ᠡᠨᠡ ᠵᠢᠯ ᠤᠨ 6 ᠰᠠᠷ᠎ᠠ ᠶᠢᠨ 15 ᠳᠤ ᠭᠧᠷᠮᠠᠨ ᠤ ᠪᠤᠨ ᠬᠤᠳᠠ ᠳᠤ ︽ᠴᠢᠩᠬᠢᠰ ᠬᠠᠭᠠᠨ ᠪᠤᠯᠤᠨ | ᠳᠡᠬᠦᠨ ᠤ ᠵᠠᠯᠭᠠᠮᠵᠢᠯᠠᠬᠴᠢ︾ ᠭᠡᠰᠡᠨ ᠳᠡᠯᠭᠡᠨ ᠦᠵᠡᠬᠦᠯᠦᠯᠭᠡ ᠶᠠᠪᠤᠬᠳᠠᠵᠤ᠂ ᠳᠤᠰ ᠳᠡᠯᠭᠡᠨ ᠦᠵᠡᠬᠦᠯᠦᠯᠭᠡ ᠳᠤ | ᠳᠤᠮᠳᠠᠳᠤ ᠤᠯᠤᠰ ᠤᠨ ᠲᠠᠶᠢᠪᠸᠢ ᠠᠴᠠ ︽ᠳᠡᠯᠡᠬᠡᠢ ᠳᠡᠭᠡᠷᠡᠭᠢ ᠬᠠᠮᠤᠬ ᠡᠷᠳᠡᠨ ᠤ ᠴᠢᠩᠬᠢᠰ ᠬᠠᠭᠠᠨ ᠤ ᠬᠦᠷᠦᠭ︾ | ᠭᠡᠰᠡᠨ ᠲᠤᠳᠤᠷᠬᠠᠶᠢᠯᠠᠯ ᠲᠠᠢ ᠵᠢᠷᠤᠬ ᠢ ᠬᠦᠷᠭᠡᠨ ᠢᠷᠡᠵᠦ ᠳᠡᠯᠭᠡᠨ ᠦᠵᠡᠬᠦᠯᠦᠯᠭᠡ ᠳᠤ ᠤᠷᠤᠯᠴᠠᠭᠤᠯᠵᠤ ᠳᠡᠯᠡᠭᠡᠢ | ᠨᠡᠶᠢᠳᠡ ᠶᠢᠨ ᠲᠡᠦᠭᠡ ᠶᠢᠨ ᠪᠤᠯᠤᠨ ᠤᠷᠠᠯᠢᠬ ᠤᠨ ᠡᠳᠡᠭᠡᠳ ᠤᠨ ᠠᠩᠬᠠᠷᠤᠯ ᠢ ᠳᠠᠳᠠᠵᠤ ᠪᠢᠯᠠ᠃ | ᠳᠡᠮᠳᠡᠭᠯᠡᠯ ᠢ ᠦᠨᠳᠦᠰᠦᠯᠡᠪᠡᠯ᠂ ᠮᠠᠨ ᠤ ᠤᠯᠤᠰ ᠲᠤ ᠦᠶ᠎ᠡ ᠤᠯᠠᠮᠵᠢᠯᠠᠬᠳᠠᠵᠤ ᠢᠷᠡᠭᠰᠡᠨ ᠴᠢᠩᠬᠢᠰ ᠬᠠᠭᠠᠨ ᠤ | ᠬᠤᠪᠤᠷ ᠦᠨᠡᠲᠦ ᠬᠦᠷᠦᠭ ᠬᠤᠶᠠᠷᠬᠠᠨ ᠪᠠᠶᠢᠵᠤ᠂ ᠨᠢᠭᠡ ᠨᠢ ᠳᠤᠮᠳᠠᠳᠤ ᠤᠯᠤᠰ ᠤᠨ ᠳᠡᠦᠭᠡᠨ ᠮᠥᠽᠧᠢ ᠳᠤ | ᠬᠠᠳᠠᠭᠠᠯᠠᠬᠳᠠᠵᠤ᠂ ᠨᠥᠬᠦᠭᠡ ᠨᠢ ᠲᠠᠶᠢᠪᠸᠢ ᠳᠠᠬᠢ ᠬᠠᠭᠠᠨ ᠤ ᠤᠷᠳᠤᠨ ᠤ ᠮᠥᠽᠧᠢ ᠳᠤ ᠬᠠᠳᠠᠭᠠᠯᠠᠬᠳᠠᠵᠤ ᠪᠤᠢ᠃ | ᠡᠨᠡ ᠬᠤᠶᠠᠷ ᠬᠥᠷᠦᠭ ᠵᠢᠷᠤᠬ ᠤᠨ ᠠᠯᠢ ᠨᠢ ᠴᠤᠬᠤᠮ ᠬᠠᠮᠤᠬ ᠡᠷᠳᠡᠨ ᠤ ᠵᠢᠷᠤᠬ ᠪᠤᠢ︖ ᠡᠨᠡᠬᠦ ᠠᠰᠠᠭᠤᠳᠠᠯ ᠢ | ᠲᠤᠳᠤᠷᠬᠠᠶᠢᠯᠠᠬᠤ ᠶᠢᠨ ᠲᠥᠯᠦᠭᠡ ᠵᠤᠬᠢᠶᠠᠬᠴᠢ ᠠᠴᠠ 10 ᠶᠢᠨ 11 ᠳᠤ ᠲᠤᠰᠬᠠᠶᠢᠯᠠᠨ ᠪᠡᠬᠡᠵᠢᠩ ᠳᠤ ᠬᠦᠷᠴᠦ᠂ | ᠤᠯᠤᠰ ᠤᠨ ᠡᠷᠳᠡᠨᠢ ᠶᠢ ᠬᠢᠨᠠᠨ ᠳᠤᠬᠳᠠᠭᠠᠬᠤ ︽ᠨᠠᠪᠳᠡᠷᠬᠡᠢ ᠴᠢᠳᠠᠪᠥᠷᠢᠳᠠᠨ︾ ᠭᠡᠵᠦ ᠠᠯᠳᠠᠷᠰᠢᠬᠰᠠᠨ ᠱᠢ ᠱᠦ ᠴᠢᠩ | ᠨᠠᠰᠤᠲᠠᠨ ︵83 ᠨᠠᠰᠤᠲᠠᠢ︶ ᠢ ᠰᠤᠷᠪᠤᠯᠵᠢᠯᠠᠪᠠ᠃ ᠱᠢ ᠱᠦ ᠴᠢᠩ ᠨᠠᠰᠤᠲᠠᠨ ᠪᠤᠯ ᠳᠤᠬᠠᠢ ᠶᠢᠨ ᠵᠢᠯ ᠳᠤ | ᠥᠪᠡᠷ ᠤᠨ ᠪᠡᠶ᠎ᠡ ᠪᠠᠷ ᠢᠶᠠᠨ ᠴᠢᠩᠬᠢᠰ ᠬᠠᠭᠠᠨ ᠤ ᠬᠦᠷᠦᠭ ᠲᠤ ᠬᠢᠨᠠᠨ ᠳᠤᠬᠳᠠᠭᠠᠯᠳᠠ ᠬᠢᠭᠰᠡᠨ ᠮᠥᠷᠳᠡᠭᠡᠨ ᠤᠳᠤ | ᠡᠷᠡᠬᠦᠯ ᠮᠡᠨᠲᠦ ᠪᠠᠶᠢᠭ᠎ᠠ ᠴᠤᠷ ᠤᠨ ᠭᠠᠭᠴᠠ ᠬᠡᠷᠡᠴᠢᠯᠡᠭᠴᠢ ᠪᠤᠯᠤᠨ᠎ᠠ᠃ | ᠪᠤᠯᠵᠤᠬᠰᠠᠨ ᠶᠤᠰᠤᠭᠠᠷ ᠱᠢ ᠨᠠᠰᠤᠳᠠᠨ ᠤ ᠬᠡᠷ ᠬᠦᠷᠬᠦ ᠳᠤ ᠱᠢ ᠨᠠᠰᠤᠳᠠᠨ ᠰᠠᠶ᠋ᠢᠬᠠᠨ ᠡᠮᠨᠡᠯᠭᠡ ᠶᠢᠨ | ᠬᠤᠷᠢᠶ᠎ᠠ ᠠᠴᠠ ᠭᠠᠷᠴᠤ ᠢᠷᠡᠭᠡᠳ ᠪᠠᠶᠢᠭᠰᠠᠨ ᠪᠤᠯᠬᠤᠷ ᠥᠪᠡᠷ ᠤᠨ ᠪᠡᠶ᠎ᠡ ᠪᠠᠨ ᠳᠥᠬᠦᠮᠬᠡᠨ ᠳᠠᠨᠢᠯᠴᠠᠭᠤᠯᠤᠭᠠᠳ | ᠭᠤᠤᠯ ᠰᠡᠳᠦᠪ ᠲᠡᠭᠡᠨ ᠤᠷᠤᠯ᠎ᠠ᠃ ᠱᠢ ᠨᠠᠰᠤᠳᠠᠨ ᠳᠤᠬᠠᠢ ᠶᠢᠨ ᠵᠢᠯ ᠴᠢᠩᠬᠢᠰ ᠬᠠᠭᠠᠨ ᠤ ᠬᠥᠷᠦᠭ ᠵᠢᠷᠤᠬ ᠢ ᠬᠢᠨᠠᠨ | ᠳᠤᠬᠳᠠᠭᠠᠬᠤ ᠳᠤ ᠤᠷᠤᠯᠴᠠᠬᠰᠠᠨ ᠢᠶᠠᠷ ᠪᠠᠷᠠᠬᠤ ᠦᠭᠡᠢ᠂ ᠮᠥᠨ ᠬᠠᠮᠤᠬ ᠤᠨ ᠡᠷᠳᠡ ᠢᠯᠡᠷᠡᠬᠦᠯᠵᠦ ᠮᠡᠳᠡᠭᠰᠡᠨ | ᠬᠦᠮᠦᠨ ᠶᠤᠮ᠃ 1953 ᠤᠨ ᠤ 9 ᠰᠠᠷ᠎ᠠ ᠶᠢᠨ ᠨᠢᠭᠡ ᠡᠳᠦᠷ ᠱᠢ ᠱᠦ ᠴᠢᠩ ᠬᠠᠮᠳᠤ ᠰᠤᠷᠤᠬᠴᠢ ᠪᠠᠨ ᠳᠠᠭᠠᠵᠤ | ᠴᠧᠨ ᠶᠢ ᠬᠡᠰᠡᠨ ᠬᠦᠮᠦᠨ ᠤ ᠭᠡᠷ ᠲᠤ ᠤᠴᠢᠵᠠᠢ᠃ ᠳᠤᠬᠠᠢ ᠶᠢᠨ ᠦᠶ᠎ᠡ ᠳᠤ ᠱᠢ ᠱᠦ ᠴᠢᠩ ᠪᠡᠬᠡᠵᠢᠩ ᠤᠨ ᠳᠡᠦᠭᠡᠨ | ᠮᠥᠽᠧᠢ ᠳᠤ ᠠᠵᠢᠯᠯᠠᠵᠤ ᠪᠠᠶᠢᠪᠠ᠃ ᠴᠧᠨ ᠶᠢ ᠶᠢᠨ ᠭᠡᠷ ᠲᠤ ᠨᠢᠭᠡᠨ ᠵᠢᠷᠤᠮᠠᠯ ᠬᠦᠷᠦᠭ ᠪᠠᠶᠢᠭᠰᠠᠨ ᠨᠢ ᠲᠠᠷᠤᠢ | ᠶᠤᠧᠠᠨ ᠲᠠᠶᠢᠽᠤ ᠴᠢᠩᠬᠢᠰ ᠬᠠᠭᠠᠨ ᠤ ᠬᠦᠷᠦᠭ ᠪᠠᠶᠢᠵᠠᠢ᠃ ᠡᠨᠡ ᠬᠥᠷᠦᠭ ᠤᠨ ᠦᠨᠳᠦᠷ ᠨᠢ 58 · 3 ᠰᠠᠨᠲ᠋ᠢᠮᠧᠳ᠋ᠷ | ᠂ ᠥᠷᠭᠡᠨ ᠨᠢ 40 · 8 ᠰᠠᠨᠲ᠋ᠢᠮᠧᠳ᠋ᠷ᠂ ᠴᠠᠭᠠᠨ ᠴᠠᠭᠠᠰᠤᠨ ᠳᠡᠭᠡᠷᠡᠬᠢ ᠬᠥᠬᠡᠪᠲᠦᠷ ᠦᠩᠬᠡ ᠲᠠᠢ ᠳᠡᠭᠡᠷ᠎ᠡ ᠬᠠᠭᠠᠰ | ᠪᠡᠶ᠎ᠡ ᠶᠢᠨ ᠵᠢᠷᠤᠬ ᠪᠠᠶᠢᠯ᠎ᠠ᠃ ᠲᠤᠯᠤᠭᠠᠢ ᠳᠠᠭᠠᠨ ᠴᠠᠭᠠᠨ ᠭᠠᠳᠠᠷ᠂ ᠬᠠᠷ᠎ᠠ ᠳᠤᠳᠤᠷ᠎ᠠ ᠲᠠᠢ ᠠᠷᠠᠰᠤᠨ ᠮᠠᠯᠠᠭᠠᠢ ︵ | ᠪᠠᠷᠤᠬ ᠪᠤᠯᠠᠭᠠᠨ ᠠᠷᠠᠰᠤ ᠮᠠᠭᠠᠳ︶ ᠵᠡᠬᠦᠵᠦ᠂ ᠪᠡᠶ᠎ᠡ ᠳᠡᠭᠡᠨ ᠬᠦᠶᠦᠬᠡᠨ ᠰᠢᠷᠠᠪᠲᠤᠷ ᠨᠤᠯᠤᠤᠷ ᠤᠨ ᠴᠠᠮᠴᠠ | ᠬᠡᠲᠦᠷᠴᠦ᠂ ᠬᠥᠷᠡᠩ ᠤᠯᠠᠭᠠᠨ ᠴᠢᠷᠠᠢ ᠲᠠᠢ᠂ ᠪᠢᠳᠡᠬᠦᠦ ᠰᠠᠬᠠᠯ ᠲᠠᠢ᠂ ᠮᠠᠩᠨᠠᠢ ᠶᠢᠨ ᠦᠰᠦ ᠨᠢ ᠤᠷᠤᠬᠰᠢ ᠪᠠᠨ | ᠪᠠᠭ᠋ᠠᠨ ᠴᠤᠬᠤᠶᠢᠵᠤ ᠰᠠᠯᠭᠠᠯᠠᠭᠠᠳ᠂ ᠦᠰᠦ ᠨᠢ ᠳᠤᠷᠤᠬᠰᠢ ᠤᠨᠵᠠᠶᠢᠵᠤ᠂ ᠶᠠᠬ ᠤᠳᠤᠬᠢ ᠤᠶᠢᠭᠤᠷ ᠬᠡᠦᠬᠡᠨ ᠤ | ᠰᠠᠯᠠᠭᠠᠯᠠᠨ ᠬᠦᠷᠦᠭᠰᠡᠨ ᠬᠡᠵᠢᠭᠡ ᠰᠢᠭ ᠪᠠᠶᠢᠪᠠ᠃ ᠬᠥᠷᠦᠭ ᠤᠨ ᠵᠡᠬᠦᠨ ᠳᠡᠭᠡᠲᠦ ᠦᠨᠴᠦᠭ ᠲᠤᠨᠢ ︽ᠲᠠᠶᠢᠽᠤ | ᠬᠠᠭᠠᠨ ᠳᠠᠷᠤᠢ ᠴᠢᠩᠬᠢᠰ ᠬᠠᠭᠠᠨ ᠳᠠᠮᠦᠵᠢᠨ ᠬᠡᠮᠡᠮᠦᠢ︾ ᠬᠡᠵᠦ ᠪᠢᠴᠢᠭᠰᠡᠨ ᠪᠠᠶᠢᠯ᠎ᠠ᠃ | ᠴᠧᠨ ᠶᠢ ᠪᠤᠯ 1870 ᠤᠨ ᠤ ᠲᠥᠷᠦᠭᠰᠡᠨ ᠬᠤᠨᠠᠨ ᠤ ᠠᠨ ᠯᠦ ᠶᠢᠨ ᠬᠦᠮᠦᠨ᠃ ᠤᠷᠢᠳ ᠬᠤᠵᠢᠳ | ᠪᠡᠬᠡᠵᠢᠩ ᠤᠨ ᠵᠠᠰᠠᠬ ᠤᠨ ᠤᠷᠳᠤᠨ ᠤ ᠵᠥᠪᠯᠡᠭᠴᠢ ᠶᠢᠨ ᠬᠡᠯᠳᠡᠰ ᠤᠨ ᠳᠡᠳ᠋ ᠳᠠᠷᠤᠭ᠎ᠠ᠂ ᠬᠤᠨᠠᠨ ᠮᠤᠵᠢ ᠶᠢᠨ | ᠴᠡᠷᠢᠭ ᠤᠨ ᠨᠤᠶᠠᠨ ᠪᠥᠭᠡᠳ ᠮᠤᠵᠢ ᠶᠢᠨ ᠵᠠᠬᠢᠷᠭᠠᠨ ᠤ ᠳᠠᠷᠤᠭ᠎ᠠ᠂ ᠮᠢᠩ ᠸᠧᠢ ᠵᠠᠩᠵᠤᠨ ᠪᠥᠭᠡᠳ ᠴᠡᠷᠢᠭ ᠤᠨ | ᠶᠠᠪᠤᠳᠠᠯ ᠤᠨ ᠦᠷᠡᠭᠳᠡᠭᠰᠡᠳ ᠤᠨ ᠶᠠᠪᠤᠳᠠᠯ ᠢ ᠰᠻᠢᠳᠪᠥᠷᠢᠯᠡᠬᠦ ᠵᠥᠪᠯᠡᠯ ᠤᠨ ᠬᠡᠰᠢᠬᠦᠨ ᠪᠠᠶᠢᠵᠠᠢ᠃ ᠴᠧᠨ ᠶᠢ | ᠵᠥᠪᠯᠡᠭᠴᠢ ᠶᠢᠨ ᠬᠡᠯᠳᠡᠰ ᠤᠨ ᠳᠡᠳ᠋ ᠳᠠᠷᠤᠭ᠎ᠠ ᠪᠠᠶᠢᠬᠤ ᠳᠠᠭᠠᠨ᠂ ᠢᠷᠭᠡᠨ ᠤᠯᠤᠰ ᠤᠨ ᠠᠩᠬᠠᠨ ᠤ ᠤᠨ ︵ᠪᠠᠷᠤᠬ | 1912 ᠤᠨ︶ ᠳᠤ ᠮᠤᠩᠭᠤᠯ ᠭᠠᠵᠠᠷ ᠢᠶᠠᠷ ᠪᠠᠶᠢᠴᠠᠭᠠᠨ ᠦᠵᠡᠬᠦ ᠦᠶᠡᠰ ᠨᠢᠭᠡᠨ ᠮᠤᠩᠭᠤᠯ ᠸᠠᠩ ᠡᠨᠡᠬᠦ ᠬᠥᠷᠦᠭ ᠢ | ᠳᠡᠬᠦᠨ ᠳᠤ ᠪᠡᠯᠡᠭ ᠪᠤᠯᠭᠠᠨ ᠬᠦᠷᠭᠡᠭᠰᠡᠨ ᠪᠠᠶᠢᠵᠠᠢ᠃ | ᠱᠢ ᠨᠠᠰᠤᠳᠠᠨ ︽ᠡᠨᠡᠬᠦ ᠬᠥᠷᠦᠭ ᠤᠨ ᠦᠨ᠎ᠡ ᠴᠠᠨ᠎ᠠ᠂ ᠤᠳᠬ᠎ᠠ ᠠᠭᠤᠯᠭ᠎ᠠ ᠲᠦᠢᠯ ᠤᠨ ᠴᠢᠬᠤᠯᠠ᠃ ᠡᠨᠡᠬᠦ | ᠬᠥᠷᠦᠭ ᠤᠨ ᠳᠤᠬᠠᠢ ᠥᠪᠦᠷ ᠮᠤᠩᠭᠤᠯ ᠤᠨ ᠬᠦᠮᠦᠰ ᠲᠤ ᠨᠠᠷᠢᠨ ᠳᠤᠳᠤᠷᠬᠠᠢ ᠳᠤᠰᠢᠶᠠᠬᠤ ᠪᠠᠷ ᠪᠠᠷᠠᠬᠤ ᠦᠭᠡᠢ | ᠪᠥᠬᠦ ᠰᠤᠳᠤᠯᠭᠠᠨ ᠤ ᠬᠥᠷᠢᠶ᠎ᠡ ᠬᠡᠪᠴᠢᠶᠠᠨ ᠳᠤ ᠴᠢᠩᠭ᠎ᠠ ᠨᠢᠮᠪᠠᠢ ᠬᠠᠷᠢᠭᠤᠴᠠᠬᠤ ᠬᠡᠷᠡᠭᠲᠡᠢ︾ ᠬᠡᠵᠦ ᠪᠠᠶᠢᠯ᠎ᠠ᠃ | ᠳᠡᠭᠡᠷ᠎ᠡ ᠵᠠᠭᠤᠨ ᠤ ᠵᠢᠷᠠᠭᠠᠳ ᠤᠨ ᠤ ᠦᠶ᠎ᠡ ᠪᠠᠷ ᠰᠠᠶ᠋ᠢ ᠡᠨᠡᠬᠦ ᠬᠥᠷᠦᠭ ᠤᠨ ᠦᠨ᠎ᠡ ᠴᠠᠨ᠎ᠠ ᠶᠢ ᠵᠢᠩᠬᠢᠨᠢ ᠤᠯᠵᠤ | ᠮᠡᠳᠡᠵᠠᠢ᠃ 1963 ᠤᠨ ᠤ ᠡᠬᠢ ᠪᠠᠷ ᠰᠤᠶᠤᠯ ᠤᠨ ᠶᠠᠮᠤᠨ ᠠᠴᠠ ᠵᠠᠩ ᠾᠧᠩ᠂ ᠰᠢᠶᠧ ᡁᠢ ᠯᠢᠦ᠂ ᠬᠠᠨ ᠱᠧᠨ | ᠰᠢᠶᠠᠨ᠂ ᠴᠢ ᠬᠥᠩ᠂ ᠱᠢ ᠱᠦ ᠴᠢᠩ ᠵᠡᠷᠭᠡ ᠳᠤᠰᠬᠠᠢ ᠮᠡᠷᠭᠡᠵᠢᠯᠳᠠᠨ ᠢ ᠵᠤᠬᠢᠶᠠᠨ ᠪᠠᠶᠢᠭᠤᠯᠵᠤ᠂ ᠡᠨᠡᠬᠦ | ᠬᠥᠷᠦᠭ ᠲᠤ ᠬᠢᠨᠠᠨ ᠳᠤᠬᠳᠠᠭᠠᠯᠳᠠ ᠬᠢᠭᠰᠡᠨ ᠪᠠᠶᠢᠨ᠎ᠠ᠃ ᠡᠨᠡᠬᠦ ᠬᠥᠷᠦᠭ ᠤᠨ ᠴᠠᠭᠠᠰᠤᠨ ᠤ ᠴᠢᠨᠠᠷ᠂ ᠦᠩᠬᠡ ᠪᠤᠳᠤᠬ | ᠂ ᠳᠥᠷᠢ ᠪᠠᠶᠢᠳᠠᠯ᠂ ᠪᠢᠴᠢᠭᠡᠰᠦ᠂ ᠬᠡᠪ ᠨᠠᠮᠪᠠ ᠵᠡᠷᠭᠡ ᠲᠠᠯ᠎ᠠ ᠪᠠᠷ ᠬᠢᠨᠠᠨ ᠳᠤᠬᠳᠠᠭᠠᠯᠳᠠ ᠬᠢᠬᠡᠳ ᠳᠤᠰᠬᠠᠢ | ᠮᠡᠷᠭᠡᠵᠢᠯᠳᠠᠳ ︽ᠡᠨᠡ ᠪᠤᠯ ᠶᠤᠧᠠᠨ ᠤᠯᠤᠰ ᠤᠨ ᠦᠶ᠎ᠡ ᠳᠤ ᠪᠥᠲᠦᠭᠡᠭᠳᠡᠭᠰᠡᠨ ᠬᠠᠮᠤᠬ ᠡᠷᠳᠡᠨ ᠤ ᠦᠨᠡᠨ ᠪᠥᠲᠦᠭᠡᠯ | ᠮᠥᠨ︾ ᠬᠡᠵᠦ ᠰᠠᠨᠠᠯ ᠨᠢᠭᠡᠲᠠᠢ ᠪᠠᠲᠤᠯᠠᠪᠠ᠃ ᠡᠨᠡᠬᠦ ᠬᠥᠷᠦᠭ ᠢ ᠴᠢᠩᠬᠢᠰ ᠬᠠᠭᠠᠨ ᠤ ᠠᠮᠢᠳᠤ ᠪᠠᠶᠢᠭ᠎ᠠ ᠦᠶ᠎ᠡ ᠳᠤ | ᠪᠥᠲᠦᠭᠡᠯᠡ ᠬᠡᠵᠦ ᠨᠤᠳᠠᠯᠠᠬᠤ ᠶᠢᠨ ᠠᠷᠭ᠎ᠠ ᠦᠭᠡᠢ ᠪᠤᠯᠪᠠᠴᠤ ᠲᠠᠶᠢᠽᠤ ᠬᠠᠭᠠᠨ ᠨᠠᠰᠤ ᠨᠥᠬᠦᠴᠡᠭᠰᠡᠨ ᠤ ᠳᠠᠷᠠᠭᠠᠬᠠᠨ | ᠵᠢᠷᠦᠵᠤ ᠪᠥᠲᠦᠭᠡᠭᠰᠡᠨ ᠥᠳᠡᠯᠦᠭᠡ ᠨᠠᠰᠤᠨ ᠤ ᠬᠢᠨᠢ ᠬᠥᠷᠦᠭ ᠬᠡᠵᠦ ᠬᠡᠯᠡᠵᠦ ᠪᠤᠯᠤᠨ᠎ᠠ᠃ ︽ᠶᠤᠧᠠᠨ ᠤ ᠳᠡᠦᠭᠡ | ᠳᠠᠬᠢᠯᠭ᠎ᠠ ᠶᠢᠨ ᠳᠡᠮᠳᠡᠭᠯᠡᠯ︾ ᠢ ᠦᠨᠳᠦᠰᠦᠯᠡᠪᠡᠯ ᠶᠤᠧᠠᠨ ᠤᠯᠤᠰ ᠤᠨ ᠦᠶ᠎ᠡ ᠶᠢᠨ ᠮᠤᠩᠭᠤᠯ ᠦᠨᠳᠦᠰᠦᠲᠡᠨ ᠤ | ᠠᠯᠳᠠᠷᠲᠤ ᠵᠢᠷᠤᠬᠴᠢᠨ ᠬᠠᠷᠬᠤᠰᠤᠨ ᠤ ᠪᠥᠲᠦᠭᠡᠯ ᠪᠤᠯᠤᠨ᠎ᠠ᠃ ᠡᠨᠡ ᠨᠢ ᠳᠡᠦᠭᠡ ᠰᠤᠳᠤᠷ ᠤᠨ ᠳᠠᠮᠳᠡᠭᠯᠡᠯ ᠲᠠᠢ ᠶᠠᠬ | ᠨᠡᠶᠢᠴᠡᠵᠦ ᠪᠠᠶᠢᠨ᠎ᠠ᠃ ᠡᠶᠢᠮᠦ ᠠᠴᠠ ᠡᠨᠡᠬᠦ ᠬᠥᠷᠦᠭ ᠪᠤᠯ ᠤᠯᠤᠰ ᠤᠨ ᠨᠢᠭᠡᠲᠦᠭᠡᠷ ᠳᠡᠰ ᠤᠨ ᠳᠡᠦᠭᠡᠨ ᠳᠤᠷᠠᠰᠬᠠᠯᠲᠤ | ᠵᠦᠢᠯᠡᠰ ᠪᠤᠯᠤᠨ᠎ᠠ᠃ ᠳᠠᠷᠤᠢ ᠤᠯᠤᠰ ᠤᠨ ᠡᠷᠳᠡᠨᠢ ᠮᠥᠨ᠃ | ︽ᠡᠨᠡ ᠵᠢᠯ ᠤᠨ 6 ᠰᠠᠷ᠎ᠠ ᠶᠢᠨ 15 ᠳᠤ ᠭᠧᠷᠮᠠᠨ ᠤ ᠪᠤᠨ ᠬᠤᠳᠠ ᠳᠤ ᠳᠡᠯᠭᠡᠭᠳᠡᠭᠰᠡᠨ ᠲᠠᠶᠢᠪᠸᠢ ᠶᠢᠨ | ᠬᠠᠭᠠᠨ ᠤ ᠤᠷᠳᠤᠨ ᠳᠤ ᠬᠠᠳᠠᠭᠠᠯᠠᠬᠳᠠᠵᠤ ᠪᠠᠶᠢᠭ᠎ᠠ ᠴᠢᠩᠬᠢᠰ ᠬᠠᠭᠠᠨ ᠤ ᠬᠥᠷᠦᠭ ᠪᠤᠯ ᠮᠢᠩ ᠤᠯᠤᠰ ᠤᠨ ᠦᠶ᠎ᠡ ᠳᠤ | ᠪᠥᠲᠦᠭᠡᠭᠳᠡᠭᠰᠡᠨ ᠬᠠᠭᠤᠯᠪᠤᠷᠢ ᠪᠥᠲᠦᠭᠡᠯ ᠪᠤᠯᠤᠨ᠎ᠠ᠃ ᠳᠡᠬᠦᠨ ᠤ ᠦᠨᠳᠦᠷ ᠨᠢ 59 · 4 ᠰᠠᠨᠲ᠋ᠢᠮᠧᠳ᠋ᠷ᠂ ᠥᠷᠭᠡᠨ ᠨᠢ | 47 ᠰᠠᠨᠲ᠋ᠢᠮᠧᠳ᠋ᠷ᠃ ᠡᠨᠡᠬᠦ ᠬᠥᠷᠦᠭ ᠬᠡᠳᠦ᠋ᠢᠪᠡᠷ ᠬᠠᠭᠤᠯᠪᠤᠷᠢ ᠵᠢᠷᠤᠬ ᠪᠤᠯᠬᠤ ᠪᠤᠯᠪᠠᠴᠤ ᠳᠡᠷᠡ ᠨᠢ ᠶᠤᠧᠠᠨ | ᠤᠯᠤᠰ ᠤᠨ ᠦᠶ᠎ᠡ ᠳᠤ ᠪᠥᠲᠦᠭᠡᠭᠳᠡᠭᠰᠡᠨ ᠳᠤᠮᠳᠠᠳᠤ ᠤᠯᠤᠰ ᠤᠨ ᠳᠡᠦᠭᠡᠨ ᠮᠦᠽᠧᠢ ᠳᠤ ᠬᠠᠳᠠᠭᠠᠯᠠᠬᠳᠠᠵᠤ ᠪᠠᠶᠢᠭ᠎ᠠ | ᠴᠢᠩᠬᠢᠰ ᠤᠨ ᠬᠥᠷᠦᠭ ᠤᠨ ᠳᠠᠷᠠᠭ᠎ᠠ ᠳᠤ ᠤᠷᠤᠬᠤ ᠦᠨ᠎ᠡ ᠴᠠᠨ᠎ᠠ ᠲᠠᠢ ᠪᠥᠲᠦᠭᠡᠯ ᠪᠤᠯᠤᠨ᠎ᠠ︾ ᠬᠡᠵᠦ ᠱᠢ ᠨᠠᠰᠤᠳᠠᠨ | ᠨᠤᠳᠠᠯᠠᠪᠠ᠃ ᠱᠢ ᠱᠦ ᠴᠢᠩ ᠠᠪᠤᠭᠠᠢ ᠪᠤᠯ ᠲᠡᠦᠭᠡᠨ ᠳᠤᠷᠠᠰᠬᠠᠯᠲᠤ ᠵᠦᠢᠯᠡᠰ ᠲᠤ ᠬᠢᠨᠡᠨ ᠳᠤᠬᠳᠠᠭᠠᠯᠳᠠ ᠬᠢᠬᠦ | ᠲᠠᠯ᠎ᠠ ᠪᠠᠷ ᠨᠠᠷᠠ ᠠᠯᠳᠠᠷᠰᠢᠬᠰᠨᠨ ᠶᠡᠭᠡ ᠡᠷᠳᠡᠮᠳᠡᠨ ᠶᠤᠮ᠃ ᠳᠤᠮᠳᠠᠳᠤ ᠤᠯᠤᠰ ᠤᠨ ᠲᠡᠦᠭᠡ ᠶᠢᠨ ᠮᠦᠽᠧᠢ ᠶᠢᠨ | ᠮᠠᠰᠢ ᠤᠯᠠᠨ ᠳᠡᠦᠭᠡᠨ ᠳᠤᠷᠠᠰᠬᠠᠯᠲᠤ ᠵᠦᠢᠯᠡᠰ ᠳᠡᠬᠦᠨ ᠤ ᠭᠠᠷ ᠢᠶᠠᠷ ᠳᠠᠮᠵᠢᠨ ᠬᠢᠨᠠᠨ ᠳᠤᠬᠳᠠᠭᠠᠬᠳᠠᠬᠰᠠᠨ ᠪᠠᠶᠢᠨ᠎ᠠ᠃ | ᠳᠡᠷᠡ 83 ᠨᠠᠰᠤᠯᠠᠲᠠᠯ᠎ᠠ ᠪᠠᠨ 100 ᠲᠥᠮᠡ ᠭᠠᠷᠤᠢ ᠳᠡᠦᠭᠡᠨ ᠳᠤᠷᠠᠰᠬᠠᠯᠲᠤ ᠵᠦᠢᠯᠡᠰ ᠲᠤ ᠬᠢᠨᠠᠨ ᠳᠤᠬᠳᠠᠭᠠᠯᠳᠠ | ᠬᠢᠭᠰᠡᠨ ᠶᠤᠮ᠃ | ᠳᠤᠰ ᠤᠳᠠᠭ᠎ᠠ ᠪᠡᠬᠡᠵᠢᠩ ᠳᠤ ᠬᠦᠷᠴᠦ ᠱᠢ ᠨᠠᠰᠤᠲᠠᠨ ᠢ ᠰᠤᠷᠪᠤᠯᠵᠢᠯᠠᠭᠠᠳ ᠡᠨᠡ 2 ᠬᠥᠷᠦᠭ ᠤᠨ ᠦᠨ᠎ᠡ | ᠴᠠᠨ᠎ᠠ · ᠦᠨᠡᠨ ᠬᠤᠳᠠᠯ ᠢ ᠢᠯᠭᠠᠨ ᠳᠤᠳᠤᠯᠠᠭᠠᠳ ᠰᠡᠳᠬᠢᠯ ᠳᠥᠬᠦᠷᠡᠩ ᠪᠤᠴᠠᠬᠤ ᠳᠠᠭᠠᠨ ︽ᠡᠨᠡ ᠵᠢᠯ ᠤᠨ | ᠡᠴᠦᠰ ᠢᠶᠠᠷ ᠬᠦᠬᠡᠬᠤᠳᠠ ᠳᠤ ᠠᠩᠬᠠᠳᠤᠭᠠᠷ ᠤᠳᠠᠭᠠᠨ ᠤ ︿ᠬᠤᠶᠠᠳᠠᠬᠢ ᠮᠢᠩᠭᠠᠨ ᠤ ᠨᠠᠷᠠ ᠴᠤᠤᠲᠤ ᠬᠦᠮᠦᠨ — | — ᠴᠢᠩᠬᠢᠰ ᠬᠠᠭᠠᠨ﹀ ᠬᠡᠰᠡᠨ ᠬᠡᠷᠡᠯ ᠵᠢᠷᠤᠬ ᠤᠨ ᠳᠡᠯᠭᠡᠨ ᠦᠵᠡᠬᠦᠯᠦᠯᠭᠡ ᠡᠷᠬᠢᠯᠡᠬᠦ ᠬᠡᠵᠦ ᠪᠠᠶᠢᠭ᠎ᠠ | ᠳᠠᠰᠢᠷᠠᠮ ᠳᠤ ᠳᠤᠮᠳᠠᠳᠤ ᠤᠯᠤᠰ ᠤᠨ ᠳᠡᠦᠭᠡᠨ ᠮᠥᠽᠸᠢ ᠳᠤ ᠬᠠᠳᠠᠭᠠᠯᠠᠵᠤ ᠪᠠᠶᠢᠭ᠎ᠠ ᠳᠠᠰᠢᠷᠠᠮ ᠳᠤ ᠳᠤᠮᠳᠠᠳᠤ | ᠤᠯᠤᠰ ᠤᠨ ᠳᠡᠦᠭᠡᠨ ᠮᠥᠽᠧᠢ ᠳᠤ ᠬᠠᠳᠠᠭᠠᠯᠠᠵᠤ ᠪᠠᠶᠢᠭ᠎ᠠ ᠴᠢᠩᠬᠢᠰ ᠬᠠᠭᠠᠨ ᠤ ᠬᠥᠷᠦᠭ ᠢ ᠡᠬᠡ ᠨᠤᠲᠤᠬ ᠲᠤᠨᠢ | ᠵᠠᠯᠠᠨ ᠠᠪᠴᠢᠷᠠᠵᠤ ᠦᠵᠡᠰᠬᠦᠯᠡᠩ ᠳᠤ ᠤᠷᠤᠯᠴᠠᠭᠤᠯᠵᠤ ᠪᠤᠯᠤᠨᠠᠤ︖︾ ᠬᠡᠵᠦ ᠱᠢ ᠨᠠᠰᠤᠲᠠᠨ ᠠᠴᠠ | ᠠᠰᠠᠭᠤᠬᠤ ᠳᠤ ᠱᠢ ᠨᠠᠰᠤᠲᠠᠨ ᠶᠠᠬᠡᠳᠡ ᠪᠠᠶᠠᠷᠯᠠᠵᠤ ︽ᠡᠨᠡ ᠪᠤᠯ ᠰᠠᠶᠢᠨ ᠶᠠᠪᠤᠳᠠᠯ᠂ ︿ᠴᠢᠩᠬᠢᠰ ᠬᠠᠭᠠᠨ﹀ | ᠨᠤᠲᠤᠬ ᠲᠠᠭᠠᠨ ᠮᠤᠷᠢᠯᠠᠨ ᠰᠠᠭᠠᠳᠠᠵᠤ ᠥᠪᠦᠷ ᠮᠤᠩᠭᠤᠯ ᠤᠨ ᠦᠢ ᠤᠯᠠᠨ ᠲᠠᠢ ᠪᠠᠨ ᠵᠤᠯᠭᠠᠬᠤ ᠪᠤᠯ ᠦᠵᠦᠬᠦᠷᠯᠡᠰᠢ | ᠦᠭᠡᠢ ᠶᠡᠭᠡ ᠪᠠᠶᠠᠷ ᠮᠥᠨ᠂ ᠬᠡᠪᠡᠴᠦ ᠤᠯᠤᠰ ᠤᠨ ᠡᠷᠳᠡᠨᠢ ᠳᠤᠯᠠ ᠠᠪᠴᠤ ᠭᠠᠷᠭᠠᠭᠠᠳ ᠨᠠᠰᠢ ᠴᠠᠰᠢ ᠠᠪᠴᠤ | ᠶᠠᠪᠤᠬᠤ ᠳᠤ ᠲᠡᠶᠢᠮᠦ ᠬᠢᠯᠪᠡᠷ ᠶᠠᠪᠤᠳᠠᠯ ᠪᠢᠰᠢ᠃ ᠡᠶᠢᠮᠦ ᠠᠴᠠ ᠨᠡᠷᠢᠨ ᠨᠢᠬᠳᠠ ᠪᠠᠶᠢᠷᠢᠰᠢᠭᠤᠯᠬᠤ ᠬᠡᠷᠡᠭᠲᠡᠢ︾ ᠭᠡᠵᠦ | ᠪᠠᠶᠢᠯ᠎ᠠ᠃ ᠪᠥᠬᠦ ᠥᠪᠦᠷ ᠮᠤᠩᠭᠤᠯᠴᠤᠳ ᠤᠯᠤᠰ ᠤᠨ ᠡᠷᠳᠡᠨᠢ ︽ᠴᠢᠩᠬᠢᠰ ᠬᠠᠭᠠᠨ︾ ᠲᠠᠢ ᠪᠠᠨ | ᠠᠭᠤᠯᠵᠠᠬᠤ ᠴᠠᠬ ᠡᠷᠳᠡ ᠨᠢᠭᠡᠨ ᠡᠳᠦᠷ ᠬᠦᠷᠴᠦ ᠢᠷᠡᠭᠡᠰᠠᠢ︕ |