ᠤᠮᠠᠷᠠᠳᠦ ᠦᠨ ᠤᠯᠤᠰ ᠤᠨ ᠦᠶ᠎ᠠ ᠶᠢᠨ ᠮᠤᠩᠭᠤᠯ ᠤᠪᠤᠭ ᠠᠶᠢᠮᠠᠭ
ᠨᠡᠶᠢᠲᠡᠯᠡᠭᠰᠡᠨ ᠴᠠᠭ᠄
2017/1/11
       ᠣᠨ ᠳᠣᠭᠠᠯᠠᠯ ᠤᠨ 1368 ᠳᠤ ᠳᠣᠮᠳᠠᠳᠣ ᠣᠷᠣᠨ ᠳᠤ ᠡᠬᠦᠰᠦᠭᠰᠡᠨ ᠳᠠᠷᠢᠶᠠᠴᠢᠨ ᠤ ᠪᠣᠰᠣᠯᠭ᠎ᠠ ᠦᠨ ᠣᠯᠣᠰ ᠤᠨ ᠳᠦᠷᠦ ᠶᠢ ᠳᠦᠯᠬᠢᠨ ᠣᠨᠠᠭᠠᠵᠣ ᠳᠣᠭᠤᠨᠳᠡᠮᠦᠷ ᠬᠠᠭᠠᠨ ᠳᠠᠶᠢᠳᠣ ︵ᠣᠳᠣ ᠶᠢᠨ ᠪᠡᠭᠡᠵᠢᠩ ᠬᠤᠳᠠ︶  ᠠᠴᠠ ᠳᠣᠳᠠᠭᠠᠨ ᠭᠠᠷᠴᠣ ᠱᠠᠩᠳᠦ ᠬᠡᠶᠢᠪᠦᠩ ᠬᠡᠮᠡᠬᠦ ᠳᠡᠭᠡᠳᠦ ᠨᠡᠶᠢᠰᠯᠡᠯ ︵ᠣᠳᠣ ᠶᠢᠨ ᠰᠢᠯᠣᠭᠤᠨ ᠬᠦᠬᠡ ᠬᠤᠰᠢᠭᠤᠨ ᠳᠤ ᠪᠣᠢ︶ ᠳᠤ ᠳᠦᠷ ᠴᠠᠭ ᠣᠷᠣᠩᠨᠠᠨ ᠳᠠᠬᠢᠨᠳᠠ ᠪᠠᠷᠰ ᠬᠤᠳᠠ ᠢᠩᠴᠠᠩ ︵ᠣᠳᠣ ᠶᠢᠨ ᠬᠡᠰᠢᠭᠳᠡᠨ ᠬᠤᠰᠢᠭᠤᠨ ᠳᠤ ᠪᠣᠢ︶ ᠳᠤ ᠪᠣᠷᠣᠭᠤᠯᠠᠨ ᠢᠷᠡᠭᠰᠡᠨ ᠠᠴᠠ ︽ᠣᠮᠠᠷᠠᠳᠣ ᠦᠨ︾ ᠣᠯᠣᠰ ᠳᠣᠭᠳᠠᠨᠢᠪᠠ᠃       ᠣᠮᠠᠷᠠᠳᠣ ᠦᠨ ᠣᠯᠣᠰ ᠢ ᠳᠡᠦᠬᠡᠨ ᠰᠣᠷᠪᠣᠯᠵᠢ ᠪᠢᠴᠢᠭ ᠲᠤ ︽ᠳᠦᠴᠢᠨ ᠳᠦᠷᠪᠠᠨ ᠬᠤᠶᠠᠷ ᠮᠣᠩᠭᠤᠯ︾ ᠭᠡᠳᠡᠭ᠃ ︽ᠳᠦᠴᠢᠨ︾ ᠭᠡᠳᠡᠭ ᠨᠢ ᠳᠦᠴᠢᠨ ᠳᠦᠮᠡᠨ ᠮᠣᠩᠭᠤᠯ ᠣᠯᠣᠰ ᠬᠡᠮᠡᠭᠳᠡᠭᠰᠡᠨ ᠵᠡᠬᠦᠨ ᠮᠣᠩᠭᠤᠯ ᠢ ᠵᠢᠭᠠᠵᠣ ︽ᠳᠦᠷᠪᠡᠨ︾ ᠭᠡᠳᠡᠭ ᠨᠢ ᠳᠦᠷᠪᠡᠨ ᠣᠳᠤᠭ ᠢᠶᠠᠷ ᠪᠦᠷᠢᠯᠳᠦᠭᠰᠡᠨ ︽ᠳᠦᠷᠪᠡᠨ ᠣᠢᠢᠷᠠᠳ︾ ᠪᠠᠷᠠᠭᠤᠨ ᠮᠣᠩᠭᠤᠯ ᠢ ᠵᠢᠭᠠᠳᠠᠭ ᠶᠣᠮ᠃ ᠳᠣᠭᠤᠨᠳᠡᠮᠦᠷ ᠬᠠᠭᠠᠨ ᠳᠠᠶᠢᠳᠣ ᠠᠴᠠ ᠳᠣᠳᠠᠭᠠᠵᠣ ᠭᠠᠷᠴᠣ ᠢᠷᠡᠬᠦ ᠳᠤ ᠴᠠᠭᠠᠨ ᠬᠡᠷᠡᠮ ᠤᠨ ᠳᠣᠳᠣᠨ᠎ᠠ ᠣᠷᠣᠭᠰᠠᠨ ᠲᠦᠴᠢᠨ ᠳᠦᠮᠡᠨ ᠮᠣᠩᠭᠤᠯ ᠠᠴᠠ ᠪᠠᠨ ᠵᠢᠷᠭᠤᠭᠠᠬᠠᠨ ᠳᠦᠮᠡ ᠶᠢ ᠳᠠᠭᠠᠭᠤᠯᠣᠨ ᠭᠠᠷᠴᠣ ᠢᠷᠡᠯ᠎ᠡ ᠭᠡᠳᠡᠭ᠃ ᠭᠡᠪᠡᠴᠦ ᠳᠣᠬᠠᠢ ᠶᠢᠨ ᠦᠶ᠎ᠡ ᠶᠢᠨ ᠮᠣᠩᠭᠤᠯ ᠢ ︽ᠳᠦᠴᠢᠨ ᠳᠦᠮᠡᠨ ᠮᠣᠩᠭᠤᠯ︾ ᠭᠡᠵᠦ ᠨᠡᠷᠡᠯᠡᠵᠦ ᠪᠠᠶᠢᠵᠠᠢ᠃ ᠬᠤᠵᠢᠮ ᠨᠢ ᠣᠢᠢᠷᠠᠳ ᠮᠣᠩᠭᠤᠯ ᠬᠦᠴᠦᠷᠬᠡᠭᠵᠢᠭᠡᠳ ᠠᠰᠳᠠᠭᠠᠨ ᠬᠤᠯᠪᠣᠭ᠎ᠠ ᠪᠠᠶᠢᠭᠤᠯᠵᠣ ︽ᠳᠦᠷᠪᠡᠨ ᠣᠢᠢᠷᠠᠳ︾ ᠬᠡᠮᠡᠭᠰᠡᠨ ᠪᠠᠶᠢᠨ᠎ᠠ᠃ ᠠᠳᠡ ᠬᠡᠯᠡᠵᠦ ᠪᠠᠶᠢᠭ᠎ᠠ ᠳᠦᠴᠢᠨ ᠪᠠ ᠳᠦᠷᠪᠡᠨ ᠭᠡᠳᠡᠭ ᠴᠦᠮ  ᠳᠣᠬᠠᠢ ᠶᠢᠨ ᠦᠶ᠎ᠡ ᠶᠢᠨ ᠮᠣᠩᠭᠤᠯᠴᠣᠳ ᠤᠨ ᠣᠪᠣᠭ ᠠᠶᠢᠮᠠᠭ ᠤᠨ ᠪᠦᠷᠢᠯᠳᠦᠯ ᠢ ᠵᠢᠭᠠᠵᠣ ᠪᠠᠶᠢᠭ᠎ᠠ ᠶᠣᠮ᠃ ᠳᠡᠬᠦᠨ ᠢ ᠨᠢᠭᠳᠠᠯᠠᠨ ᠰᠣᠳᠣᠯᠬᠤ ᠨᠢ ᠮᠣᠩᠭᠤᠯᠴᠣᠳ ᠤᠨ ᠣᠪᠣᠭ ᠠᠶᠢᠮᠠᠭ ᠤᠨ ᠳᠡᠦᠬᠡ ᠶᠢ ᠰᠣᠳᠣᠯᠬᠤ ᠴᠢᠬᠤᠯᠨ ᠪᠦᠬᠦᠢ ᠳᠠᠯ᠎ᠠ ᠪᠣᠯᠣᠨ᠎ᠠ᠃ ᠣᠷᠢᠳᠠᠪᠠᠷ ᠪᠢᠳᠡ ᠳᠦᠷᠪᠡᠨ ᠣᠢᠢᠷᠠᠳ ᠤᠨ ᠪᠦᠷᠢᠯᠳᠦᠬᠦᠨ ᠢ ᠦᠵᠡᠶ᠎ᠡ᠂ ︽ᠳᠦᠷᠪᠡᠨ︾ ᠭᠡᠳᠡᠭ ᠨᠢ ᠳᠦᠷᠪᠡᠨ ᠠᠶᠢᠮᠠᠭ ᠣᠢᠢᠷᠠᠳ ᠢ ᠬᠡᠯᠡᠵᠦ ᠪᠠᠶᠢᠨ᠎ᠠ᠃ ︽ᠬᠤ ᠦᠷᠯᠦᠭ ᠤᠨ ᠳᠡᠦᠬᠡ︾ ᠳᠤ ︽ᠦᠬᠡᠯᠡᠳ ᠨᠢᠬᠡᠨ ᠣᠢᠢᠷᠠᠳ᠂ ᠬᠤᠶᠢᠳ᠂ ᠪᠠᠳᠣᠳ ᠨᠡᠶᠢᠯᠡᠭᠡᠳ ᠨᠢᠬᠡ ᠣᠢᠢᠷᠠᠳ᠂ ᠪᠠᠷᠭᠤ ᠪᠣᠷᠢᠶᠠᠳ ᠨᠡᠶᠢᠯᠡᠭᠡᠳ ᠨᠢᠭᠡᠨ ᠣᠢᠢᠷᠠᠳ᠂ ᠳᠦᠷᠪᠡᠨ ᠠᠩᠬᠢ ᠨᠡᠶᠢᠯᠡᠭᠡᠳ ᠨᠢᠭᠡᠨ ᠣᠢᠢᠷᠠᠳ︾ ᠭᠡᠵᠡᠢ᠃ ᠡᠬᠦᠨ ᠢ ᠳᠡᠦᠬᠡᠴᠢᠳ ︽ᠳᠦᠷᠦᠬᠦᠨ ᠳᠦᠷᠪᠡᠨ ᠣᠢᠢᠷᠠᠳ︾ ᠭᠡᠳᠡᠭ᠃ ᠬᠤᠵᠢᠮ ᠨᠢ ᠣᠢᠢᠷᠠᠳ ᠤᠨ ᠪᠦᠷᠢᠯᠳᠦᠬᠦᠨ ᠪᠠᠰᠠ ᠣᠳᠠᠭ᠎ᠠ ᠳᠠᠷᠠᠭᠠᠯᠠᠨ ᠬᠤᠪᠢᠷᠠᠵᠣ ᠢᠷᠡᠵᠡᠢ᠃ ︽ᠮᠣᠩᠭᠤᠯ ᠤᠨ ᠣᠭ ᠡᠬᠢ ᠶᠢᠨ ᠳᠣᠭᠤᠵᠢ︾ ᠳᠤ ᠳᠦᠷᠪᠡᠨ ᠠᠶᠢᠮᠠᠭ ᠣᠢᠢᠷᠠᠳ ᠢ ᠳᠡᠮᠳᠡᠭᠯᠡᠬᠦ ᠳᠡᠭᠡᠨ ︽ᠬᠤᠱᠣᠳ᠂ ᠳᠣᠷᠭᠤᠳ᠂ ᠳᠦᠷᠪᠡᠳ᠂ ᠵᠡᠬᠦᠨ ᠭᠠᠷ ᠨᠡᠶᠢᠯᠡᠭᠡᠳ ᠨᠢᠬᠡ ᠣᠢᠢᠷᠠᠳ᠂ ᠳᠦᠮᠡᠳ ᠂ ᠬᠤᠶᠢᠳ᠂ ᠪᠠᠳᠣᠳ ᠨᠡᠶᠢᠯᠡᠬᠡᠳ ᠨᠢᠬᠡ ᠣᠢᠢᠷᠠᠳ᠂ ᠪᠠᠷᠭᠤ ᠪᠣᠷᠢᠶᠠᠳ ᠨᠡᠶᠢᠯᠡᠭᠡᠳ ᠨᠢᠭᠡ ᠣᠢᠢᠷᠠᠳ᠂ ᠪᠦᠬᠦ  ᠮᠣᠩᠭᠤᠯ ᠢ ᠨᠡᠶᠢᠯᠡᠬᠦᠯᠦᠭᠡᠳ ᠨᠢᠬᠡ ᠣᠢᠢᠷᠠᠳ︾ ᠭᠡᠵᠡᠢ᠃ ᠡᠬᠦᠨ ᠢ ᠡᠷᠳᠡᠮᠳᠡᠳ ︽ᠰᠡᠬᠦᠯ ᠤᠨ ᠳᠦᠷᠪᠡᠨ ᠣᠢᠢᠷᠠᠳ︾ ᠤᠨ ᠬᠤᠯᠪᠣᠭ᠎ᠠ ᠭᠡᠳᠡᠭ᠃ ᠪᠠᠰᠠ ᠬᠠᠭᠤᠴᠢᠨ ᠳᠦᠷᠪᠡᠨ ᠣᠢᠢᠷᠠᠳ ᠭᠡᠵᠦ ᠳᠡᠦᠬᠡ ᠱᠠᠰᠳᠢᠷ ᠲᠤ ᠳᠣᠷᠠᠳᠣᠭᠳᠠᠳᠠᠭ᠃ ᠬᠠᠭᠤᠴᠢᠨ ᠳᠦᠷᠪᠡᠨ ᠣᠢᠢᠷᠠᠳ ᠪᠣᠯ ᠳᠠᠷᠣᠢ ᠬᠤᠱᠣᠳ᠂ ᠵᠡᠬᠦᠨ ᠭᠠᠷ᠂ ᠳᠦᠷᠪᠡᠳ᠂ ᠳᠣᠷᠭᠤᠳ ᠢ ᠬᠡᠯᠡᠨ᠎ᠡ᠃ ᠰᠢᠨ᠎ᠡ ᠬᠢᠵᠠᠭᠠᠷ ᠢ ᠨᠡᠭᠡᠭᠡᠵᠦ ᠰᠢᠨᠵᠢᠶᠠᠩ ᠭᠡᠮᠡᠨ ᠨᠡᠷᠡᠶᠢᠳᠦᠭᠰᠡᠨ ᠤ ᠰᠡᠬᠦᠯᠡᠷ ᠬᠤᠱᠣᠳ᠂ ᠵᠡᠬᠦᠨ ᠭᠠᠷ᠂ ᠳᠦᠷᠪᠡᠳ᠂ ᠬᠤᠶᠢᠳ ᠢ ᠳᠦᠷᠪᠡᠨ ᠣᠢᠢᠷᠠᠳ ᠬᠡᠮᠡᠵᠦ ᠪᠠᠶᠢᠪᠠ᠃ ᠡᠬᠦᠨ ᠠᠴᠠ ᠡᠮᠦᠨ᠎ᠡ ᠪᠠᠰᠠ ᠣᠢᠢᠷᠠᠳ ᠤᠨ ᠵᠢᠷᠭᠤᠭᠠᠨ ᠠᠶᠢᠮᠠᠭ ᠦᠬᠡᠯᠡᠳ᠂ ᠬᠤᠱᠣᠳ᠂ ᠬᠤᠶᠢᠳ᠂ ᠴᠣᠷᠣᠰ᠂ ᠳᠦᠷᠪᠡᠳ᠂ ᠳᠣᠷᠭᠤᠳ ᠢ ᠬᠠᠮᠳᠣᠷᠠᠭᠤᠯᠣᠭᠠᠳ ᠳᠦᠷᠪᠡᠨ ᠣᠢᠢᠷᠠᠳ ᠬᠡᠮᠡᠵᠦ ᠪᠠᠶᠢᠪᠠ᠃ ᠳᠡᠦᠬᠡ ᠶᠢᠨ ᠠᠳᠠᠯᠢ ᠪᠣᠰᠣ ᠴᠠᠭ ᠦᠶ᠎ᠡ ᠳᠤ ᠣᠢᠢᠷᠠᠳ ᠤᠨ ᠬᠤᠯᠪᠣᠭᠠᠨ ᠤ ᠪᠦᠷᠢᠯᠳᠦᠬᠦᠨ ᠴᠦ ᠬᠤᠪᠢᠷᠠᠵᠣ ᠪᠠᠶᠢᠭᠰᠠᠨ ᠪᠠᠶᠢᠨ᠎ᠠ᠃ ᠭᠡᠪᠡᠴᠦ ᠪᠠᠷᠠᠭᠤᠨ ᠮᠣᠩᠭᠤᠯ ᠢ ︽ᠳᠦᠷᠪᠡᠨ ᠣᠢᠢᠷᠠᠳ︾ ᠭᠡᠵᠦ ᠳᠠᠭᠤᠳᠠᠬᠤ ᠨᠢ ᠬᠤᠪᠢᠷᠠᠭ᠎ᠠ ᠦᠬᠡᠢ ᠪᠠᠶᠢᠪᠠ᠃ ᠣᠢᠢᠷᠠᠳ ᠢ ᠵᠡᠬᠦᠨ ᠭᠠᠷ᠂  ᠪᠠᠷᠠᠭᠤᠨ ᠭᠠᠷ ᠭᠡᠵᠦ ᠬᠤᠪᠢᠶᠠᠭᠰᠠᠨ ᠨᠢ ᠣᠮᠠᠷᠠᠳᠣ ᠦᠨ ᠤ ᠰᠡᠬᠦᠯᠴᠢ ᠦᠶ᠎ᠡ ᠪᠣᠶᠣ ᠳᠠᠶᠢᠴᠢᠩ ᠬᠦᠷᠦᠨ ᠤ ᠡᠬᠢᠨ ᠦᠶ᠎ᠡ ᠶᠢᠨ ᠶᠠᠪᠣᠳᠠᠯ ᠪᠣᠯᠣᠨ᠎ᠠ᠃ ᠶᠡᠭᠡ ᠬᠤᠩ ᠳᠠᠶᠢᠵᠢ ᠶᠢᠨ ᠬᠤᠶᠢᠳ ᠤᠨ ᠳᠠᠪᠣᠨ ᠬᠤᠰᠢᠭᠤ ᠪᠠ ᠪᠠᠭ᠎ᠠ ᠬᠤᠩ ᠳᠠᠶᠢᠵᠢ ᠶᠢᠨ ᠵᠢᠷᠠᠳ ᠤᠨ ᠳᠠᠪᠣᠨ ᠬᠤᠰᠢᠭᠤ ᠶᠢ ᠬᠠᠮᠳᠣᠷᠠᠭᠤᠯᠣᠭᠠᠳ ᠪᠠᠷᠠᠭᠤᠨ ᠭᠠᠷ ᠭᠡᠵᠦ᠂ ᠴᠣᠷᠣᠰ ᠤᠨ ᠶᠡᠭᠡ ᠪᠠᠭ᠎ᠠ ᠬᠤᠩ ᠳᠠᠶᠢᠵᠢ ᠶᠢᠨ ᠠᠷᠪᠠᠨ ᠬᠤᠰᠢᠭᠤ ᠶᠢ ᠵᠡᠬᠦᠨ ᠭᠠᠷ ᠭᠡᠳᠡᠭ ᠪᠠᠶᠢᠪᠠ᠃ ᠵᠡᠬᠦᠨ ᠭᠠᠷ ᠬᠠᠭᠠᠨᠳᠣ ᠣᠯᠣᠰ ᠪᠣᠯ ᠳᠠᠷᠣᠢ ᠣᠢᠢᠷᠠᠳ ᠤᠨ ᠵᠡᠬᠦᠨ ᠭᠠᠷ ᠤᠨ ᠭᠤᠣᠯ ᠪᠦᠷᠢᠯᠳᠦᠬᠦᠨ ᠣᠯᠣᠰ ᠪᠣᠯᠣᠨ᠎ᠠ᠃ ᠳᠡᠦᠬᠡ ᠶᠢᠨ ᠪᠢᠴᠢᠭ ᠲᠤ ᠶᠠᠷᠢᠭᠳᠠᠵᠣ ᠪᠠᠶᠢᠭ᠎ᠠ ︽ᠳᠦᠷᠪᠡᠨ ᠣᠢᠢᠷᠠᠳ︾ ᠭᠡᠳᠡᠭ ᠪᠣᠯ ᠳᠠᠷᠣᠢ ᠡᠳᠡᠭᠡᠷ ᠠᠶᠢᠮᠠᠭ ᠣᠭᠰᠠᠭ᠎ᠠ ᠶᠢ ᠬᠠᠮᠳᠣᠷᠠᠭᠤᠯᠣᠨ ᠬᠡᠯᠡᠳᠡᠭ ᠶᠣᠮ᠃       ︽ᠳᠦᠴᠢᠨ ᠮᠣᠩᠭᠤᠯ︾ ᠭᠡᠳᠡᠭ ᠨᠢ ᠦᠨᠳᠦᠰᠦᠨ ᠳᠡᠭᠡᠨ ᠵᠡᠬᠦᠨ ᠮᠣᠩᠭᠤᠯ ᠢ ᠵᠢᠭᠠᠵᠣ ᠪᠠᠶᠢᠪᠠ᠃ ᠵᠡᠬᠦᠨ ᠮᠣᠩᠭᠤᠯ ᠢ ᠵᠢᠷᠭᠤᠭᠠᠨ ᠳᠦᠮᠡᠨ ᠳᠤ ᠬᠤᠪᠢᠶᠠᠨ᠎ᠠ᠃ ᠳᠣᠭᠤᠨᠳᠡᠮᠦᠷ ᠬᠠᠭᠠᠨ ᠳᠠᠶᠢᠳᠣ ᠠᠴᠠ ᠬᠦᠬᠡᠬᠡᠭᠳᠡᠵᠦ ᠭᠠᠷᠴᠣ ᠢᠷᠡᠬᠦ ᠳᠡᠭᠡᠨ ᠵᠢᠷᠭᠤᠭᠠᠨ ᠳᠦᠮᠡᠨ ᠲᠠᠢ ᠭᠠᠷᠴᠣ ᠢᠷᠡᠯ᠎ᠡ ᠭᠡᠳᠡᠭ ᠠᠴᠠ ᠣᠯᠠᠷᠢᠵᠦ ᠢᠷᠡᠭᠰᠡᠨ ᠶᠣᠮ᠃ ᠣᠯᠠᠩᠬᠢ ᠳᠡᠦᠬᠡᠴᠢᠳ ᠳᠠᠶᠠᠨ ᠬᠠᠭᠠᠨ ᠤ ᠦᠶ᠎ᠡ ᠳᠤ ᠬᠤᠪᠢᠶᠠᠯ᠎ᠠ ᠭᠡᠵᠦ ᠦᠵᠡᠳᠡᠭ ᠨᠢ ᠪᠣᠷᠣᠭᠤ ᠶᠣᠮ᠂ ᠳᠠᠶᠠᠨ ᠬᠠᠭᠠᠨ ᠪᠠᠳᠦᠮᠦ᠋ᠩᠬᠡ ᠶᠢᠨ ᠦᠶ᠎ᠡ ᠳᠤ ᠨᠡᠩ ᠳᠣᠳᠣᠷᠬᠠᠢ ᠪᠣᠯᠣᠭᠰᠠᠨ ᠳᠡᠳᠦᠢ ᠶᠣᠮ᠃ ᠵᠡᠬᠦᠨ ᠭᠠᠷ ᠤᠨ ᠭᠤᠷᠪᠠᠨ ᠳᠦᠮᠡᠨ ᠭᠡᠪᠡᠯ ᠣᠷᠢᠶᠠᠩᠬᠠᠢ ᠳᠦᠮᠡᠨ᠂ ᠬᠠᠯᠬ᠎ᠠ ᠳᠦᠮᠡᠨ᠂ ᠴᠠᠬᠠᠷ ᠳᠦᠮᠡᠨ ᠪᠣᠯᠣᠨ᠎ᠠ᠃ ᠪᠠᠷᠠᠭᠤᠨ ᠭᠠᠷ ᠤᠨ ᠭᠤᠷᠪᠠᠨ ᠳᠦᠮᠡᠨ ᠪᠣᠯᠪᠠᠰᠣ ᠶᠦᠩᠰᠢᠶᠠᠪᠤ ᠳᠦᠮᠡᠨ᠂ ᠣᠷᠳᠣᠰ ᠳᠦᠮᠡᠨ᠂ ᠳᠦᠮᠡᠳ ᠳᠦᠮᠡᠨ ᠪᠣᠯᠣᠨ᠎ᠠ᠃ ᠡᠬᠦᠨ ᠠᠴᠠ  ᠪᠣᠰᠣᠳ ᠪᠠᠰᠠ ᠬᠤᠷᠴᠢᠨ ᠣᠯᠣᠰ ᠪᠠ ᠠᠷᠣ ᠠᠶᠢᠮᠠᠭ ᠭᠡᠵᠦ ᠴᠦᠮ ᠣᠮᠠᠷᠠᠳᠣ ᠦᠨ ᠤ ᠶᠡᠭᠡ ᠬᠠᠭᠠᠨ ᠤ  ᠵᠠᠬᠢᠷᠭᠠᠨ ᠳᠤ ᠪᠠᠶᠢᠭᠰᠠᠨ ᠵᠡᠬᠦᠨ ᠮᠣᠩᠭᠤᠯ ᠪᠣᠯᠬᠤ ᠶᠣᠮ᠃       ᠬᠤᠷᠴᠢᠨ ᠣᠯᠣᠰ ᠬᠡᠮᠡᠭᠳᠡᠵᠦ ᠪᠠᠶᠢᠭᠰᠠᠨ ᠬᠠᠰᠠᠷ ᠤᠨ ᠦᠷᠡᠳᠦᠰ ᠤᠨ ᠨᠣᠶᠠᠷᠬᠠᠭᠰᠠᠨ ᠠᠶᠢᠮᠠᠭ ᠲᠤ ᠮᠦᠨ ᠵᠡᠬᠦᠨ ᠭᠠᠷ᠂ ᠪᠠᠷᠠᠭᠤᠨ ᠭᠠᠷ ᠭᠡᠵᠦ ᠬᠤᠪᠢᠶᠠᠵᠦ ᠪᠠᠶᠢᠪᠠ᠃ ᠬᠤᠷᠴᠢᠨ ᠤ ᠵᠡᠬᠦᠨ ᠭᠠᠷ ᠲᠤ ᠳᠣᠯᠣᠭᠠᠨ ᠣᠳᠤᠭ ᠲᠠᠢ᠂ ᠳᠠᠷᠣᠢ ᠰᠢᠨ᠎ᠡ ᠮᠢᠩᠭᠠᠨ ᠠᠶᠢᠮᠠᠭ᠂ ᠮᠣᠣ ᠮᠢᠩᠭᠠᠨ ᠠᠶᠢᠮᠠᠭ᠂ ᠣᠷᠠᠳ ᠠᠶᠢᠮᠠᠭ᠂ ᠠᠯᠳᠠᠴᠢᠨ ᠠᠶᠢᠮᠠᠭ᠂ ᠪᠣᠳᠠᠴᠢᠨ ᠠᠶᠢᠮᠠᠭ᠂ ᠳᠠᠳᠠᠭᠠᠯᠵᠢᠨ ᠠᠶᠢᠮᠠᠭ᠂ ᠭᠤᠷᠯᠣᠰ ᠠᠶᠢᠮᠠᠭ ᠳᠣᠯᠤᠭ᠎ᠠ ᠪᠣᠯᠣᠨ᠎ᠠ᠃ ᠪᠠᠷᠠᠭᠤᠨ ᠭᠠᠷ ᠲᠤ ᠵᠢᠷᠭᠤᠭᠠᠨ ᠣᠳᠤᠭ ᠲᠠᠢ ᠪᠠᠶᠢᠪᠠ᠃ ᠳᠠᠷᠣᠢ ᠬᠡᠷᠡᠶᠢᠳ ᠠᠶᠢᠮᠠᠭ᠂ ᠵᠦᠢᠳ ᠠᠶᠢᠮᠠᠭ᠂ ᠶᠡᠭᠡ ᠮᠢᠩᠭᠠᠨ ᠠᠶᠢᠮᠠᠭ᠂ ᠬᠡᠬᠦᠨ ᠬᠡᠰᠢᠭ ᠠᠶᠢᠮᠠᠭ᠂ ᠳᠦᠪᠡᠬᠡᠨ ᠠᠶᠢᠮᠠᠭ᠂ ᠰᠠᠶᠢᠬᠠᠳ ᠠᠶᠢᠮᠠᠭ ᠵᠢᠷᠭᠤᠭ᠎ᠠ ᠪᠣᠯᠣᠨ᠎ᠠ᠃ ᠬᠤᠷᠴᠢᠨ ᠭᠡᠳᠡᠭ ᠪᠣᠯ ᠬᠠᠭᠠᠨ ᠤ ᠰᠢᠳᠡᠷ ᠦᠢᠯᠡᠴᠢᠯᠡᠵᠦ ᠬᠤᠷ ᠰᠠᠭᠠᠳᠠᠭ ᠢ ᠠᠭᠰᠠᠳᠠᠭ ᠠᠵᠢᠯ ᠳᠦᠷᠦᠯ ᠠᠴᠠ ᠢᠷᠡᠯ ᠲᠠᠢ  ᠠᠶᠢᠮᠠᠭ ᠤᠨ ᠨᠡᠷᠡᠶᠢᠳᠦᠯ ᠪᠣᠯᠣᠨ᠎ᠠ᠃ ᠠᠷᠪᠠᠨ ᠵᠢᠷᠭᠤᠳᠣᠭᠠᠷ ᠵᠠᠭᠤᠨ ᠤ ᠳᠣᠮᠳᠠᠴᠢ ᠦᠶ᠎ᠡ ᠪᠠᠷ ᠨᠣᠨ ᠬᠤᠷᠴᠢᠨ ᠪᠠ ᠠᠷᠣ ᠶᠢᠨ ᠬᠤᠷᠴᠢᠨ ᠭᠡᠵᠦ ᠬᠤᠶᠠᠷ ᠬᠤᠪᠢᠶᠠᠭᠳᠠᠪᠠ᠃ ᠬᠦᠢ ᠮᠦᠩᠬᠡ ᠳᠠᠰᠬᠠᠷ᠎ᠠ ᠶᠢᠨ ᠦᠶ᠎ᠡ ᠳᠤ ᠨᠢᠬᠡ ᠪᠦᠯᠦᠭ ᠬᠤᠷᠴᠢᠨ ᠠᠶᠢᠮᠠᠭ ᠰᠣᠩᠭᠠᠷᠠᠢ ᠨᠣᠨ ᠮᠦᠷᠡᠨ ᠤ ᠰᠠᠪᠠ ᠭᠠᠵᠠᠷ ᠨᠡᠬᠦᠵᠦ ᠣᠴᠢᠭᠠᠳ ᠦᠵᠢᠶᠡᠳ ᠬᠤᠷᠴᠢᠨ ᠪᠣᠶᠣ ᠨᠣᠨ ᠬᠤᠷᠴᠢᠨ ᠬᠡᠮᠡᠬᠦ ᠪᠣᠯᠪᠠ᠂ ᠬᠢᠩᠭᠠᠨ ᠳᠠᠪᠠᠭᠠᠨ ᠤ ᠠᠷᠣ ᠳᠤ ᠦᠯᠡᠳᠡᠭᠰᠡᠨ ᠨᠢ ᠠᠷᠣ ᠠᠶᠢᠮᠠᠭ ᠪᠣᠶᠣ ᠠᠷᠣ ᠶᠢᠨ ᠬᠤᠷᠴᠢᠨ ᠭᠡᠪᠡ᠃ ᠬᠤᠵᠢᠮ ᠤᠨ ︽ᠠᠷᠣ ᠶᠢᠨ ᠭᠤᠷᠪᠠᠨ ᠠᠪᠠᠭ᠎ᠠ ᠸᠠᠩ︾ ᠬᠡᠮᠡᠭᠳᠡᠭᠰᠡᠨ ᠬᠠᠰᠠᠷ᠂ ᠪᠡᠯᠬᠦᠳᠡᠢ᠂ ᠬᠠᠴᠢᠭᠤᠨ ᠭᠤᠷᠪᠠ ᠶᠢᠨ ᠬᠠᠰᠠᠷ ᠤᠨ ᠬᠢᠨᠢ ᠬᠠᠷᠢᠶᠠᠳᠣ ᠠᠶᠢᠮᠠᠭ ᠪᠣᠯᠵᠠᠢ᠃       ᠴᠠᠬᠠᠷ ᠳᠦᠮᠡᠨ ᠪᠣᠯ ᠬᠠᠭᠠᠨ ᠤ ᠰᠢᠭᠤᠳ ᠬᠠᠷᠢᠶᠠᠨ ᠤ ᠳᠦᠮᠡᠨ ᠪᠣᠯᠣᠨ᠎ᠠ᠃ ᠨᠠᠢᠮᠠᠨ ᠣᠳᠤᠭ ᠴᠠᠬᠠᠷ ᠭᠡᠳᠡᠭ᠂ ᠴᠠᠬᠠᠷ ᠤᠨ ᠨᠠᠢᠮᠠᠨ ᠣᠳᠤᠭ ᠨᠢ ᠮᠦᠨ ᠳᠡᠦᠬᠡᠨ ᠶᠠᠪᠣᠴᠠ ᠳᠤ ᠬᠤᠪᠢᠷᠠᠯᠳᠠ ᠶᠡᠬᠡᠳᠡᠢ ᠪᠠᠶᠢᠭᠰᠠᠨ ᠶᠣᠮ᠃ ᠶᠡᠭᠡ ᠬᠠᠭᠠᠨ ᠤ ᠬᠠᠳᠣᠳ ᠢᠶᠠᠨ ᠠᠬ᠎ᠠ ᠳᠦᠮᠡᠨ᠂ ᠳᠡᠬᠦᠦ ᠳᠦᠮᠡᠨ᠂ ᠶᠡᠭᠡ ᠳᠦᠮᠡᠨ ᠬᠡᠮᠡᠨ ᠬᠤᠪᠢᠶᠠᠵᠣ ᠳᠣᠰ ᠳᠣᠰ ᠬᠡᠳᠦᠨ ᠣᠳᠤᠭ ᠢ ᠵᠠᠬᠢᠷᠴᠣ ᠪᠠᠶᠢᠪᠠ᠃ ᠴᠠᠬᠠᠷ ᠤᠨ ᠨᠠᠢᠮᠠᠨ ᠣᠳᠤᠭ ᠲᠤ ᠪᠠᠭᠳᠠᠬᠤ ᠠᠶᠢᠮᠠᠭ ᠬᠡᠪᠡᠯ ᠬᠤᠯᠠᠪᠠᠳ ᠠᠶᠢᠮᠠᠭ᠂ ᠬᠡᠰᠢᠭᠳᠡᠨ ᠠᠶᠢᠮᠠᠭ᠂ ᠬᠠᠭᠤᠴᠢᠳ ᠠᠶᠢᠮᠠᠭ᠂ ᠠᠣᠬᠠᠨ ᠠᠶᠢᠮᠠᠭ᠂ ᠨᠠᠢᠮᠠᠨ ᠠᠶᠢᠮᠠᠭ᠂ ᠵᠠᠭᠤᠳ ᠠᠶᠢᠮᠠᠭ᠂ ᠬᠡᠮᠵᠢᠬᠦᠳ ᠠᠶᠢᠮᠠᠭ᠂ ᠠᠯᠠᠭᠴᠣᠳ ᠠᠶᠢᠮᠠᠭ᠂ ᠴᠠᠭᠠᠨ ᠳᠠᠲ᠋ᠠᠷ ᠠᠶᠢᠮᠠᠭ᠂ ᠠᠪᠠᠭ᠎ᠠ ᠠᠪᠠᠭᠠᠨᠠᠷ ᠠᠶᠢᠮᠠᠭ᠂ ᠰᠦᠨᠢᠳ ᠠᠶᠢᠮᠠᠭ᠂ ᠦᠵᠦᠮᠦᠴᠢᠨ ᠠᠶᠢᠮᠠᠭ᠂ ᠦᠯᠦᠬᠦᠳ ᠠᠶᠢᠮᠠᠭ᠂ ᠪᠣᠷᠣᠳ ᠠᠶᠢᠮᠠᠭ᠂ ᠳᠣᠯᠣᠳ ᠠᠶᠢᠮᠠᠭ᠂ ᠰᠢᠨ᠎ᠡ ᠮᠢᠩᠭᠠᠨ ᠠᠶᠢᠮᠠᠭ᠂ ᠳᠠᠷᠢ ᠮᠢᠩᠭᠠᠨ ᠠᠶᠢᠮᠠᠭ᠂ ᠠᠰᠣᠳ ᠠᠶᠢᠮᠠᠭ᠂ ᠦᠵᠢᠶᠡᠳ ᠠᠶᠢᠮᠠᠭ ᠵᠡᠷᠭᠡ ᠬᠤᠷᠢᠨ ᠠᠶᠢᠮᠠᠭ ᠬᠠᠷᠢᠶᠠᠯᠠᠭᠳᠠᠨ᠎ᠠ᠃ ᠴᠠᠬᠠᠷ ᠭᠡᠳᠡᠭ ᠦᠬᠡ ᠪᠣᠯ ᠬᠠᠭᠠᠨ ᠤ ᠰᠢᠳᠡᠷ ᠴᠡᠷᠢᠭ ᠭᠡᠰᠡᠨ ᠣᠳᠬ᠎ᠠ ᠲᠠᠢ ᠦᠬᠡ ᠪᠣᠯᠣᠨ᠎ᠠ᠃ ᠳᠣᠯᠣᠢ ᠶᠢᠨ ᠬᠠᠳᠣᠨ ᠰᠣᠷᠬᠠᠭᠳᠠᠨᠢ ᠪᠠᠬᠢ ᠶᠢᠨ ᠬᠠᠮᠢᠶᠠᠷᠴᠦ ᠪᠠᠶᠢᠭᠰᠠᠨ ︽ᠬᠡᠰᠢᠭᠳᠡᠨ ᠴᠡᠷᠢᠭ︾ ᠠᠴᠠ ᠣᠯᠠᠷᠢᠵᠦ ᠢᠷᠡᠭᠰᠡᠨ ᠶᠣᠮ᠃       ᠬᠠᠯᠬ᠎ᠠ ᠳᠦᠮᠡᠨ ᠤ ᠠᠷᠪᠠᠨ ᠬᠤᠶᠠᠷ ᠣᠳᠤᠭ᠂ ᠡᠬᠦᠨ ᠳᠤ ᠦᠪᠦᠷ ᠬᠠᠯᠬ᠎ᠠ ᠳᠠᠪᠣᠨ ᠣᠳᠤᠭ ᠲᠠᠢ᠂ ᠠᠯᠴᠣᠪᠣᠯᠣᠳ ᠤᠨ ᠬᠤᠶᠢᠴᠢᠰ ᠬᠤᠷᠬᠠᠴᠢ ᠬᠠᠰᠠᠷ ᠤᠨ ᠳᠠᠪᠣᠨ ᠬᠦᠪᠡᠬᠦᠨ ᠳᠣᠰ ᠳᠣᠰ ᠨᠣᠶᠠᠷᠬᠠᠵᠦ ᠪᠠᠶᠢᠵᠠᠢ᠃ ᠠᠷᠣ ᠬᠠᠯᠬ᠎ᠠ ᠳᠣᠯᠣᠭᠠᠨ ᠣᠳᠤᠭ ᠲᠠᠢ ᠪᠠᠶᠢᠵᠠᠢ᠃ ᠠᠷᠣ ᠬᠠᠯᠬ᠎ᠠ ᠶᠢ ᠨᠢ ᠪᠣᠯ ᠬᠡᠷᠡᠰᠡᠨᠵᠡ ᠵᠠᠯᠠᠶᠢᠷ ᠬᠤᠩ ᠳᠠᠶᠢᠵᠢ ᠨᠣᠶᠠᠷᠬᠠᠵᠣ ᠪᠠᠶᠢᠵᠠᠢ᠃ ᠦᠪᠦᠷ ᠬᠠᠯᠬ᠎ᠠ ᠶᠢᠨ ᠳᠠᠪᠣᠨ ᠣᠳᠤᠭ ᠪᠣᠯᠪᠠᠰᠣ ᠪᠠᠭᠠᠷᠢᠨ ᠠᠶᠢᠮᠠᠭ᠂ ᠬᠤᠩᠬᠢᠷᠠᠳ ᠠᠶᠢᠮᠠᠭ ᠂ ᠵᠠᠷᠣᠳ ᠠᠶᠢᠮᠠᠭ᠂ ᠪᠠᠶᠠᠭᠤᠳ ᠠᠶᠢᠮᠠᠭ᠂ ᠦᠵᠢᠶᠡᠳ ᠠᠶᠢᠮᠠᠭ ᠳᠠᠪᠤ ᠪᠣᠯᠣᠨ᠎ᠠ᠃ ᠠᠷᠣ ᠬᠠᠯᠬ᠎ᠠ ᠶᠢᠨ ᠳᠣᠯᠣᠭᠠᠨ ᠣᠳᠤᠭ ᠭᠡᠪᠡᠯ ᠦᠨᠡᠭᠡᠳ᠂ ᠵᠠᠯᠠᠶᠢᠷ ᠬᠤᠶᠠᠷ ᠠᠶᠢᠮᠠᠭ ᠨᠡᠶᠢᠯᠡᠬᠡᠳ ᠨᠢᠬᠡ ᠣᠳᠤᠭ᠂ ᠪᠠᠰᠣᠳ᠂ ᠡᠯᠵᠢᠬᠡᠨ ᠬᠤᠶᠠᠷ  