ ᠪᠣᠯ ᠲᠠᠷᠤᠢ ᠳ᠋ᠦᠩᠬᠤ ᠶᠢᠨ ᠰᠤᠶᠤᠯ ᠮᠥᠨ᠃ ᠭᠠᠵᠠᠷ ᠤᠷᠤᠨ ᠤ ᠬᠡᠪᠴᠢᠶᠡᠨ  ᠠᠴᠠ ᠨᠢ ᠦᠵᠡᠪᠡᠯ ᠾᠦᠩᠨᠦᠴᠤᠳ ᠤᠨ ᠭᠤᠤᠯ ᠴᠤᠬᠴᠠ ᠰᠤᠶᠤᠯ ᠨᠢ — ᠬᠦᠤᠨᠢ ᠭᠤᠤᠯ ᠪᠤᠯᠤᠨ ᠤᠷᠬᠤᠨ ᠭᠤᠤᠯ ᠤᠨ ᠤᠷᠤᠰᠬᠠᠯ ᠤᠨ ᠵᠡᠭᠦᠨ ᠬᠡᠰᠡᠭ ᠤᠷᠤᠨ ᠢᠶᠠᠷ ᠬᠦᠭᠵᠢᠵᠡᠢ᠃                ④ ᠬᠦᠮᠦᠨ ᠤᠭᠰᠠᠭ᠎ᠠ ᠶᠢᠨ ᠤᠬᠠᠭᠠᠨ ᠤ ᠬᠠᠷᠠᠭᠠᠰᠤ ᠠᠴᠠ ᠲᠦᠷᠪᠡᠯᠵᠢᠨ ᠪᠤᠯᠠᠰᠢ ᠶᠢᠨ ᠰᠤᠶᠤᠯ ᠤᠨ ᠢᠷᠭᠡᠳ ᠤᠨ ᠶᠠᠰᠤᠨ ᠳᠤ ᠬᠢᠨᠠᠨ ᠲᠤᠭᠲᠠᠭᠠᠯ ᠬᠢᠬᠦ ᠳᠤ ᠤᠮᠠᠷᠠᠲᠤ ᠠᠽᠢᠶ᠎ᠠ ᠶᠢᠨ ᠬᠦᠮᠦᠨ ᠤ ᠤᠨᠴᠠᠯᠢᠭ ᠲᠠᠢ᠃ ᠡᠨᠡ ᠨᠢ ᠤᠲᠤ ᠶᠢᠨ ᠮᠤᠩᠭᠤᠯ ᠬᠦᠮᠦᠨ ᠲᠠᠢ ᠲᠡᠮᠡᠢ ᠶᠡᠭᠡ ᠵᠦᠷᠢᠶ᠎ᠡ ᠦᠭᠡᠢ᠂ ᠰᠢᠶᠠᠨᠪᠢ ᠬᠦᠮᠦᠨ ᠲᠠᠢ ᠠᠲᠠᠯᠢ ᠪᠠᠷ ᠤᠮᠠᠷᠠᠲᠤ ᠠᠽᠢᠶ᠎ᠠ ᠶᠢᠨ ᠮᠤᠩᠭᠤᠯ ᠬᠦᠮᠦᠨ ᠤ ᠲᠦᠷᠦᠯ ᠳᠤ ᠪᠠᠭᠲᠠᠭᠲᠠᠨ᠎ᠠ᠃       ⑤ ᠤᠲᠤᠮ ᠤᠭᠰᠠᠭ᠎ᠠ ᠶᠢᠨ ᠲᠠᠯ᠎ᠠ ᠪᠠᠷ ᠲᠦᠷᠪᠡᠯᠵᠢᠨ ᠪᠤᠯᠠᠰᠢ ᠶᠢᠨ ᠰᠤᠶᠤᠯ ᠲᠠᠢ ᠮᠤᠩᠭᠤᠯ ᠤᠨ ᠦᠨᠲᠦᠷᠯᠢᠭ ᠤᠨ ᠵᠡᠭᠦᠨ ᠪᠠ ᠲᠤᠮᠲᠠ ᠭᠡᠰᠡᠭ ᠢᠶᠠᠷ ᠤᠷᠤᠰᠢᠬᠴᠢ ᠤᠵᠤᠭᠤᠷ ᠢᠷᠭᠡᠳ ᠪᠣᠯ ᠮᠤᠩᠭᠤᠯ ᠦᠨᠲᠦᠰᠦᠲᠡᠨ ᠤ ᠴᠦᠮ᠎ᠡ ᠶᠢ ᠪᠦᠷᠢᠯᠲᠦᠭᠦᠯᠦᠭᠰᠡᠨ ᠬᠦᠮᠦᠰ ᠪᠠᠶᠢᠵᠤ ᠳ᠋ᠦᠩᠬᠤ ᠶᠢᠨ ᠠᠶᠢᠮᠠᠭ ᠤᠨ ᠬᠤᠯᠪᠤᠭ᠎ᠠ ᠪᠤᠯᠤᠨ ᠾᠦᠩᠨᠦ ᠶᠢᠨ ᠠᠶᠢᠮᠠᠭ ᠤᠨ ᠬᠤᠯᠪᠤᠭ᠎ᠠ ᠬᠤᠶᠠᠭᠤᠯᠠ ᠪᠠᠨ ᠴᠦᠮ ᠮᠤᠩᠭᠤᠯ ᠤᠨ ᠲᠡᠭᠡᠲᠦᠰ ᠮᠥᠨ᠃       ⑥ ᠰᠤᠶᠤᠯ ᠤᠨ ᠤᠯᠠᠮᠵᠢᠯᠠᠯ ᠤᠨ ᠲᠠᠯ᠎ᠠ ᠠᠴᠠ ᠰᠢᠩ ᠯᠢᠩ ᠸᠠ ᠶᠢᠨ ᠰᠤᠶᠤᠯ᠂ ᠤᠯᠠᠭᠠᠨ ᠬᠠᠲᠠ ᠰᠤᠶᠤᠯ᠂ ᠺᠠᠷᠠᠰᠦ᠋ᠺᠧ ᠰᠤᠶᠤᠯ᠂ ᠵᠤᠤᠬ᠎ᠠ ᠶᠢᠨ ᠬᠤᠭᠤᠯᠠᠢ ᠶᠢᠨ ᠰᠤᠶᠤᠯ ᠴᠦᠮ ᠠᠽᠢᠶ᠎ᠠ ᠡᠸᠦ᠋ᠷᠦᠫᠡ ᠶᠢᠨ ᠬᠦᠲᠡᠭᠡ ᠲᠠᠯ᠎ᠠ  ᠶᠢᠨ ᠰᠤᠶᠤᠯ ᠤᠨ ᠵᠡᠭᠦᠨ ᠡᠬᠢ ᠨᠦᠭᠦᠳ ᠲᠤ ᠲᠤᠭᠠᠴᠠᠬᠲᠠᠨ᠎ᠠ᠃ ᠮᠤᠩᠭᠤᠯ ᠰᠤᠶᠤᠯ ᠪᠣᠯ ᠾᠦᠩᠨᠦ᠂ ᠰᠢᠶᠠᠨᠪᠢ  ᠶᠢᠨ ᠬᠦᠷᠡᠯ ᠲᠡᠮᠤᠷ ᠤᠨ ᠰᠤᠶᠤᠯ ᠢ ᠰᠢᠭᠤᠳ ᠵᠠᠯᠭᠠᠮᠵᠢᠯᠠᠵᠤ ᠬᠦᠭᠵᠢᠭᠰᠡᠨ ᠮᠤᠩᠭᠤᠯ ᠤᠨ ᠦᠨᠲᠦᠷᠯᠢᠭ ᠤᠨ ᠬᠦᠲᠡᠭᠡ ᠲᠠᠯ᠎ᠠ ᠶᠢᠨ ᠨᠡᠭᠦᠲᠡᠯ ᠮᠠᠯᠵᠢᠯ ᠤᠨ ᠰᠤᠶᠤᠯ ᠪᠤᠯᠤᠨ᠎ᠠ᠃        ᠨᠡᠭᠦᠲᠡᠯ ᠮᠠᠯᠵᠢᠯ ᠤᠨ ᠰᠤᠶᠤᠯ ᠤᠨ ᠰᠤᠶᠤᠭᠠᠯᠠᠯ ᠨᠢ ᠲᠤᠮᠲᠠᠲᠤ ᠴᠢᠯᠠᠭᠤᠨ ᠵᠡᠪᠰᠡᠭ ᠤᠨ ᠰᠡᠭᠦᠯᠴᠢ ᠶᠢᠨ ᠦᠶ᠎ᠡ ᠳᠤ ᠪᠤᠢ ᠪᠤᠯᠤᠭᠰᠠᠨ ᠨᠠᠷᠢᠯᠢᠭ ᠴᠢᠯᠠᠭᠤᠨ ᠵᠡᠪᠰᠡᠭ ᠤᠨ ᠡᠬᠢᠨ ᠤ ᠦᠶ᠎ᠡ ᠪᠤᠯᠤᠨ᠎ᠠ᠂ ᠲᠦᠯᠦᠪᠵᠢᠨ ᠲᠤᠭᠲᠠᠭᠰᠠᠨ ᠨᠢ ᠨᠠᠷᠢᠯᠢᠭ ᠴᠢᠯᠠᠭᠤᠨ ᠵᠡᠪᠰᠡᠭ ᠢᠶᠠᠷ ᠭᠤᠤᠯᠯᠠᠭᠰᠠᠨ ᠰᠢᠨ᠎ᠡ ᠴᠢᠯᠠᠭᠤᠨ ᠵᠡᠪᠰᠡᠭ ᠤᠨ ᠦᠶ᠎ᠡ ᠪᠤᠯᠤᠨ᠎ᠠ᠃ ᠨᠡᠭᠦᠲᠡᠯ ᠮᠠᠯᠵᠢᠯ ᠤᠨ ᠰᠤᠶᠤᠯ ᠪᠠᠯᠠᠷ ᠡᠷᠲᠡᠨ ᠤ ᠰᠠᠭᠤᠷᠢᠰᠢᠯ ᠮᠠᠯᠵᠢᠯ ᠠᠴᠠ ᠪᠠᠨ ᠨᠡᠭᠦᠲᠡᠯ ᠮᠠᠯ ᠠᠵᠤ ᠠᠬᠤᠢ ᠳᠤ ᠰᠢᠯᠵᠢᠵᠦ ᠪᠡᠶ᠎ᠡ ᠪᠠᠨ ᠲᠠᠭᠠᠭᠠᠵᠤ ᠬᠡᠯᠪᠡᠷᠢᠵᠢᠭᠰᠡᠨ  ᠨᠢ ᠬᠦᠷᠡᠯ ᠤᠨ ᠰᠤᠶᠤᠯ ᠤᠨ ᠦᠶ᠎ᠡ᠂ ᠨᠡᠭᠦᠲᠡᠯ ᠮᠠᠯᠵᠢᠯ ᠤᠨ ᠰᠤᠶᠤᠯ ᠤᠨ ᠪᠦᠷᠢᠲᠦᠵᠦ ᠲᠡᠭᠦᠯᠲᠡᠷᠵᠢᠭᠰᠡᠨ ᠨᠢ ᠲᠡᠮᠤᠷ ᠤᠨ ᠰᠤᠶᠤᠯ ᠤᠨ ᠲᠦᠷᠦᠭᠦᠦ ᠦᠶ᠎ᠡ ᠪᠤᠯᠤᠨ᠎ᠠ᠃         ᠨᠡᠭᠦᠲᠡᠯ ᠮᠠᠯ ᠠᠵᠤ ᠠᠬᠤᠢ ᠪᠣᠯ ᠨᠡᠭᠦᠲᠡᠯ ᠮᠠᠯᠵᠢᠯ ᠤᠨ ᠰᠤᠶᠤᠯ ᠤᠨ ᠭᠤᠤᠯ ᠴᠢᠮᠦᠭᠡ ᠮᠥᠨ᠂ ᠮᠤᠩᠭᠤᠯ ᠦᠨᠲᠦᠰᠦᠲᠡᠨ ᠪᠦᠷᠢᠯᠲᠦᠬᠦ ᠠᠴᠠ ᠬᠡᠲᠦᠨ ᠮᠢᠩᠭᠠᠨ ᠵᠢᠯ ᠤᠨ ᠡᠮᠤᠨ᠎ᠡ ᠨᠡᠭᠦᠲᠡᠯ ᠮᠠᠯᠵᠢᠯ ᠤᠨ ᠰᠤᠶᠤᠯ ᠨᠢᠭᠡᠨᠲᠡ ᠪᠤᠢ ᠪᠤᠯᠵᠤ ᠲᠤᠭᠲᠠᠪᠤᠷᠢᠵᠢᠭᠰᠠᠨ ᠪᠠᠶᠢᠲᠠᠭ᠂ ᠲᠠᠷᠤᠢ ᠾᠦᠩᠨᠦ ᠳ᠋ᠦᠩᠬᠤ ᠶᠢᠨ ᠦᠶ᠎ᠡ ᠳᠤ ᠨᠡᠭᠦᠲᠡᠯ ᠮᠠᠯᠵᠢᠯ ᠤᠨ ᠰᠤᠶᠤᠯ ᠨᠢᠭᠡᠨᠲᠡ ᠬᠡᠯᠪᠡᠷᠢᠵᠢᠨ ᠲᠤᠭᠲᠠᠪᠤᠷᠢᠵᠢᠭᠰᠠᠨ ᠪᠢᠯᠡ᠃ ᠮᠤᠩᠭᠤᠯᠴᠤᠳ ᠪᠣᠯ ᠮᠤᠩᠭᠤᠯ ᠤᠨ ᠦᠨᠲᠦᠷᠯᠢᠭ ᠤᠨ ᠨᠡᠭᠦᠲᠡᠯ ᠮᠠᠯᠵᠢᠯ ᠤᠨ ᠰᠤᠶᠤᠯ ᠤᠨ ᠵᠠᠯᠭᠠᠮᠵᠢᠯᠠᠭᠴᠢ᠂ ᠲᠡᠭᠦᠯᠲᠡᠷᠵᠢᠭᠦᠯᠦᠭᠴᠢ ᠪᠤᠯᠤᠨ᠎ᠠ᠃ ᠦᠭᠡᠷ᠎ᠡ ᠪᠠᠷ ᠬᠡᠯᠡᠪᠡᠯ ᠾᠦᠩᠨᠦ ᠳ᠋ᠦᠩᠬᠤ ᠨᠠᠷ ᠤᠨ ᠲᠡᠭᠡᠲᠦᠰ ᠬᠢᠭᠡᠳ ᠲᠡᠲᠡᠨᠤᠰ ᠤᠨ ᠡᠭᠦᠲᠦᠭᠰᠡᠨ ᠨᠡᠭᠦᠲᠡᠯ ᠮᠠᠯᠵᠢᠯ ᠤᠨ ᠰᠤᠶᠤᠯ ᠵᠢᠴᠢ ᠲᠡᠭᠦᠨ ᠠᠴᠠ ᠡᠮᠤᠨᠡᠬᠢ ᠰᠢᠨ᠎ᠠ ᠴᠢᠯᠠᠭᠤᠨ ᠵᠡᠪᠰᠡᠭ ᠤᠨ ᠦᠶ᠎ᠡ ᠶᠢᠨ ᠰᠤᠶᠤᠯ ᠴᠦᠮ ᠮᠤᠩᠭᠤᠯᠴᠤᠳ ᠤᠨ ᠨᠡᠭᠦᠲᠡᠯ ᠮᠠᠯᠵᠢᠯ ᠤᠨ ᠰᠤᠶᠤᠯ ᠳᠤ ᠰᠢᠩᠭᠡᠨ ᠠᠭᠤᠰᠤᠭᠰᠠᠨ ᠪᠠᠶᠢᠨ᠎ᠠ᠃ ᠡᠶᠢᠮᠤ ᠠᠴᠠ ᠲᠡᠷᠡ ᠨᠢ ᠡᠴᠤᠰ ᠲᠡᠭᠡᠨ ᠮᠤᠩᠭᠤᠯ  ᠤᠨ ᠦᠨᠲᠦᠷᠯᠢᠭ ᠤᠨ ᠨᠡᠭᠦᠲᠡᠯ ᠮᠠᠯᠵᠢᠯ ᠤᠨ ᠰᠤᠶᠤᠯ ᠤᠨ ᠲᠦᠯᠦᠭᠡᠯᠡᠭᠴᠢ ᠰᠤᠶᠤᠯ ᠪᠤᠯᠤᠨ ᠲᠤᠭᠲᠠᠭᠰᠠᠨ ᠪᠠᠶᠢᠨ᠎ᠠ᠃        ※《 ᠲᠦᠷᠪᠡᠯᠵᠢᠨ ᠪᠤᠯᠠᠰᠢ ᠶᠢᠨ ᠰᠤᠶᠤᠯ 》 ᠭᠡᠲᠡᠭ ᠤᠨ ᠲᠦᠷᠪᠡᠯᠵᠢᠨ ᠪᠤᠯᠠᠰᠢ ᠪᠣᠯ ᠬᠠᠭᠤᠴᠢᠨ ᠴᠢᠯᠠᠭᠤᠨ ᠵᠡᠪᠰᠡᠭ ᠤᠨ ᠲᠡᠭᠡᠲᠦ ᠦᠶ᠎ᠡ ︵ᠰᠡᠭᠦᠯᠴᠢ ᠶᠢᠨ ᠦᠶ᠎ᠡ︶ ᠪᠠᠷ ᠡᠮᠤᠨ᠎ᠡ ᠰᠢᠪᠧᠷᠢᠶ᠎ᠡ ᠶᠢᠨ ᠮᠢᠨᠤᠴᠢᠨᠰᠺᠧ  ᠶᠢᠨ ᠬᠤᠲᠤᠭᠤᠷ ᠲᠤ ᠪᠤᠢ ᠪᠤᠯᠵᠤ᠂ ᠤᠲᠤ ᠠᠴᠠ 8000 ᠵᠢᠯ ᠤᠨ ᠡᠮᠤᠨᠡᠬᠢ ᠰᠢᠩ ᠯᠢᠩ ᠸᠠ ᠶᠢᠨ ᠰᠤᠶᠤᠯ ᠤᠨ ᠪᠠᠭᠤᠷᠢ ᠠᠴᠠ ᠢᠯᠡᠷᠡᠭᠦᠯᠦᠭᠰᠡᠨ ᠶᠤᠮ᠃ ᠤᠯᠠᠭᠠᠨ ᠬᠠᠲᠠ ᠰᠤᠶᠤᠯ ᠤᠨ ᠤᠷᠤᠨ ᠪᠤᠯ ᠲᠦᠷᠪᠡᠯᠵᠢᠨ ᠪᠤᠯᠠᠰᠢ ᠶᠢᠨ ᠭᠤᠤᠯ ᠤᠷᠤᠨ ᠤ ᠨᠢᠭᠡ ᠪᠠᠶᠢᠵᠤ᠂ ᠵᠡᠭᠦᠨ ᠬᠤᠶᠢᠨ᠎ᠠ ᠠᠴᠠ ᠪᠠᠷᠠᠭᠤᠨ ᠡᠮᠤᠨᠡᠰᠢ ᠦᠪᠦᠷ ᠮᠤᠩᠭᠤᠯ ᠤᠨ ᠦᠨᠲᠦᠷᠯᠢᠭ  ᠢ ᠰᠤᠨᠲᠠᠯᠠᠭᠰᠠᠨ ᠦᠨᠲᠦᠷ ᠰᠦᠷᠯᠢᠭ ᠶᠡᠭᠡ ᠬᠢᠩᠭᠠᠨ ᠲᠠᠪᠠᠭ᠎ᠠ ᠪᠣᠯ《 ᠲᠦᠷᠪᠡᠯᠵᠢᠨ ᠪᠤᠯᠠᠰᠢ ᠶᠢᠨ ᠰᠤᠶᠤᠯ 