ᠴᠢᠩᠭᠢᠰ ᠬᠠᠭᠠᠨ ᠤ ᠦᠬᠢᠳ ᠬᠦᠷᠭᠡᠳ
ᠨᠡᠶᠢᠲᠡᠯᠡᠭᠰᠡᠨ ᠴᠠᠭ᠄
2017/1/11
      ᠴᠢᠩᠭᠢᠰ ᠬᠠᠭᠠᠨ ᠳᠤ ᠬᠠᠳᠣᠳ ᠲᠠᠳᠠᠪᠤᠷᠢ ᠤᠯᠠᠨ ᠪᠤᠯᠬᠤᠷ ᠮᠠᠰᠢ ᠤᠯᠠᠨ ᠦᠷ᠎ᠡ ᠬᠡᠤᠬᠡᠳ ᠲᠠᠢ ᠪᠠᠶᠢᠬᠤ ᠎ ᠨᠢ ᠵᠦᠢ ᠶᠣᠰᠤᠨ ᠤ ᠬᠡᠷᠡᠭ᠃ ᠭᠡᠳᠡᠯ᠎ᠡ ᠨᠡᠭᠦᠳᠡᠯ ᠮᠠᠯᠵᠢᠯ ᠤᠨ ᠠᠮᠢᠳᠣᠷᠠᠯ ᠠᠴᠠ ᠪᠤᠯᠵᠤ ᠲᠡᠮᠳᠡᠭᠯᠡᠭᠳᠡᠵᠤ ᠬᠤᠴᠤᠷᠤᠭᠰᠠᠨ ᠨᠢ ᠮᠠᠰᠢ ᠴᠦᠭᠡᠨ ᠪᠠᠶᠢᠳᠠᠭ᠃ ᠣᠳᠣ ᠵᠦᠪᠬᠡᠨ ︿︿ᠮᠣᠩᠭᠤᠯ ᠤᠨ ᠨᠢᠭᠤᠴᠠ ᠲᠤᠪᠴᠢᠶᠠᠨ﹀﹀᠂ ︿︿ᠡᠷᠳᠡᠨᠢ ᠶᠢᠨ ᠲᠤᠪᠴᠢ﹀﹀᠂ ︿︿ᠳ᠋ᠣᠰᠰᠤᠨ ᠤ ᠮᠤᠩᠭᠤᠯ ᠤᠨ ᠲᠡᠤᠬᠡ﹀﹀ ᠵᠡᠷᠭᠡ ᠳᠤ ᠲᠡᠮᠳᠡᠭᠯᠡᠭᠳᠡᠵᠤ ᠦᠯᠡᠳᠡᠭᠰᠡᠨ ᠲᠤᠭ᠎ᠠ ᠲᠠᠢ ᠬᠡᠳᠣᠨ ᠲᠠᠶᠢᠽᠢ᠂ ᠭᠦᠩᠵᠤ ᠯᠠ ᠲᠣᠷᠠᠳᠣᠭᠳᠠᠵᠤ ᠪᠤᠢ᠃     ᠬᠤᠵᠢᠨ ᠪᠠᠬᠢ— ᠬᠤᠵᠢᠨ ᠪᠠᠬᠢ ᠪᠤᠯ ᠪᠦᠷᠳᠡ ᠦᠵᠢᠨ ᠬᠠᠳᠣᠨ ᠠᠴᠠ ᠲᠦᠷᠦᠭᠰᠡᠨ᠂ ᠴᠢᠩᠭᠢᠰ ᠬᠠᠭᠠᠨ ᠤ ᠶᠡᠭᠡ ᠦᠬᠢᠨ ᠪᠤᠯᠤᠨ᠎ᠠ᠃ ᠲᠦᠷᠦᠵᠤ ᠦᠬᠦᠭᠰᠡᠨ ᠣᠨ ᠰᠠᠷ᠎ᠠ ᠨᠢ ᠲᠤᠳᠤ ᠦᠭᠡᠢ᠃ ᠤᠤᠯ ᠳᠠᠭᠠᠨ ᠴᠢᠩᠭᠢᠰ ᠬᠠᠭᠠᠨ ᠤ ᠦᠬᠢᠨ ᠲᠡᠭᠦᠤ ᠲᠡᠮᠤᠯᠤᠨ ᠭᠤᠸ᠎ᠠ ᠶᠢ ᠢᠷᠬᠢᠷᠡᠰ ᠣᠪᠤᠭᠳᠠᠨ ᠪᠤᠳᠣ ᠳᠤ ᠪᠤᠭᠳᠣᠯᠭᠰᠠᠨ ᠶᠤᠮ᠂ ᠲᠡᠮᠤᠯᠤᠨ ᠭᠤᠸ᠎ᠠ ᠦᠬᠦᠭᠰᠡᠨ ᠤ ᠲᠠᠷᠠᠭ᠎ᠠ ᠬᠤᠵᠢᠨ ᠪᠠᠬᠢ ᠶᠢ ᠪᠤᠳᠣ ᠵᠠᠯᠭᠠᠨ ᠪᠤᠭᠳᠣᠯᠠᠵᠡᠢ᠃ ︿︿ᠶᠤᠸᠠᠨ ᠣᠯᠤᠰ ᠤᠨ ᠲᠡᠤᠬᠡ﹀﹀᠎ ᠶᠢᠨ ᠭᠦᠩᠵᠤ ᠎ ᠶᠢᠨ ᠢᠯᠡᠳᠬᠡᠯ ᠳᠤ ᠲᠡᠮᠤᠯᠤᠨ  ᠭᠤᠸ᠎ᠠ ᠪᠤᠯ ᠠᠩᠬᠠᠳᠠᠭᠴᠢ ᠴᠠᠩ ᠭᠦᠸᠧ ᠭᠦᠩᠵᠤ᠂ ᠬᠤᠵᠢᠨ ᠪᠠᠬᠢ ᠪᠤᠯ ᠬᠤᠶᠠᠳᠣᠭᠠᠷ ᠴᠠᠩ ᠭᠦᠸᠧ ᠭᠡᠵᠤ ᠲᠡᠮᠳᠡᠭᠯᠡᠵᠤ ᠪᠤᠢ᠃       ᠴᠢᠩᠭᠢᠰ ᠬᠠᠭᠠᠨ ᠲᠠᠶᠢᠴᠢᠭᠤᠳ ᠢ ᠲᠠᠷᠤᠭᠰᠠᠨ ᠤ ᠲᠠᠷᠠᠭ᠎ᠠ ᠸᠠᠩ ᠬᠠᠨ ᠲᠠᠢ ᠤᠯᠠᠮ ᠤᠶᠢᠷ᠎ᠠ ᠪᠤᠯᠤᠶ᠎ᠠ ᠭᠡᠵᠤ ᠸᠠᠩ ᠬᠠᠨ ᠦᠬᠢᠨ ᠴᠠᠭᠤᠷ ᠪᠠᠬᠢ ᠶᠢ ᠵᠦᠴᠢ ᠳᠤ ᠭᠤᠶᠤᠵᠤ᠂ ᠦᠪᠡᠷ ᠤᠨ ᠦᠬᠢᠨ ᠬᠤᠵᠢᠨ ᠪᠠᠬᠢ ᠶᠢ ᠰᠡᠩᠭᠦᠮ ᠤᠨ ᠲᠡᠭᠦᠣ  ᠲᠤᠰᠠᠬ᠎ᠠ ᠳᠤ ᠦᠭᠭᠦᠶ᠎ᠡ ᠭᠡᠵᠤ ᠲᠣᠷᠠᠳᠴᠤ ᠦᠩᠭᠡᠷᠡᠵᠡᠢ᠃ ᠭᠡᠳᠡᠯ᠎ᠡ ᠡᠨᠡ ᠤᠷᠤᠭ ᠤᠨ ᠶᠠᠪᠣᠳᠠᠯ ᠪᠦᠳᠦᠭᠰᠡᠨ ᠦᠭᠡᠢ ᠣᠴᠢᠷ ᠲᠤ ᠸᠠᠩ ᠬᠠᠨ᠂ ᠴᠢᠩᠭᠢᠰ ᠬᠠᠭᠠᠨ ᠲᠠᠬᠢᠨᠳᠡ ᠡᠪᠳᠡᠷᠡᠯᠴᠡᠭᠰᠡᠨ ᠪᠠᠶᠢᠨ᠎ᠠ᠃ ᠢᠬᠢᠷᠡᠰ ᠠᠶᠢᠮᠠᠭ ᠤᠤᠯ ᠳᠠᠭᠠᠨ ᠡᠷᠭᠦᠨ᠎ᠡ ᠭᠤᠣᠯ ᠤᠨ ᠲᠣᠣᠷᠠᠳᠤ ᠣᠷᠤᠰᠬᠠᠯ ᠬᠢᠭᠡᠳ ᠬᠢᠩᠭᠠᠨ ᠨᠢᠷᠤᠭᠤᠨ ᠤ ᠲᠤᠮᠳᠠ ᠬᠡᠰᠡᠭ ᠢᠶᠠᠷ ᠨᠡᠭᠦᠳᠡᠯᠯᠡᠨ ᠮᠠᠯᠵᠢᠵᠤ ᠪᠠᠶᠢᠭᠰᠠᠨ ᠶᠤᠮ᠃ ᠲᠣᠰ ᠠᠶᠢᠮᠠᠭ ᠤᠨ ᠪᠤᠳᠤ ᠬᠠᠮᠤᠭ ᠡᠷᠳᠡ ᠴᠢᠩᠭᠢᠰ ᠬᠠᠭᠠᠨ ᠢ ᠲᠠᠭᠠᠷ᠎ᠠ ᠢᠷᠡᠭᠰᠡᠨ ᠦᠷᠦᠭᠡᠯ ᠣᠪᠤᠭᠳᠣ ᠢᠵᠠᠭᠤᠷᠳᠡᠨ ᠪᠤᠯᠬᠤ ᠶᠤᠮ᠃ ᠴᠢᠩᠭᠢᠰ ᠬᠠᠭᠠᠨ ᠬᠠᠭᠠᠨᠳᠣ ᠮᠣᠩᠭᠤᠯ ᠣᠯᠤᠰ ᠢ ᠪᠠᠶᠢᠭᠤᠯᠤᠭᠰᠠᠨ ᠤ ᠲᠠᠷᠠᠭ᠎ᠠ ᠪᠣᠳᠣ ᠴᠢᠩᠭᠢᠰ ᠬᠠᠭᠠᠨ ᠤ ᠨᠠᠶᠠᠨ ᠨᠠᠢᠮᠠᠨ ᠭᠠᠪᠢᠶᠠᠳᠠᠨ ᠎ ᠤ ᠨᠠᠶᠠᠨ ᠲᠤᠯᠤᠳᠣᠭᠠᠷ ᠲᠤ ᠵᠢᠭᠰᠠᠭᠠᠭᠳᠠᠵᠡᠢ᠃       ᠴᠡᠴᠡᠶᠢᠬᠡᠨ ᠭᠦᠩᠭᠵᠤ — ᠴᠡᠴᠡᠶᠢᠬᠡᠨ ᠭᠦᠩᠵᠤ ᠪᠣᠯ ᠪᠦᠷᠳᠡ ᠦᠵᠢᠨ ᠬᠠᠳᠣᠨ ᠠᠴᠠ ᠲᠦᠷᠦᠭᠰᠡᠨ᠂ ᠴᠢᠩᠭᠢᠰ ᠬᠠᠭᠠᠨ ᠤ ᠬᠤᠶᠠᠳᠣᠭᠠᠷ ᠦᠬᠢᠨ ᠪᠤᠯᠤᠨ᠎ᠠ᠃1207 ᠤᠨ ᠳᠤ ᠴᠢᠩᠭᠢᠰ ᠬᠠᠭᠠᠨ ᠤ ᠠᠬᠠᠮᠠᠳ ᠬᠦᠤ ᠵᠦᠴᠢ ᠦᠷᠭᠡᠨ ᠠᠭᠤᠳᠠᠮ ᠲᠠᠢ ᠣᠢ ᠶᠢᠨ ᠢᠷᠭᠡᠨ ᠣᠷᠤᠭᠤᠯᠤᠨ ᠠᠪᠤᠭᠠᠳ ᠢᠷᠡᠬᠦ ᠳᠤ ᠴᠢᠩᠭᠢᠰ ᠬᠠᠭᠠᠨ ᠡᠮᠦᠨ᠎ᠡ ᠎ ᠠᠴᠠ ᠨᠢ ᠣᠭᠳᠤᠨ ᠣᠴᠢᠵᠤ᠂ ᠲᠦᠮᠡᠨ ᠤᠶᠢᠷᠠᠳ ᠢᠶᠠᠨ ᠡᠯᠰᠠᠵᠤ ᠢᠷᠡᠪᠡ ᠭᠡᠮᠡᠨ ᠰᠠᠶᠢᠰᠢᠶᠠᠵᠤ ᠤᠶᠢᠷᠠᠳ ᠤᠨ ᠲᠦᠷᠦᠭᠦᠣ ᠬᠤᠳᠤᠭ᠎ᠠ ᠪᠠᠬᠢ ᠶᠢᠨ ᠬᠦᠪᠡᠭᠦᠨ ᠢᠨᠠᠯᠴᠢ ᠳᠤ ᠦᠪᠡᠷ ᠤᠨ  ᠦᠬᠢᠨ ᠴᠡᠴᠡᠶᠢᠬᠡᠨ ᠭᠦᠩᠵᠤ ᠪᠠᠨ ᠪᠤᠭᠳᠣᠯᠠᠨ ᠦᠭᠴᠡᠢ᠃ ᠭᠡᠳᠡᠯ᠎ᠡ ᠷᠠᠰᠢᠳ᠋ —  ᠠᠳ᠋ — ᠳ᠋ᠢᠨ ᠤ ᠨᠤᠮ ᠳᠤ ︿︿ᠪᠦᠷᠳᠡ ᠬᠠᠳᠣᠨ ᠤ ᠬᠤᠶᠠᠳᠣᠭᠠᠷ ᠦᠬᠢᠨ ᠴᠢᠴᠠᠭᠠᠨ ᠢ ᠤᠶᠢᠷᠠᠳ ᠤᠨ ᠬᠤᠳᠤᠭ᠎ᠠ ᠪᠠᠬᠢ ᠶᠢᠨ ᠬᠦᠪᠡᠭᠦᠨ ᠲᠤᠷᠠᠯᠵᠢ ᠳᠤ ᠦᠭᠪᠡ﹀﹀ ᠭᠡᠵᠤ ᠲᠡᠨᠳᠡᠭᠯᠡᠵᠤ ᠪᠣᠢ᠃ ︿︿ᠴᠢᠴᠠᠭᠠᠨ﹀﹀ ᠭᠡᠳᠡᠭ ᠨᠢ ︿︿ᠴᠡᠴᠡᠶᠢᠬᠡᠨ﹀﹀ ᠭᠡᠳᠡᠭ ᠲᠠᠢ ᠣᠶᠢᠷᠠᠳᠴᠤ ᠪᠠᠶᠢᠪᠠᠴᠣ ︿︿ᠲᠣᠷᠠᠯᠵᠢ﹀﹀ ᠭᠡᠳᠡᠭ ᠨᠢ ᠬᠠᠷᠢᠨ ︿︿ᠢᠨᠠᠯᠴᠢ﹀﹀᠎ ᠲᠠᠢ ᠣᠭᠳᠣ ᠲᠠᠭᠠᠷᠠᠬᠤ ᠦᠭᠡᠢ᠃ ︿︿ᠮᠣᠩᠭᠤᠯ ᠤ ᠨᠢᠭᠤᠴᠠ ᠲᠤᠪᠴᠢᠶᠠᠨ﹀﹀᠎ ᠳᠤ ᠢᠨᠠᠯᠴᠢ ᠶᠢᠨ ᠠᠬ᠎ᠠ ︿︿ᠲᠦᠷᠦᠯᠴᠢ﹀﹀ ᠭᠡᠵᠤ ᠲᠣᠷᠠᠳᠣᠭᠰᠠᠨ ᠨᠢ ᠨᠢᠭᠡ ᠬᠦᠮᠦᠨ ᠪᠠᠶᠢᠵᠤ ᠮᠡᠳᠡᠨ᠎ᠡ᠃ ᠵᠠᠷᠢᠮ ᠨᠤᠮ ᠪᠢᠴᠢᠭ ᠲᠤ ᠬᠢᠷᠬᠢᠰ ᠬᠦᠮᠦᠨ ᠠᠬᠠᠯᠠᠭᠴᠢ ᠪᠠᠨ ︿︿ᠢᠨᠠᠯ﹀﹀ ᠭᠡᠵᠤ ᠲᠠᠭᠤᠳᠠᠳᠠᠭ ᠭᠡᠵᠤ ᠲᠡᠮᠳᠡᠭᠯᠡᠵᠤ ᠪᠤᠢ᠂ ᠡᠶᠢᠮᠣ ᠠᠴᠠ ︿︿ᠢᠨᠠᠯᠴᠢ﹀﹀ ᠭᠡᠳᠡᠭ ᠨᠢ ᠬᠤᠳᠤᠭ᠎ᠠ ᠪᠠᠬᠢ ᠶᠢᠨ ᠬᠦᠪᠡᠭᠦᠨ ᠤ ᠨᠡᠷ᠎ᠡ ᠪᠢᠰᠢ ᠪᠠᠶᠢᠵᠤ ᠮᠡᠳᠡᠬᠦ ᠶᠤᠮ᠃ ᠢᠩᠬᠢᠵᠤ ᠦᠵᠡᠪᠡᠯ ᠴᠡᠴᠡᠶᠢᠬᠡᠨ ᠬᠦᠩᠵᠤ ᠢ ᠬᠤᠳᠤᠭ᠎ᠠ ᠪᠠᠬᠢ ᠎ ᠶᠢᠨ ᠢᠨᠠᠯᠴᠢ ᠴᠣᠯᠠ ᠲᠠᠢ ᠲᠦᠷᠦᠯᠴᠢ ᠭᠡᠳᠡᠭ ᠬᠦᠪᠡᠭᠦᠨ ᠳᠤ ᠦᠭᠭᠦᠭᠰᠡᠨ ᠪᠤᠯᠤᠯᠳᠡᠢ᠃ ︿︿ᠶᠣᠸᠠᠨ ᠣᠯᠤᠰ ᠤᠨ ᠲᠡᠤᠬᠡ﹀﹀᠎ ᠶᠢᠨ ᠭᠦᠩᠵᠤ ᠶᠢᠨ ᠢᠯᠡᠳᠬᠡᠯ ᠳᠤ ᠴᠡᠴᠡᠶᠢᠬᠡᠨ ᠬᠦᠩᠵᠤ ᠶᠢ ᠶᠡᠨ ᠠᠨ ᠭᠦᠩᠵᠤ ᠶᠢᠨ ᠪᠠᠶᠢᠷᠢ ᠶᠢᠨ ᠬᠤᠶᠠᠳᠣᠭᠠᠷ ᠭᠦᠩᠵᠤ ᠪᠠᠷ ᠲᠡᠮᠳᠡᠭᠯᠡᠵᠤ ᠪᠠᠶᠢᠨ᠎ᠠ᠃      ᠠᠯᠠᠭ᠎ᠠ ᠪᠠᠬᠢ — ᠠᠯᠠᠭ᠎ᠠ ᠪᠠᠬᠢ ᠪᠤᠯ ᠪᠦᠷᠳᠡ ᠦᠵᠢᠨ ᠬᠠᠳᠣᠨ ᠠᠴᠠ ᠲᠦᠷᠦᠭᠰᠡᠨ᠂ ᠴᠢᠩᠭᠢᠰ ᠬᠠᠭᠠᠨ ᠤ ᠭᠤᠷᠪᠠᠳᠣᠭᠠᠷ ᠦᠬᠢᠨ ᠪᠣᠯᠤᠨ᠎ᠠ᠃1207 ᠤᠨ ᠳᠤ ᠴᠢᠩᠭᠢᠰ ᠬᠠᠭᠠᠨ ᠲᠡᠭᠦᠨ ᠢ ᠣᠩᠭᠤᠳ ᠤᠨ ᠲᠦᠷᠦᠭᠦᠤ ᠠᠯᠬᠤᠰᠢ ᠲᠢᠬᠢᠳ ᠬᠤᠷᠢ ᠳᠤ ᠪᠣᠭᠳᠣᠯᠠᠨ ᠦᠭᠬᠦ ᠳᠤ ᠠᠯᠬᠤᠰᠢ ᠨᠠᠰᠣ ᠦᠳᠡᠯᠪᠡ ᠭᠡᠵᠤ ᠬᠦᠯᠢᠶᠡᠨ ᠠᠪᠤᠭᠰᠠᠨ ᠦᠭᠡᠢ ᠠᠬᠠᠮᠠᠳ ᠬᠦᠪᠡᠭᠦᠨ ᠪᠣᠶᠠᠰᠢᠪᠠᠯ ᠳᠠᠭᠠᠨ ᠦᠭᠴᠡᠢ᠃1211 ᠤᠨ ᠳᠤ ᠴᠢᠩᠭᠢᠰ ᠬᠠᠭᠠᠨ ᠠᠯᠳᠠᠨ ᠣᠯᠤᠰ ᠎ ᠢ ᠠᠩᠬ᠎ᠠ ᠲᠠᠶᠢᠯᠠᠬᠤ ᠦᠶ᠎ᠡ ᠳᠤ ᠠᠯᠬᠤᠰᠢ ᠲᠢᠬᠢᠳ ᠬᠤᠷᠢ ᠴᠡᠷᠢᠭ ᠢᠶᠠᠨ ᠲᠠᠶᠢᠴᠢᠯᠠᠨ ᠴᠢᠩᠭᠢᠰ ᠤᠨ ᠶᠡᠭᠡ ᠴᠡᠷᠢᠭ ᠎ ᠢ ᠠᠯᠳᠠᠨ ᠤᠯᠤᠰ ᠤᠨ ᠬᠢᠯᠢ ᠦᠩᠭᠡᠷᠡᠳᠡᠯ᠎ᠡ ᠵᠠᠮᠴᠢᠯᠠᠵᠡᠢ᠃ ᠲᠡᠷᠡ ᠦᠶ᠎ᠡ ᠳᠤ ᠴᠢᠩᠭᠢᠰ ᠬᠠᠭᠠᠨ ᠲᠡᠭᠦᠨ ᠢ ᠦᠪᠡᠷ ᠎ ᠤᠨ ᠠᠶᠢᠮᠠᠭ ᠢᠶᠠᠨ ᠵᠠᠬᠢᠷ ᠭᠡᠵᠤ ᠪᠣᠴᠠᠭᠠᠪᠠ᠃ ᠡᠨᠡ ᠦᠶ᠎ᠡ ᠳᠤ ᠣᠩᠭᠤᠳ ᠤᠨ ᠢᠵᠠᠭᠤᠷᠳᠡᠳ ᠤᠨ ᠲᠣᠳᠣᠷ᠎ᠠ ᠬᠤᠪᠢᠰᠣᠯ ᠦᠭᠴᠣ᠂ ᠠᠯᠬᠤᠰᠢ ᠡᠰᠡᠷᠭᠦᠴᠡᠵᠤ ᠪᠠᠶᠢᠭᠰᠠᠨ ᠡᠳᠡᠭᠡᠳ ᠠᠯᠬᠤᠰᠢ᠂ ᠪᠣᠶᠠᠰᠢᠪᠠᠯ ᠡᠴᠢᠭᠡ ᠬᠦᠪᠡᠭᠦᠨ ᠬᠤᠶᠠᠭᠤᠯᠠ ᠠᠯᠠᠭᠰᠠᠨ ᠠᠴᠠ ᠠᠯᠠᠭ᠎ᠠ ᠪᠠᠬᠢ ᠠᠯᠬᠤᠰᠢ ᠲᠢᠬᠢᠳ ᠬᠤᠷᠢ ᠶᠢᠨ ᠪᠣᠭ᠎ᠠ ᠬᠦᠪᠡᠭᠦᠨ ᠪᠤᠶᠤᠭ᠎ᠠ ᠪᠤᠯᠤᠨ ᠠᠯᠬᠤᠰᠢ ᠶᠢᠨ ᠠᠴᠢ ᠬᠦᠪᠡᠭᠦᠨ ᠬᠤᠶᠠᠷ ᠢ ᠪᠴᠣ ᠠᠮᠢ ᠵᠢᠭᠤᠳᠠᠨ ᠶᠦᠨᠨ᠋ᠸᠢ ︵ᠣᠳᠣ ᠶᠢᠨ ᠰᠠᠭᠠᠯᠢᠴᠢᠨ ᠤ ᠣᠷᠴᠢᠮ ︶᠎ ᠪᠠᠷ ᠲᠡᠨᠦᠵᠤ ᠪᠠᠶᠢᠳᠠᠯ᠎ᠠ ᠴᠢᠩᠭᠢᠰ ᠬᠠᠭᠠᠨ ᠤ ᠴᠡᠷᠢᠭ ᠶᠦᠨᠨ᠋ᠸᠢ ᠶᠢ ᠡᠵᠡᠯᠡᠨ ᠲᠡᠳᠡᠨ ᠢ ᠠᠪᠣᠷᠠᠨ ᠠᠪᠴᠤ ᠬᠦᠨᠳᠣ ᠬᠡᠰᠢᠭ ᠬᠦᠷᠳᠡᠭᠡᠭᠰᠡᠨ ᠪᠠᠶᠢᠨ᠎ᠠ᠃ ᠲᠡᠷᠡ ᠦᠶ᠎ᠡ ᠳᠤ ᠪᠤᠶᠤᠭ᠎ᠠ ᠨᠠᠰᠣ ᠪᠠᠭ᠎ᠠ ᠪᠠᠶᠢᠭᠰᠠᠨ ᠪᠤᠯᠬᠤᠷ  ᠵᠢᠨᠬᠦᠢ ᠶᠢ ᠪᠸᠢ ᠫᠢᠩ ᠸᠠᠩ ᠡᠷᠭᠦᠮᠵᠢᠯᠡᠵᠤ ᠣᠩᠭᠤᠳ ᠠᠶᠢᠮᠠᠭ ᠢ ᠵᠠᠬᠢᠷᠠᠭᠤᠯᠤᠭᠰᠠᠨ ᠪᠦᠭᠡᠳ ᠮᠣᠩᠭᠤᠯ ᠤᠨ ᠵᠠᠩᠰᠢᠯ ᠶᠤᠰᠣᠭᠠᠷ ᠠᠯᠠᠭ᠎ᠠ ᠪᠠᠬᠢ ᠶᠢ ᠵᠢᠨᠬᠦᠢ ᠳᠤ ᠵᠠᠯᠭᠠᠨ ᠦᠭᠭᠦᠭᠰᠡᠨ ᠪᠢᠯᠡ᠃1219 ᠤᠨ ᠳᠤ ᠴᠢᠩᠭᠢᠰ ᠬᠠᠭᠠᠨ ᠪᠠᠷᠠᠭᠤᠨᠰᠢ ᠬᠤᠷᠢᠽᠮ ᠢ ᠲᠠᠶᠢᠯᠠᠬᠤ ᠦᠶ᠎ᠡ ᠳᠤ ᠪᠤᠶᠤᠭ᠎ᠠ ᠴᠢᠩᠭᠢᠰ ᠬᠭᠠᠨ ᠢ ᠲᠠᠭᠠᠨ ᠶᠠᠪᠤᠵᠣ᠂ ᠵᠢᠨᠬᠦᠢ ᠤᠩᠭᠤᠳ ᠤᠨ ᠲᠦᠮᠡᠨ ᠮᠤᠷᠢᠳᠣ ᠴᠡᠷᠢᠭ ᠢ ᠲᠠᠶᠢᠴᠢᠯᠠᠵᠤ᠂ ᠮᠤᠬᠤᠯᠠᠢ ᠶᠢᠨ ᠵᠠᠬᠢᠷᠭᠠᠨ ᠲᠣᠣᠷ᠎ᠠ ᠲᠤᠮᠳᠠᠳᠣ ᠤᠷᠤᠨ ᠢ ᠲᠠᠶᠢᠯᠠᠷ᠎ᠠ ᠮᠣᠷᠳᠠᠭᠠᠳ ᠲᠠᠶᠢᠨ ᠤ ᠲᠤᠮᠳᠠ ᠦᠬᠦᠵᠡᠢ᠃ ᠵᠢᠨᠬᠦᠢ ᠲᠤᠮᠳᠠᠳᠣ ᠤᠷᠤᠨ ᠳᠤ ᠮᠣᠷᠳᠠᠭᠰᠠᠨ ᠦᠶ᠎ᠡ ᠳᠤ ᠠᠯᠠᠭ᠎ᠠ ᠪᠠᠬᠢ ᠭᠦᠩᠵᠤ ᠤᠩᠭᠤᠳ ᠠᠶᠢᠮᠠᠭ ᠢ ᠣᠷᠤᠯᠠᠨ ᠵᠠᠬᠢᠷᠴᠤ ᠪᠠᠶᠢᠭᠰᠡᠨ ᠪᠦᠭᠡᠳ ᠭᠤᠪᠢ ᠶᠢᠨ ᠡᠮᠦᠨᠡᠬᠢ ᠮᠣᠩᠭᠤᠯᠴᠣᠳ ᠢ ᠬᠠᠮᠳᠣᠳᠠ ᠵᠬᠢᠷᠴᠣ ᠪᠠᠶᠢᠪᠠ᠃ ᠡᠶᠢᠮᠣ ᠠᠴᠠ ᠲᠡᠭᠦᠨ ᠢ ︿︿ᠲᠦᠷᠦ ᠵᠠᠬᠢᠷᠣᠭᠴᠢ ᠭᠦᠩᠵᠤ﹀﹀ ᠭᠡᠳᠡᠭ᠃ ᠵᠢᠨᠬᠦᠢ ᠦᠬᠦᠭᠰᠡᠨ ᠤ ᠲᠠᠷᠠᠭ᠎ᠠ ᠲᠡᠭᠦᠨ ᠬᠦᠪᠡᠭᠦᠨ ᠬᠡᠳᠦᠶᠢᠪᠡᠷ ᠨᠡᠭᠦᠳ ᠣᠩᠭᠤᠳ ᠤᠨ ᠸᠠᠩ ᠤᠨ ᠣᠷᠤ ᠎ ᠶᠢ ᠵᠠᠯᠭᠠᠮᠵᠢᠯᠠᠭᠰᠠᠨ ᠪᠤᠯᠪᠠᠴᠤ ᠨᠰᠣ ᠪᠠᠭ᠎ᠠ ᠲᠤᠯᠠ ᠠᠶᠢᠮᠠᠭ ᠤᠨ ᠬᠡᠷᠡᠭ ᠢ ᠪᠠᠰᠠ ᠠᠯᠠᠭ᠎ᠠ ᠪᠠᠬᠢ ᠭᠦᠩᠵᠤ ᠵᠠᠬᠢᠷᠴᠤ ᠪᠠᠶᠢᠵᠡᠢ᠃1225 ᠤᠨ ᠳᠤ ᠠᠷᠪᠠᠨ ᠲᠠᠪᠤᠨ ᠨᠠᠰᠣᠳᠠᠢ ᠪᠠᠷᠠᠭᠤᠨ ᠤᠷᠤᠨ ᠠᠴᠠ ᠪᠣᠴᠠᠨ ᠢᠷᠡᠵᠤ᠂ ᠪᠸᠢ ᠫᠢᠩ ᠸᠠᠩ ᠴᠣᠯᠠ ᠡᠷᠭᠦᠮᠵᠢᠯᠡᠭᠳᠡᠭᠰᠡᠨ ᠪᠦᠭᠡᠳ ᠪᠠᠰᠠ ᠮᠣᠩᠭᠤᠯ ᠤᠨ ᠵᠠᠩᠰᠢᠯ ᠶᠤᠰᠤᠭᠠᠷ ᠪᠡᠷᠭᠡᠨ ᠠᠯᠠᠭ᠎ᠠ ᠪᠠᠬᠢ ᠶᠢ ᠵᠠᠯᠭᠠᠨ ᠠᠪᠴᠡᠢ᠃ ᠡᠬᠢᠨ ᠳᠡᠭᠡᠨ ᠠᠯᠬᠤᠰᠢ ᠲᠢᠬᠢᠳ ᠬᠤᠷᠢ ᠳᠤ ᠦᠭᠬᠦ ᠭᠡᠰᠡᠨ ᠪᠤᠯᠬᠤᠷ ᠴᠢᠩᠭᠢᠰ ᠬᠠᠭᠠᠨ ᠨᠠᠶᠠᠨ  ᠨᠠᠢᠮᠠᠨ ᠭᠠᠪᠢᠶᠠᠳᠡᠨ ᠢᠶᠠᠨ ᠱᠠᠩᠨᠠᠬᠤ ᠦᠶ᠎ᠡ ᠳᠤ ᠠᠯᠬᠤᠰᠢ ᠲᠢᠬᠢᠳ ᠬᠤᠷᠢ ᠶᠢ ᠬᠦᠷᠭᠡᠨ ᠭᠡᠵᠤ ᠨᠠᠶᠠᠨ ᠨᠠᠢᠮᠠᠳᠣᠭᠠᠷ ᠎ ᠲᠤ ᠵᠢᠭᠰᠠᠭᠠᠭᠰᠠᠨ ᠪᠠᠶᠢᠨ᠎ᠠ᠃      ᠲᠦᠮᠡᠯᠤᠨ ᠭᠦᠩᠵᠤ — ᠲᠦᠮᠡᠯᠤᠨ ᠭᠦᠩᠵᠤ ᠪᠤᠯ ᠪᠦᠷᠳᠡ ᠦᠵᠢᠨ ᠠᠴᠠ ᠲᠦᠷᠦᠭᠰᠡᠨ᠂ ᠴᠢᠩᠭᠢᠰ ᠬᠠᠭᠠᠨ ᠤ ᠲᠦᠷᠪᠡᠳᠦᠭᠡᠷ ᠦᠬᠢᠨ ᠪᠤᠯᠤᠨ᠎ᠠ᠃ ᠲᠡᠭᠦᠨ ᠢ ᠲᠦᠷᠦ ᠶᠢᠨ ᠨᠠᠭᠠᠴᠣ ᠪᠤᠰᠬᠤᠷ ᠬᠤᠩᠭᠢᠷᠠᠳ ᠤᠨ ᠠᠯᠴᠢ ᠨᠤᠶᠠᠨ ᠤ ᠠᠬᠠᠮᠠᠳ ᠬᠦᠪᠡᠭᠦᠨ ᠴᠢᠭᠦ ᠳᠤ ᠪᠤᠭᠳᠣᠯᠠᠨ ᠦᠭᠭᠦᠭᠰᠡᠨ ᠪᠠᠶᠢᠨ᠎ᠠ᠃ ᠡᠭᠦᠨ ᠢ ᠷᠠᠰᠢᠳ᠋ — ᠠᠳ᠋ — ᠳ᠋ᠢᠨ ᠎ ᠤ ᠨᠤᠮ ᠳᠤ ᠲᠡᠮᠳᠡᠭᠯᠡᠵᠤ ᠪᠤᠢ᠃ ᠠᠯᠴᠢ ᠨᠤᠶᠠᠨ ᠭᠡᠳᠡᠭ ᠪᠤᠯ ᠳ᠋ᠠᠢ ᠰᠡᠴᠡᠨ ᠤ ᠬᠦᠪᠡᠭᠦᠨ᠂ ᠴᠢᠩᠭᠢᠰ ᠬᠠᠭᠠᠨ ᠤ ᠶᠡᠭᠡ ᠬᠠᠳᠠᠨ ᠪᠦᠷᠳᠡ ᠦᠵᠢᠨ ᠤ ᠲᠡᠭᠦᠤ ᠪᠤᠯᠤᠨ᠎ᠠ᠃ ᠴᠢᠭᠦ ᠪᠤᠯ ᠠᠯᠴᠢ  ᠨᠤᠶᠠᠨ ᠤ ᠶᠡᠭᠡ ᠬᠦᠪᠡᠭᠦᠨ᠂ ᠣᠴᠠᠨ ᠨᠠᠴᠠᠨ ᠤ ᠠᠬ᠎ᠠ ᠨᠢ ᠶᠤᠮ᠃ ᠴᠢᠩᠭᠢᠰ ᠬᠠᠭᠠᠨ ᠬᠠᠭᠠᠨᠳᠣ ᠮᠣᠩᠭᠤᠯ ᠤᠯᠣᠰ ᠢ ᠪᠠᠶᠢᠭᠤᠯᠤᠭᠰᠠᠨ ᠨᠠᠶᠠᠨ ᠨᠠᠢᠮᠠᠨ ᠭᠠᠪᠢᠶ᠋ᠳᠠᠨ ᠢ ᠱᠠᠩᠨᠠᠬᠤ ᠳᠤ ᠴᠢᠭᠦ ᠨᠠᠶᠠᠨ ᠲᠠᠪᠤᠳᠣᠭᠠᠷ ᠲᠤ ᠵᠢᠭᠰᠠᠭᠠᠭᠳᠠᠵᠡᠢ᠃ ︿︿ᠶᠣᠸᠠᠨ ᠣᠯᠤᠰ ᠤᠨ ᠲᠡᠤᠬᠡ﹀﹀᠎ ᠶᠢᠨ ᠭᠦᠩᠵᠤ ᠶᠢᠨ ᠢᠯᠡᠳᠬᠡᠯ ᠳᠤ ᠲᠦᠮᠡᠯᠤᠨ ᠢ ᠶᠦᠨ ᠭᠦᠸᠧ ᠭᠦᠩᠵᠤ ᠶᠢᠨ ᠪᠠᠶᠢᠷᠢ ᠶᠢᠨ ᠨᠢᠭᠡᠳᠦᠭᠡᠷ ᠲᠤ ᠲᠡᠮᠳᠡᠭᠯᠡᠵᠡᠢ᠃     ᠠᠯᠳᠣᠯᠤᠬᠠᠨ ᠭᠦᠩᠵᠤ — ᠠᠯᠳᠣᠯᠤᠬᠠᠨ ᠭᠦᠩᠵᠤ ᠪᠤᠯ ᠪᠦᠷᠳᠡ ᠦᠵᠢᠨ ᠠᠴᠠ ᠲᠦᠷᠦᠭᠰᠡᠨ ᠂ ᠴᠢᠩᠭᠢᠰ ᠬᠠᠭᠠᠨ ᠤ ᠲᠠᠪᠤᠳᠣᠭᠠᠷ ᠦᠬᠢᠨ ᠶᠤᠮ᠃ ᠲᠡᠭᠦᠨ ᠢ ᠤᠯᠬᠤᠨᠤᠳ ᠬᠤᠩᠭᠢᠷᠠᠳ ᠤᠨ ᠵᠠᠪᠳᠣᠷ  ᠰᠡᠴᠡᠨ ᠲᠠᠴᠣ ᠳᠤ ᠪᠤᠭᠳᠣᠯᠠᠨ ᠦᠭᠴᠡᠢ᠃ ︿︿ᠵᠠᠪᠳᠣᠷ ᠰᠡᠴᠡᠨ﹀﹀ ᠭᠡᠳᠡᠭ ᠨᠢ ᠲᠠᠴᠣ ᠶᠢᠨ ᠴᠣᠯᠠ ᠪᠤᠯᠤᠯᠳᠠᠢ᠂ ᠲᠠᠴᠤ ᠴᠢᠩᠭᠢᠰ ᠬᠠᠭᠠᠨ ᠤ ᠡᠬᠡ ᠦᠭᠡᠯᠤᠨ ᠬᠠᠳᠣᠨ ᠤ ᠲᠡᠭᠦᠤ ᠶᠢᠨ ᠬᠦᠪᠡᠭᠦᠨ ᠶᠤᠮ᠃ ︿︿ᠲᠦ᠋ ᠵᠢᠢ ᠶᠢᠨ ᠲᠡᠮᠳᠡᠭᠯᠡᠯ﹀﹀ ᠭᠡᠬᠦ ᠲᠡᠤᠬᠡᠨ ᠨᠤᠮ ᠳᠤ ︿︿ᠳ᠋ᠠᠷᠬᠠᠨ ᠭᠦᠩᠵᠤ﹀﹀᠎ ᠶᠢᠨ ᠪᠠᠶᠢᠷᠢ ᠶᠢᠨ ᠨᠢᠭᠡᠳᠦᠭᠡᠷ ᠲᠤ ᠲᠡᠮᠳᠡᠭᠯᠡᠵᠡᠢ᠃    ᠴᠢᠩᠭᠢᠰ ᠬᠠᠭᠠᠨ ᠤ ᠦᠬᠢᠳ ᠨᠡᠨ ᠬᠡᠳᠦᠬᠡᠨ ᠢᠶᠠᠷ ᠵᠤᠭᠰᠣᠬᠤ ᠦᠭᠡᠢ ᠯᠠᠪᠳᠡᠢ᠂ ᠭᠡᠳᠡᠯ᠎ᠡ ᠵᠠᠷᠢᠮ ᠲᠡᠮᠳᠡᠭᠯᠡᠯ ᠨᠢ ᠪᠠᠯᠠᠷᠬᠠᠢ ᠲᠣᠯᠠ ᠡᠮᠬᠢᠳᠬᠡᠬᠦ ᠶᠢᠨ ᠠᠷᠭ᠎ᠠ ᠦᠭᠡᠢ᠃  
 
ᠢᠷᠡᠯᠲᠡ᠄ ᠬᠤᠯᠪᠣᠭ᠎ᠠ ᠣᠶᠠᠬᠠᠨ ᠽᠠᠮᠪᠦᠯᠢᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号