ᠮᠠᠨᠵᠤ ᠶᠢᠨ ᠮᠤᠩᠭᠤᠯᠴᠤᠳ
ᠨᠡᠶᠢᠲᠡᠯᠡᠭᠰᠡᠨ ᠴᠠᠭ᠄
2017/1/11
       ᠤᠷᠤᠰ ᠶᠠᠫᠤᠨ ᠤ ᠳᠠᠶᠢᠨ ᠳᠤ ᠠᠪᠴᠤ ᠬᠡᠯᠡᠪᠡᠯ ᠮᠠᠨᠵᠤ ᠰᠢᠪᠧᠷᠢᠶ᠎ᠠ ᠶᠢᠨ ᠬᠢᠯᠢ ᠪᠤᠯ ᠬᠤᠶᠠᠷ ᠤᠯᠤᠰ ᠲᠤ ᠴᠦᠮ ᠨᠡᠯᠢᠶᠡᠳ ᠳᠤᠳᠤᠷᠬᠠᠢ ᠪᠠᠶᠢᠭ᠎ᠠ ᠪᠠᠶᠢᠯᠳᠤᠬᠤ ᠪᠤᠳᠤᠯᠭ᠎ᠠ ᠶᠢᠨ ᠴᠢᠬᠤᠯᠡ ᠭᠠᠵᠠᠷ ᠪᠠᠶᠢᠵᠤ᠂ ᠳᠡᠮᠤᠷ ᠵᠠᠮ ᠤᠨ ᠤᠷᠳᠤ ᠶᠢᠨ ᠬᠡᠮᠵᠢᠶ᠎ᠡ᠂ ᠡᠰᠡᠷᠬᠦ ᠡᠳᠡᠬᠡᠳ ᠤᠨ ᠢᠶᠠᠨ ᠳᠤᠮᠢᠯᠠᠬᠤ ᠴᠡᠷᠢᠭ ᠤᠨ ᠳᠤᠭ᠎ᠠ ᠪᠡ ᠡᠰᠡᠷᠬᠦ ᠡᠳᠡᠬᠡᠳ ᠤᠨ  ᠢᠶᠠᠨ ᠴᠡᠷᠢᠭ ᠬᠦᠳᠡᠯᠬᠦ ᠴᠠᠭ ᠬᠤᠭᠤᠴᠠᠭ᠎ᠠ ᠶᠢ ᠴᠦᠮ ᠠᠯᠳᠠᠭ᠎ᠠ ᠦᠬᠡᠢ ᠮᠡᠳᠡᠵᠤ ᠪᠤᠯᠳᠠᠭ᠃ ᠤᠷᠤᠰ ᠤᠯᠤᠰ ᠨᠢ ᠸᠯᠠᠳᠢᠸᠤᠰᠲᠤᠺ ︵ᠠᠯᠤᠰ ᠳᠤᠷᠤᠨᠠᠳᠤ︶ ᠠᠴᠠ ᠰᠢᠭᠤᠳ ᠶᠠᠫᠤᠨ ᠤ ᠤᠰᠺᠠ ᠪᠡ ᠳᠤᠺᠢᠤ᠋ ᠳᠤ ᠠᠭᠠᠷ ᠤᠨ ᠳᠠᠭᠠᠷᠢᠯᠳᠠ ᠬᠢᠵᠤ ᠮᠡᠳᠡᠬᠦ ᠶᠤᠮ᠃ ᠡᠶᠢᠮᠦᠷᠬᠦ ᠪᠤᠯᠤᠯᠴᠠᠭ᠎ᠠ ᠶᠢ ᠶᠠᠷᠢᠶᠠᠨ ᠦᠬᠡᠢ ᠶᠠᠫᠤᠨᠴᠤᠳ ᠪᠤᠳᠤᠯᠬᠢᠯᠠᠬᠤ ᠴᠢᠬᠤᠯᠡ ᠲᠠᠢ ᠪᠠᠶᠢᠵᠤ ᠮᠦᠨ ᠡᠶᠢᠮᠦᠷᠬᠦ ᠠᠯᠬᠤᠮ ᠤᠳ ᠢ ᠬᠢᠵᠤ᠂ ᠳᠠᠶᠢᠨ ᠳᠤ ᠪᠡᠯᠡᠳᠬᠡᠬᠦ ᠶᠠᠪᠤᠴᠠ ᠳᠠᠭᠠᠨ ᠡᠶᠢᠮᠦᠷᠬᠦ ᠳᠠᠭᠠᠷᠢᠯᠳᠠ ᠳᠤ ᠤᠴᠠᠷᠠᠵᠤ ᠮᠡᠳᠡᠬᠦ ᠬᠤᠤᠷ ᠨᠦᠯᠦᠬᠡ ᠶᠢ ᠪᠠᠭᠠᠰᠬᠠᠭᠰᠠᠨ ᠶᠤᠮ᠃ ᠬᠡᠪᠡᠴᠤ ᠶᠠᠫᠤᠨᠴᠤᠳ  ᠨᠢ ᠤᠷᠢᠳᠴᠢᠯᠠᠵᠤ ᠰᠢᠪᠧᠷᠢᠶ᠎ᠠ ᠶᠢᠨ ᠳᠠᠯᠠᠢ ᠶᠢᠨ ᠮᠤᠵᠢ ᠪᠡ ᠸᠯᠠᠳᠢᠸᠤᠰᠳᠤᠺ ᠶᠢ ᠡᠵᠡᠯᠡᠬᠦ ᠪᠠᠷ ᠳᠠᠮᠵᠢᠨ ᠬᠤᠶᠠᠷ ᠤᠯᠤᠰ ᠤᠨ ᠠᠰᠠᠭᠤᠳᠠᠯ ᠢ ᠰᠢᠢᠳᠪᠦᠷᠢᠯᠡᠬᠦ ᠬᠡᠵᠤ ᠳᠡᠮᠡᠶᠢᠷᠡᠭᠰᠡᠨ ᠪᠠᠶᠢᠳᠠᠭ᠃        ᠦᠨᠡᠨ ᠳᠡᠭᠡᠨ ᠤᠯᠤᠰ ᠤᠨ ᠢᠶᠠᠨ ᠬᠢᠯᠢ ᠬᠢᠵᠠᠭᠠᠷ ᠲᠤ ᠳᠠᠶᠢᠨ ᠡᠬᠦᠰᠬᠡᠵᠤ ᠢᠯᠠᠭᠳᠠᠯ ᠳᠤ ᠤᠴᠠᠷᠠᠬᠤ ᠨᠢ ᠳᠤᠰ ᠬᠤᠶᠠᠷ ᠤᠯᠤᠰ ᠤᠨ ᠠᠯᠢ ᠨᠢᠬᠡᠨ ᠳᠤ ᠨᠢ ᠠᠪᠴᠤ ᠬᠡᠯᠡᠭᠰᠡᠨ ᠴᠤ ᠵᠦᠪᠬᠡᠨ ᠳᠠᠶᠢᠨ ᠤ ᠪᠤᠳᠤᠯᠭ᠎ᠠ ᠶᠢᠨ ᠳᠠᠯ᠎ᠠ  ᠶᠢᠨ ᠤᠬᠤᠷᠢᠯᠳᠠ ᠳᠡᠳᠤᠢ ᠪᠠᠶᠢᠵᠤ᠂ ᠳᠡᠷᠡ ᠨᠢ ᠳᠤᠰ ᠬᠤᠶᠠᠷ ᠤᠯᠤᠰ ᠤᠨ ᠦᠨᠳᠤᠰᠤᠨ ᠬᠠᠷᠢᠯᠴᠠᠭ᠎ᠠ ᠶᠢ ᠬᠤᠪᠢᠷᠠᠭᠠᠵᠤ ᠴᠢᠳᠠᠬᠤ ᠦᠬᠡᠢ᠃ ᠳᠡᠶᠢᠨᠬᠦ 1904-1905 ᠤᠨ ᠤ ᠶᠠᠫᠤᠨ ᠤᠷᠤᠰ ᠤᠨ ᠳᠠᠶᠢᠨ ᠪᠤᠯ ᠵᠦᠪᠬᠡᠨ ᠳᠤᠰ ᠬᠤᠶᠠᠷ ᠤᠯᠤᠰ ᠤᠨ ᠠᠩᠬᠠᠨ ᠤ ᠦᠵᠡᠯᠴᠡᠬᠡᠨ ᠳᠡᠳᠤᠢ ᠪᠠᠶᠢᠵᠤ᠂ ᠬᠠᠷᠢᠨ ᠰᠢᠢᠳᠪᠦᠷᠢᠳᠤ ᠳᠠᠶᠢᠨ ᠪᠤᠯᠵᠤ ᠴᠢᠳᠠᠭ᠎ᠠ ᠦᠬᠡᠢ ᠶᠤᠮ᠃        ᠬᠤᠶᠠᠷ ᠤᠯᠤᠰ ᠨᠢ ᠪᠦᠬᠦ ᠳᠠᠯ᠎ᠠ ᠪᠠᠷ ᠰᠢᠢᠳᠪᠦᠷᠢᠯᠡᠬᠦ ᠴᠢᠨᠠᠷᠳᠡᠢ ᠳᠠᠶᠢᠨ ᠬᠢᠬᠦ ᠳᠤ ᠬᠦᠷᠪᠡᠯ᠂ ᠰᠢᠪᠧᠷᠢᠶ᠎ᠠ  ᠶᠢᠨ ᠳᠠᠯ᠎ᠠ ᠳᠤ ᠪᠠᠶᠢᠭ᠎ᠠ ᠠᠷᠤ ᠮᠤᠩᠭᠤᠯ ᠪᠤᠶᠤ ᠮᠠᠨᠵᠤ ᠶᠢᠨ ᠳᠠᠯ᠎ᠠ ᠳᠤ ᠪᠠᠶᠢᠭ᠎ᠠ ᠦᠪᠦᠷ ᠮᠤᠩᠭᠤᠯ ᠬᠡᠬᠦ ᠬᠤᠶᠠᠷ ᠭᠠᠵᠠᠷ ᠳᠠᠶᠢᠨ ᠬᠢᠬᠦ ᠪᠤᠯᠤᠯᠴᠠᠭ᠎ᠠ ᠶᠡᠭᠡ ᠪᠠᠶᠢᠨ᠎ᠠ᠃ ᠸᠯᠠᠳᠢᠸᠤᠰᠳᠤᠺ ᠪᠤᠶᠤ ᠦᠰᠰᠦᠷᠢ — ᠠᠮᠤᠷ ᠤᠨ ᠬᠢᠯᠢ ᠪᠤᠯ ᠵᠦᠪᠬᠡᠨ ᠤᠷᠤᠨ ᠨᠤᠳᠤᠭ ᠤᠨ ᠤᠨᠴᠠᠯᠢᠭ ᠲᠠᠢ᠂ ᠪᠠᠶᠢᠯᠳᠤᠬᠤ ᠠᠷᠭ᠎ᠠ ᠲᠧᠭᠨᠢᠭ ᠤᠨ ᠴᠢᠨᠠᠷᠳᠡᠢ ᠭᠠᠵᠠᠷ ᠶᠤᠮ᠃ ᠬᠠᠷᠢᠨ ᠮᠤᠩᠭᠤᠯ ᠤᠨ ᠭᠠᠵᠠᠷ ᠨᠤᠳᠤᠭ ᠪᠤᠯ ᠰᠠᠶ᠋ᠢ ᠨᠢᠬᠡᠨ ᠪᠠᠶᠢᠯᠳᠤᠬᠤ ᠪᠤᠳᠤᠯᠭ᠎ᠠ ᠶᠢᠨ ᠴᠢᠨᠠᠷᠳᠡᠢ ᠭᠠᠵᠠᠷ ᠪᠠᠶᠢᠵᠤ᠂ ᠬᠦᠳᠡᠯᠬᠡᠬᠡᠨ ᠬᠢᠵᠤ ᠪᠤᠯᠬᠤ ᠬᠦᠷᠢᠶ᠎ᠡ ᠬᠡᠪᠴᠢᠶ᠎ᠡ ᠨᠢ ᠬᠡᠳᠤᠨ ᠵᠠᠭᠤᠨ ᠮᠢᠯ ᠤᠨ ᠵᠠᠶᠢᠳᠠᠢ ᠦᠷᠬᠦᠯᠵᠢᠯᠡᠵᠤ᠂ ᠰᠢᠪᠧᠷᠢᠶ᠎ᠠ ᠶᠢᠨ ᠳᠡᠮᠤᠷ ᠵᠠᠮ ᠪᠡ ᠮᠠᠨᠵᠤ ᠶᠢᠨ ᠳᠡᠮᠤᠷ ᠵᠠᠮ ᠤᠨ ᠴᠢᠭᠯᠡᠯ ᠳᠠᠭᠠᠤ ᠪᠠᠶᠢᠷᠢᠰᠢᠭᠰᠡᠨ ᠨᠡᠬᠡᠬᠡᠯᠳᠡᠳᠡᠢ ᠪᠦᠰᠠ ᠨᠤᠳᠤᠭ ᠤᠳ ᠶᠤᠮ᠃ ᠬᠡᠳᠦᠶᠢᠪᠡᠷ ᠮᠤᠩᠭᠤᠯ ᠨᠢ ᠬᠢᠳᠡᠳ᠂ ᠮᠠᠨᠵᠤ ᠪᠤᠶᠤ ᠰᠢᠪᠧᠷᠢᠶ᠎ᠠ ᠶᠢᠨ ᠬᠦᠮᠦᠰ ᠠᠴᠠ ᠪᠤᠰᠤᠳ ᠳᠠᠯᠠᠬᠡᠢ ᠳᠠᠬᠢᠨ ᠤ ᠬᠢᠨ ᠳᠤ ᠳᠠᠨᠢᠭᠳᠠᠭ᠎ᠠ ᠦᠬᠡᠢ ᠪᠠᠶᠢᠭᠰᠠᠨ ᠪᠤᠯᠪᠠᠴᠤ ᠬᠠᠷᠢᠨ ᠤᠳᠤ ᠪᠦᠬᠦᠶᠢᠯᠡ ᠠᠯᠤᠰ ᠳᠤᠷᠤᠨᠠᠳᠤ ᠶᠢᠨ ᠬᠤᠪᠢ ᠵᠠᠶᠠᠭᠠᠨ ᠤ ᠠᠮᠢᠨ ᠭᠠᠵᠠᠷ ᠪᠤᠯᠤᠭᠰᠠᠨ ᠪᠠᠶᠢᠳᠠᠭ᠃        ᠮᠤᠩᠭᠤᠯ ᠤᠨ ᠬᠦᠮᠦᠨ ᠠᠮᠠ ᠨᠢ ᠪᠦᠬᠦᠳᠠ ᠳᠠᠪᠤᠨ ᠵᠠᠭᠤᠨ ᠳᠦᠮᠡ ᠬᠦᠷᠬᠦ ᠦᠬᠡᠢ ᠪᠠᠶᠢᠨ᠎ᠠ᠃ ᠵᠠᠭᠤᠨ ᠳᠦᠮᠡᠨ ᠬᠦᠮᠦᠨ ᠠᠮᠠ ᠨᠢ ᠠᠮᠧᠷᠢᠺᠠ ᠶᠢᠨ ᠮᠢᠰᠰᠢᠰᠢᠫᠢ ᠠᠷᠠᠯ ᠤᠨ ᠬᠢᠷᠢ ᠠᠭᠤᠳᠠᠮ ᠨᠤᠳᠤᠭ ᠪᠦᠬᠦᠢ ᠠᠷᠤ ᠮᠤᠩᠭᠤᠯ ᠳᠤ ᠪᠠᠶᠢᠵᠤ᠂ ᠪᠠᠷᠤᠭ ᠵᠠᠭᠤᠨ ᠳᠦᠮᠡᠨ ᠬᠦᠮᠦᠨ ᠨᠢ ᠦᠪᠦᠷ ᠮᠤᠩᠭᠤᠯ ᠤᠨ ᠴᠢᠭᠤᠯᠠᠯᠳᠤ ᠬᠠᠭᠠᠯᠭ᠎ᠠ ᠪᠡ ᠰᠦᠢ ᠶᠤᠸᠡᠨ ᠤᠷᠤᠨ ᠳᠤ ᠠᠮᠢᠳᠤᠷᠠᠵᠤ᠂ ᠬᠤᠶᠠᠷ ᠵᠠᠭᠤᠨ ᠳᠦᠮᠡᠨ ᠬᠦᠮᠦᠨ ᠨᠢ ᠳ᠋ᠦᠩᠰᠢᠭᠤᠷ ᠺᠦᠸ᠋ᠳ᠋ ᠮᠢᠯ ᠤᠨ ᠳᠠᠯᠠᠪᠠᠢ ᠪᠦᠬᠦᠢ ᠹᠷᠠᠨᠼᠢ ᠶᠢᠨ ᠬᠠᠭᠠᠰ ᠤᠨ ᠬᠢᠷᠢ ᠨᠤᠳᠤᠭ ᠲᠠᠢ ᠬᠢᠩᠭᠠᠨ ᠮᠤᠵᠢ ᠳᠤ ᠠᠮᠢᠳᠤᠷᠠᠵᠤ᠂ ᠵᠠᠭᠤᠨ ᠳᠦᠮᠡ ᠭᠠᠷᠤᠢ ᠬᠦᠮᠦᠨ ᠠᠷᠠᠳ ᠨᠢ ᠬᠢᠳᠡᠳ ᠠᠴᠠ ᠳᠦᠷᠺᠰᠲ᠋ᠠᠨ ᠬᠦᠷᠳᠡᠯᠡᠬᠢ ᠭᠠᠵᠠᠷ ᠨᠤᠳᠤᠭ ᠲᠤ ᠳᠠᠷᠬᠠᠭᠰᠠᠨ ᠪᠠᠶᠢᠵᠤ᠂ ᠳᠦᠪᠡᠳ ᠤᠨ ᠬᠦᠬᠡᠨᠠᠭᠤᠷ᠂ ᠰᠢᠪᠧᠷᠢᠶ᠎ᠠ ᠶᠢᠨ ᠪᠦᠬᠦᠳᠠ ᠨᠠᠶᠢᠷᠠᠮᠳᠠᠬᠤ ᠪᠤᠷᠢᠶᠠᠳ ᠠᠷᠠᠳ ᠤᠯᠤᠰ᠂ ︵ᠠᠷᠤ ᠮᠤᠩᠭᠤᠯ ᠲᠠᠢ ᠵᠠᠯᠭᠠᠯᠳᠤᠵᠤ ᠪᠤᠢ︶᠂ ᠠᠯᠤᠰ ᠬᠤᠯᠡ ᠶᠢᠨ ᠠᠰᠲ᠋ᠠᠷᠬᠠᠨ ᠤᠷᠤᠨ ᠳᠤ᠂ ᠤᠷᠤᠰ ᠤᠨ ᠸᠤᠯᠭ᠎ᠠ ᠮᠦᠷᠡᠨ ᠤ ᠳᠤᠤᠷᠡᠳᠤ ᠰᠠᠪᠠ ᠳᠠᠭᠠᠤ ᠤᠷᠤᠨ ᠢᠶᠠᠷ ᠳᠠᠷᠬᠠᠵᠤ ᠪᠤᠢ᠃ ᠮᠠᠨᠵᠤ ᠳᠤ ᠪᠠᠶᠢᠭ᠎ᠠ ᠮᠤᠩᠭᠤᠯᠴᠤᠳ ᠤᠨ ᠬᠦᠮᠦᠨ ᠠᠮᠠ ᠨᠢ ᠪᠠᠷᠤᠭ ᠠᠷᠤ ᠮᠤᠩᠭᠤᠯ ᠤᠨ ᠬᠤᠶᠠᠷ ᠳᠠᠬᠢᠨ ᠪᠠᠶᠢᠳᠠᠭ᠃         ᠠᠮᠧᠷᠢᠺᠠ ᠶᠢᠨ ᠬᠢᠷᠢ ᠦᠷᠬᠡᠨ ᠠᠭᠤᠳᠠᠮ ᠪᠦᠰᠠ ᠨᠤᠳᠤᠭ ᠲᠤ ᠪᠤᠳᠠᠷᠠᠨ ᠳᠠᠷᠬᠠᠭᠰᠠᠨ ᠮᠤᠩᠭᠤᠯᠴᠤᠳ  ᠤᠨ ᠠᠵᠤ ᠠᠬᠤᠢ ᠨᠢ ᠬᠦᠭᠵᠢᠬᠡ ᠦᠬᠡᠢ ᠪᠠᠶᠢᠵᠤ᠂ ᠳᠤᠷᠤᠢ ᠪᠠᠭᠤᠷᠠᠢ ᠪᠠᠶᠢᠳᠠᠯ ᠨᠢ ᠤᠯᠠᠮ ᠳᠤᠳᠤᠷᠬᠠᠢ ᠪᠤᠯᠵᠤ᠂ ᠳᠡᠬᠦᠨ ᠤ ᠪᠠᠶᠢᠯᠳᠤᠬᠤ ᠪᠤᠳᠤᠯᠭ᠎ᠠ ᠶᠢᠨ ᠳᠠᠯ᠎ᠠ ᠶᠢᠨ ᠪᠠᠶᠢᠷᠢ ᠰᠠᠭᠤᠷᠢ ᠨᠢ ᠳᠤᠪᠤᠶᠢᠮ᠎ᠠ ᠢᠯᠡᠷᠡᠭᠰᠡᠨ ᠪᠠᠶᠢᠳᠠᠭ᠃ ᠬᠡᠷᠪᠡ ᠶᠠᠫᠤᠨ ᠤᠷᠤᠰ ᠤᠨ ᠳᠤᠮᠳᠠ ᠳᠠᠶᠢᠨ ᠡᠬᠦᠰᠴᠤ᠂ ᠮᠤᠩᠭᠤᠯ ᠨᠢ ᠳᠤᠰ ᠬᠤᠶᠠᠷ ᠤᠯᠤᠰ ᠤᠨ ᠠᠯᠢ ᠨᠢᠭᠡᠨ ᠡᠳᠡᠬᠡᠳ ᠤᠨ ᠬᠢᠨᠢ ᠠᠰᠢᠭ ᠳᠤᠰᠠ ᠶᠢ ᠳᠦᠯᠦᠬᠡᠯᠡᠪᠡᠯ᠂ ᠨᠦᠬᠦᠬᠡ ᠡᠳᠡᠬᠡᠳ ᠲᠤ ᠳᠤᠶᠢᠯ ᠤᠨ ᠶᠡᠭᠡ ᠨᠦᠯᠦᠬᠡ ᠪᠤᠯᠵᠤ᠂ ᠡᠬᠦᠨ ᠤ ᠤᠯᠠᠮ ᠠᠴᠠ ᠮᠤᠩᠭᠤᠯ ᠨᠢ ᠬᠤᠶᠠᠷ ᠡᠳᠡᠬᠡᠳ ᠤᠨ ᠳᠠᠶᠢᠨ ᠳᠤ ᠰᠢᠢᠳᠪᠦᠷᠢᠯᠡᠬᠦ ᠴᠢᠨᠠᠷᠳᠡᠢ ᠦᠢᠯᠡᠳᠦᠯ ᠦᠵᠡᠬᠦᠯᠵᠤ ᠮᠡᠳᠡᠨ᠎ᠡ᠃        ᠮᠠᠨᠵᠤ ᠤᠯᠤᠰ ᠨᠢ ᠪᠠᠷᠭᠤ ︵ᠬᠠᠷᠠᠮᠦ᠋ᠷᠡᠨ ᠮᠤᠵᠢ ᠶᠢᠨ ᠪᠠᠷᠠᠭᠤᠨ ᠬᠢᠯᠢ ᠳᠤ ᠪᠤᠢ︶ ᠶᠢ ᠪᠠᠭᠳᠠᠭᠠᠭᠰᠠᠨ ᠦᠪᠦᠷ ᠮᠤᠩᠭᠤᠯ ᠤᠨ ᠬᠠᠭᠠᠰ ᠬᠢᠷᠢ ᠶᠢᠨ ᠭᠠᠵᠠᠷ ᠢ ᠡᠵᠡᠮᠳᠡᠵᠤ ᠪᠤᠢ᠂ ᠡᠬᠦᠨ ᠳᠤ ᠨᠤᠨ ᠮᠦᠷᠡᠨ ᠤ ᠬᠠᠪᠴᠢᠯ᠂ ︵ᠬᠠᠷᠠᠮᠦᠷᠡᠨ ᠮᠤᠵᠢ ᠳᠤ ᠪᠤᠢ︶ ᠵᠢᠷᠢᠮ ᠠᠶᠢᠮᠠᠭ᠂ ︵ᠪᠤᠳᠠᠳᠠᠢ ᠪᠠᠷ ᠬᠡᠯᠡᠪᠡᠯ ᠱᠠᠨ ᠬᠠᠢ ᠭᠤᠸᠠᠨ ᠠᠴᠠ ᠮᠦᠭᠳᠡᠨ ᠬᠦᠷᠳᠡᠯᠡᠬᠢ ᠳᠡᠮᠤᠷ ᠵᠠᠮ ᠤᠨ ᠪᠠᠷᠠᠭᠤᠨ ᠳᠠᠯ᠎ᠠ ᠶᠢᠨ ᠪᠦᠬᠦᠶᠢᠯᠡ ᠹᠧᠩ ᠲᠠᠶᠡᠨ ᠮᠤᠵᠢ᠂ ᠬᠢᠷᠢᠨ ᠪᠡ ᠬᠠᠷᠠᠮᠦ᠋ᠷᠡᠨ ᠮᠤᠵᠢ ᠶᠢᠨ ᠨᠢᠬᠡ ᠬᠡᠰᠡᠭ ᠢ ᠪᠠᠭᠳᠠᠭᠠᠵᠤ ᠪᠤᠢ︶᠂ ᠵᠤᠰᠤᠳᠤ ᠪᠡ ᠵᠤᠤ ᠤᠳᠠ ᠠᠶᠢᠮᠠᠭ ︵ᠷᠧ ᠡᠾᠧ ᠮᠤᠵᠢ ᠶᠢᠨ︶  ᠶᠢ ᠪᠠᠭᠳᠠᠭᠠᠵᠤ᠂ ᠪᠠᠷᠤᠭᠴᠢᠯᠠᠪᠠᠯ ᠠᠷᠪᠠᠨ ᠳᠦᠮᠡᠨ ᠺᠤᠸᠡᠳ᠋ ᠮᠢᠯ ᠤᠨ ᠬᠢᠩᠭᠠᠨ ᠮᠤᠵᠢ ᠶᠢ ᠪᠠᠭᠳᠠᠭᠠᠬᠤ ᠦᠬᠡᠢ ᠪᠠᠶᠢᠵᠡᠢ᠃ ᠡᠬᠦᠨ ᠳᠤ ᠭᠤᠷᠪᠡᠨ ᠤ ᠬᠤᠶᠠᠷ ᠬᠤᠪᠢ ᠶᠢᠨ ᠵᠢᠷᠢᠮ᠂ ᠪᠦᠬᠦᠶᠢᠯᠡ ᠵᠤᠰᠤᠳᠤ᠂ ᠵᠤᠤ ᠤᠳᠠ ᠶᠢᠨ ᠬᠠᠭᠠᠰ ᠬᠢᠷᠢ ᠶᠢᠨ ᠨᠤᠳᠤᠭ ᠲᠤ ᠬᠢᠳᠡᠳ ᠬᠦᠮᠦᠰ ᠤᠨ ᠨᠢᠭᠳᠠᠴᠠ ᠨᠡᠯᠢᠶᠡᠳ ᠦᠨᠳᠤᠷ ᠪᠠᠶᠢᠨ᠎ᠠ᠃       ᠤᠳᠤ ᠶᠢᠨ ᠬᠡᠯᠡᠯᠬᠡ ᠪᠠᠷ ᠬᠡᠯᠡᠪᠡᠯ᠂ ᠬᠢᠳᠡᠳ ᠤᠨ ᠦᠪᠦᠷ ᠮᠤᠩᠭᠤᠯ ᠨᠢ ᠮᠠᠨᠵᠤ ᠶᠢᠨ ᠬᠢᠷᠢ ᠳᠤᠮᠤ ᠨᠤᠳᠤᠭ ᠳᠠᠪᠢᠰᠬᠡᠷ ᠲᠠᠢ ᠪᠠᠶᠢᠵᠤ ᠴᠠᠬᠠᠷ ᠪᠡ ᠰᠦᠢᠶᠤᠸᠡᠨ ᠤᠷᠤᠨ ᠢᠶᠠᠷ ᠬᠤᠶᠠᠷ ᠳᠠᠰᠢ ᠬᠤᠪᠢᠶᠠᠭᠳᠠᠭᠰᠠᠨ ᠪᠠᠶᠢᠳᠠᠭ᠃ ᠨᠡᠩ ᠦᠨᠳᠤᠷ ᠬᠤᠷᠳᠤᠴᠠ ᠲᠠᠢ ᠪᠠᠷ ᠺᠤᠯᠤᠨᠢᠴᠢᠯᠠᠬᠤ ᠪᠡ ᠤᠰᠠᠳᠬᠠᠬᠤ ᠶᠢᠨ ᠳᠦᠯᠦᠬᠡ ᠬᠢᠳᠡᠳ ᠤᠳ ᠳᠡᠬᠦᠨ ᠢ ᠮᠤᠵᠢ  ᠶᠢᠨ ᠰᠢᠰᠲ᠋ᠧᠮ ᠳᠠᠭᠠᠨ ᠬᠠᠮᠤᠷᠠᠭᠤᠯᠤᠨ ᠤᠷᠤᠭᠤᠯᠤᠭᠰᠠᠨ ᠶᠤᠮ᠃ ᠤᠭ ᠨᠢ ᠳᠤᠰ ᠭᠠᠵᠠᠷ ᠨᠢ ᠰᠢᠯᠢᠩᠭᠤᠤᠯ᠂ ᠤᠯᠠᠭᠠᠨᠴᠠᠪ ᠪᠡ ᠤᠷᠳᠤᠰ ᠪᠤᠶᠤ ᠶᠡᠭᠡ ᠵᠤᠤ ᠭᠡᠬᠦ ᠭᠤᠷᠪᠠᠨ ᠠᠶᠢᠮᠠᠭ ᠢ ᠪᠠᠭᠳᠠᠭᠠᠵᠤ᠂ ᠴᠠᠬᠠᠷ ᠪᠡ ᠰᠦᠢᠶᠤᠸᠡᠨ ᠤ ᠳᠦᠮᠡᠳ ᠲᠠᠢ ᠨᠡᠶᠢᠯᠡᠵᠤ ᠪᠠᠶᠢᠭᠰᠠᠨ ᠶᠤᠮ᠃ ᠳᠡᠤᠬᠡᠨ ᠳᠤ ᠪᠠᠷᠠᠭᠤᠨ ᠪᠤᠶᠤ ᠳᠤᠮᠳᠠ ᠠᠽᠢᠶ᠎ᠡ ᠳᠤ ᠬᠠᠷᠢᠶᠠᠯᠠᠭᠳᠠᠵᠤ ᠪᠠᠶᠢᠭᠰᠠᠨ ᠦᠪᠦᠷ ᠮᠤᠩᠭᠤᠯ ᠤᠨ ᠪᠠᠷᠠᠭᠤᠨ ᠬᠡᠰᠡᠭ ᠲᠠᠢ ᠵᠠᠯᠭᠠᠯᠳᠤᠵᠤ ᠪᠠᠶᠢᠭ᠎ᠠ ᠠᠯᠠᠱᠠ᠂ ᠡᠵᠡᠨ ᠭᠤᠤᠯ ︵ᠤᠭ ᠦᠬᠡ ᠨᠢ ᠠᠩᠭ᠍ᠯᠢ ᠪᠠᠷ Edsin gol ᠭᠡᠵᠤ ᠪᠤᠢ᠂ ᠠᠳᠠ ᠡᠵᠡᠨ ᠭᠤᠤᠯ ᠬᠡᠮᠡᠨ ᠤᠷᠴᠢᠭᠤᠯᠤᠯ᠎ᠠ︶ ᠨᠢ ᠤᠳᠤ ᠤᠯᠤᠰ ᠳᠦᠷᠦ ᠶᠢᠨ ᠳᠠᠯ᠎ᠠ ᠪᠠᠷ ᠮᠦᠨ ᠴᠤ ᠪᠤᠰᠤᠳ ᠮᠤᠩᠭᠤᠯ ᠨᠤᠳᠤᠭ ᠲᠠᠢ ᠠᠳᠠᠯᠢᠬᠠᠨ ᠨᠦᠯᠦᠬᠡ ᠶᠢ ᠬᠦᠷᠳᠡᠬᠦ ᠪᠤᠯᠵᠡᠢ᠃  
 
ᠢᠷᠡᠯᠲᠡ᠄ ᠬᠤᠯᠪᠣᠭ᠎ᠠ ᠲᠡᠭᠷᠢᠯᠢᠭ ᠣᠬᠠᠭᠠᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号