》  ᠤᠨ ᠭᠤᠤᠯ ᠤᠷᠤᠨ ᠤ ᠤᠭᠤᠴᠠ ᠨᠢᠷᠤᠭᠤ ᠪᠤᠯᠤᠭᠰᠠᠨ ᠠᠭᠤᠯᠠ ᠨᠢᠷᠤᠭᠤ ᠪᠤᠯᠤᠨ᠎ᠠ᠃ ᠬᠡᠷᠦᠯᠦᠨ ᠭᠤᠤᠯ ᠤᠨ ᠤᠷᠤᠰᠬᠠᠯ ᠲᠠᠭᠠᠤ ᠤᠷᠤᠨ ᠪᠣᠯ ᠲᠦᠷᠪᠡᠯᠵᠢᠨ ᠪᠤᠯᠠᠰᠢ ᠶᠢᠨ ᠰᠤᠶᠤᠯ ᠤᠨ ᠲᠡᠯᠭᠡᠷᠡᠭᠰᠡᠨ ᠲᠦᠪ ᠤᠨ ᠨᠢᠭᠡ ᠮᠥᠨ᠃ ᠲᠦᠷᠪᠡᠯᠵᠢᠨ ᠪᠤᠯᠠᠰᠢ ᠶᠢᠨ ᠰᠤᠶᠤᠯ ᠢ ᠲᠤᠬᠠᠢ ᠶᠢᠨ ᠠᠲᠠᠯᠢ ᠦᠶ᠎ᠡ ᠶᠢᠨ ᠰᠤᠶᠤᠯ ᠲᠠᠢ ᠬᠦᠨᠲᠡᠯᠡᠨ ᠬᠠᠷᠢᠴᠠᠭ᠎ᠠ  ᠠᠴᠠ ᠨᠢ ᠠᠪᠴᠦ ᠦᠵᠡᠪᠡᠯ᠂ ᠬᠦᠷᠡᠯ ᠵᠠᠪᠰᠡᠭ ᠤᠨ ᠬᠢᠴᠡ᠂ ᠠᠮᠢᠲᠠᠨ ᠤ ᠵᠠᠬᠪᠤᠷᠲᠤ ᠬᠡ ᠤᠷᠠᠯᠠᠯ ᠤᠨ ᠲᠠᠯ᠎ᠠ ᠳᠤ ᠡᠮᠤᠨ᠎ᠡ ᠰᠢᠪᠧᠷᠢᠶ᠎ᠡ ᠶᠢᠨ ᠺᠠᠷᠠᠰᠦ᠋ᠺᠧ ᠶᠢᠨ ᠰᠤᠶᠤᠯ᠂ ᠲᠡᠺᠡᠷ ᠤᠨ ᠰᠤᠶᠤᠯ᠂ ᠦᠪᠦᠷ ᠮᠤᠩᠭᠤᠯ ᠤᠨ ᠤᠷᠲᠤᠰ ᠬᠦᠷᠡᠯ ᠵᠡᠪᠰᠡᠭ ᠲᠠᠢ ᠤᠯᠠᠨ ᠲᠠᠯ᠎ᠠ ᠶᠢᠨ ᠨᠡᠶᠢᠲᠡᠯᠢᠭ ᠲᠠᠯ᠎ᠠ ᠪᠤᠯᠤᠨ ᠨᠡᠶᠢᠲᠡᠯᠢᠭ ᠰᠢᠨᠵᠢ ᠪᠠᠶᠢᠲᠠᠭ᠃  
 
ᠢᠷᠡᠯᠲᠡ᠄ ᠬᠤᠯᠪᠣᠭ᠎ᠠ ᠪᠠᠷᠠᠭᠤ ᠮᠣᠩᠭᠤᠯ ᠪᠦᠷᠭᠡ ᠠᠴᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号