ᠠᠶᠢᠮᠠᠭ ᠨᠡᠶᠢᠯᠡᠬᠡᠳ ᠨᠢᠬᠡ ᠣᠳᠤᠭ᠂ ᠬᠡᠷᠬᠦᠳ᠂ ᠭᠤᠷᠯᠣᠰ ᠬᠤᠶᠠᠷ ᠠᠶᠢᠮᠠᠭ ᠨᠡᠶᠢᠯᠡᠬᠡᠳ ᠨᠢᠬᠡ ᠣᠳᠤᠭ᠂ ᠬᠤᠷᠢᠶ᠎ᠠ ᠂ ᠬᠦᠷᠢᠶ᠎ᠡ᠂ ᠴᠣᠬᠤᠷ ᠭᠤᠷᠪᠠᠨ ᠠᠶᠢᠮᠠᠭ ᠨᠡᠶᠢᠯᠡᠬᠡᠳ ᠨᠢᠬᠡ ᠣᠳᠤᠭ᠂ ᠬᠦᠬᠡᠢᠳ᠂ ᠬᠠᠳᠠᠬᠢᠨ ᠬᠤᠶᠠᠷ ᠠᠶᠢᠮᠠᠭ ᠨᠡᠶᠢᠯᠡᠬᠡᠳ ᠨᠢᠬᠡ ᠣᠳᠤᠭ᠂ ᠳᠠᠩᠭᠤᠳ᠂ ᠰᠠᠷᠳᠠᠭᠤᠯ ᠬᠤᠶᠠᠷ ᠠᠶᠢᠮᠠᠭ ᠨᠡᠶᠢᠯᠡᠬᠡᠳ ᠨᠢᠬᠡ ᠣᠳᠤᠭ᠂ ᠣᠷᠢᠶᠠᠩᠬᠠᠢ ᠨᠢᠬᠡ ᠣᠳᠤᠭ ᠡᠶᠢᠮᠦᠷᠬᠦ ᠳᠣᠯᠣᠭᠠᠨ ᠣᠳᠤᠭ ᠪᠣᠯᠣᠨ᠎ᠠ᠃ ᠬᠡᠷᠡᠰᠡᠨᠵᠡ ᠳᠠᠶᠢᠵᠢ ᠵᠠᠯᠠᠶᠢᠷ ᠠᠶᠢᠮᠠᠭ ᠤᠨ ᠳᠡᠭᠡᠷ᠎ᠡ ᠨᠣᠶᠠᠷᠬᠠᠵᠣ ᠪᠠᠶᠢᠭᠰᠠᠨ ᠣᠴᠢᠷ ᠠᠴᠠ ᠳᠡᠦᠬᠡᠨ ᠪᠢᠴᠢᠭ ᠲᠤ ᠵᠠᠯᠠᠶᠢᠷ ᠬᠤᠩ ᠳᠠᠶᠢᠵᠢ ᠭᠡᠵᠠᠢ᠃ ︽ᠬᠠᠯᠬ᠎ᠠ︾ ᠭᠡᠳᠡᠭ ᠦᠬᠡ ᠪᠣᠯ ᠬᠠᠯᠬᠠᠭ᠎ᠠ ᠨᠦᠮᠦᠷᠢ ᠭᠡᠰᠡᠡ ᠣᠳᠬ᠎ᠠ ᠲᠠᠢ ᠶᠣᠮ᠃       ᠣᠷᠳᠣᠰ ᠳᠦᠮᠡᠨ ᠢ ᠮᠦᠨ ᠵᠡᠬᠦᠨ ᠭᠠᠷ ᠪᠠᠷᠠᠭᠤᠨ ᠭᠠᠷ ᠭᠡᠵᠦ ᠬᠤᠶᠠᠷ ᠬᠤᠪᠢᠶᠠᠳᠠᠭ᠃ ᠪᠠᠷᠠᠭᠤᠨ ᠭᠠᠷ ᠤᠨ ᠣᠳᠤᠭ ᠲᠤ ᠳᠦᠷᠪᠡᠨ ᠬᠤᠷᠢᠶᠠᠨ ᠠᠶᠢᠮᠠᠭ᠂ ᠬᠡᠬᠦᠳ ᠠᠶᠢᠮᠠᠭ᠂ ᠰᠢᠪᠠᠭᠤᠴᠢᠨ ᠠᠶᠢᠮᠠᠭ᠂ ᠣᠷᠠᠳ ᠠᠶᠢᠮᠠᠭ᠂ ᠳᠠᠩᠭᠤᠳ ᠠᠶᠢᠮᠠᠭ᠂ ᠳᠠᠯᠠᠳ ᠠᠶᠢᠮᠠᠭ᠂ ᠬᠠᠩᠬᠢᠨ ᠠᠶᠢᠮᠠᠭ᠂ ᠮᠠᠷᠬᠢᠳ ᠠᠶᠢᠮᠠᠭ᠂ ᠪᠠᠭ᠋ᠠᠰ ᠠᠶᠢᠮᠠᠭ᠂ ᠪᠠᠰᠣᠳ ᠠᠶᠢᠮᠠᠭ᠂ ᠦᠬᠦᠰᠢᠨ ᠠᠶᠢᠮᠠᠭ᠂ ᠪᠠᠳᠠᠬᠢᠨ ᠠᠶᠢᠮᠠᠭ᠂ ᠬᠠᠯᠢᠭᠤᠴᠢᠨ ᠠᠶᠢᠮᠠᠭ ᠪᠣᠯᠣᠨ᠎ᠠ᠃ ᠵᠡᠬᠦᠨ ᠭᠠᠷ ᠤᠨ ᠣᠳᠤᠭ ᠬᠡᠷᠡᠢᠰ ᠠᠶᠢᠮᠠᠭ᠂ ᠬᠠᠭᠤᠴᠢᠳ ᠠᠶᠢᠮᠠᠭ᠂ ᠮᠢᠩᠭᠠᠳ ᠠᠶᠢᠮᠠᠭ᠂ ᠬᠤᠨᠢᠴᠢᠨ ᠠᠶᠢᠮᠠᠭ᠂ ᠬᠤᠷᠠᠭᠠᠴᠢᠨ ᠠᠶᠢᠮᠠᠭ᠂  ᠳᠦᠷᠪᠡᠨ ᠣᠢᠢᠭᠤᠳ ᠠᠶᠢᠮᠠᠭ ᠪᠠᠭᠳᠠᠳᠠᠭ᠃ ᠣᠷᠳᠣᠰ ᠬᠡᠮᠡᠬᠦ ᠨᠡᠷᠡᠶᠢᠳᠦᠯ ᠪᠣᠯ ᠴᠢᠩᠬᠢᠰ ᠬᠠᠭᠠᠨ ᠤ ᠨᠠᠢᠮᠠᠨ ᠴᠠᠭᠠᠨ ᠣᠷᠳᠣ ᠶᠢ ᠰᠠᠬᠢᠵᠦ ᠬᠠᠮᠠᠭᠠᠯᠠᠵᠣ ᠪᠠᠶᠢᠭᠰᠠᠨ ᠡᠬᠦᠷᠭᠡ ᠳᠣᠰᠢᠶᠠᠯ ᠲᠠᠢ ᠰᠢᠷ᠎ᠠ ᠳᠠᠷᠠᠬᠤᠳ ᠤᠨ ᠠᠶᠢᠮᠠᠭ ᠪᠦᠷᠢᠯᠳᠦᠬᠦᠨ ᠠᠴᠠ ᠢᠷᠠᠯ ᠲᠠᠢ ᠶᠣᠮ᠃       ᠶᠦᠩᠰᠢᠶᠠᠪᠤ ᠳᠦᠮᠡᠨ ᠤ ᠬᠠᠷᠢᠶᠠᠨ ᠳᠤ ᠠᠷᠪᠠᠨ ᠣᠳᠤᠭ ᠲᠠᠢ ᠪᠠᠶᠢᠵᠠᠢ᠂ ᠳᠡᠷᠡᠬᠦ ᠠᠷᠪᠠᠨ ᠣᠳᠤᠭ ᠪᠣᠯᠪᠠᠰᠣ ᠠᠰᠣᠳ ᠠᠶᠢᠮᠠᠭ᠂ ᠬᠠᠷᠠᠴᠢᠨ ᠠᠶᠢᠮᠠᠭ᠂ ᠪᠣᠷᠢᠶᠠᠳ ᠠᠶᠢᠮᠠᠭ ︵ᠪᠠᠰᠠ ᠶᠦᠩᠰᠢᠶᠠᠪᠤ ᠪᠣᠷᠢᠶᠠᠳ ᠠᠶᠢᠮᠠᠭ ᠭᠡᠳᠡᠭ︶᠂ ᠰᠢᠷᠠᠨᠣᠳ ᠠᠶᠢᠮᠠᠭ ︵ᠬᠢᠳᠡᠳ ᠰᠣᠷᠪᠣᠯᠵᠢ ᠪᠢᠴᠢᠭ ᠲᠤ ᠰᠢᠨᠦᠯᠠᠩ ᠠᠶᠢᠮᠠᠭ ᠭᠡᠵᠦ ᠳᠡᠮᠳᠡᠭᠯᠡᠵᠦ ᠪᠠᠶᠢᠭ᠎ᠠ ᠶᠢ ᠠᠳᠡ ᠰᠡᠷᠬᠦᠬᠡᠪᠡ︶᠂ ᠳᠠᠩᠯᠠᠭᠠᠷ ᠠᠶᠢᠮᠠᠭ᠂ ᠰᠢᠪᠠᠭᠤᠴᠢᠨ ᠠᠶᠢᠮᠠᠭ᠂ ᠨᠣᠮᠣᠴᠢᠨ ᠠᠶᠢᠮᠠᠭ᠂ ᠪᠠᠷᠭᠤ ᠠᠶᠢᠮᠠᠭ᠂  ᠬᠤᠩᠬᠤᠳᠠᠨ ᠠᠶᠢᠮᠠᠭ᠂ ᠳᠠᠪᠣᠨ ᠠᠶᠢᠮᠠᠭ ᠵᠡᠷᠭᠡ ᠪᠠᠭᠳᠠᠵᠣ ᠪᠠᠶᠢᠵᠠᠢ᠃ ᠠᠳᠡ ᠬᠡᠯᠡᠵᠦ ᠪᠠᠶᠢᠭ᠎ᠠ ᠳᠠᠪᠣᠨ ᠠᠶᠢᠮᠠᠭ ᠭᠡᠳᠡᠭ ᠪᠣᠯ ᠦᠨ ᠣᠯᠣᠰ ᠤᠨ ᠦᠶ᠎ᠡ ᠶᠢᠨ ᠵᠡᠬᠦᠨ ᠬᠤᠶᠢᠳᠣ ᠶᠢᠨ ︽ᠳᠠᠪᠣᠨ ᠳᠣᠰᠢᠶ᠎ᠠ︾ ᠶᠢᠨ ᠬᠤᠶᠢᠴᠢᠰ ᠪᠣᠯᠣᠨ᠎ᠠ ᠃ ᠳᠠᠪᠣᠨ ᠳᠣᠰᠢᠶ᠎ᠠ ᠳᠤ ︽ᠢᠬᠢᠷᠢᠰ᠂ ᠬᠤᠩᠬᠢᠷᠠᠳ᠂ ᠵᠠᠯᠠᠶᠢᠷ᠂᠂ ᠣᠷᠣᠭᠤᠳ᠂ ᠮᠠᠩᠭᠤᠤᠳ︾ ᠳᠠᠪᠤ ᠪᠠᠭᠳᠠᠨ᠎ᠠ᠃ ᠡᠨᠡᠬᠦ ᠳᠠᠪᠣᠨ ᠳᠣᠰᠢᠶ᠎ᠠ ᠠᠴᠠ ᠳᠠᠪᠣᠨ ᠠᠶᠢᠮᠠᠭ ᠪᠦᠷᠢᠯᠳᠦᠵᠦ ᠬᠤᠵᠢᠮ ᠨᠢ ︽ᠳᠠᠪᠣᠨᠠᠩ︾ ᠭᠡᠵᠦ ᠳᠠᠭᠤᠳᠠᠬᠤ ᠪᠣᠯᠣᠭᠰᠠᠨ ᠶᠣᠮ᠃ ︽ᠳᠠᠪᠣᠨᠠᠩ︾ ᠭᠡᠳᠡᠭ ᠨᠢ ᠳᠠᠪᠣᠨ ᠸᠠᠩ ᠭᠡᠰᠨᠨ ᠬᠢᠳᠡᠳ ᠮᠣᠩᠭᠤᠯ ᠨᠡᠶᠢᠯᠡᠮᠡᠯ ᠦᠬᠡ ᠪᠣᠯᠣᠨ᠎ᠠ ᠃ ᠠᠰᠣᠳ ᠠᠶᠢᠮᠠᠭ᠂ ᠬᠠᠷᠠᠴᠢᠨ ᠠᠶᠢᠮᠠᠭ᠂ ᠰᠢᠷᠠᠨᠣᠳ ᠠᠶᠢᠮᠠᠭ ᠭᠤᠷᠪᠠ ᠶᠢ ᠬᠠᠭᠤᠴᠢᠨ ᠬᠠᠷᠠᠴᠢᠨ ᠭᠡᠳᠡᠭ᠂ ᠦᠨ  ᠣᠯᠣᠰ ᠤᠨ ᠦᠶ᠎ᠡ ᠳᠤ ᠬᠢᠪᠴᠠᠭ ᠤᠨ ᠳᠠᠯ᠎ᠠ ᠨᠣᠳᠤᠭ ᠲᠤ ᠮᠠᠯᠵᠢᠵᠦ ᠠᠰᠣ ᠬᠠᠷᠠᠭᠤᠯ ᠳᠤ ᠬᠠᠮᠢᠶᠠᠷᠣᠭᠳᠠᠵᠣ ᠪᠠᠶᠢᠵᠠᠢ᠃ ᠬᠠᠷᠠᠴᠢᠨ ᠭᠡᠳᠡᠭ ᠨᠢ ᠬᠠᠭᠠᠨ ᠤ ᠬᠠᠷ᠎ᠠ ᠠᠳᠣᠭᠤ ᠶᠢ ᠬᠠᠷᠢᠭᠤᠯᠵᠣ ᠴᠡᠭᠡ ᠨᠡᠷᠡᠳᠡᠭ ᠬᠦᠮᠦᠰ ᠭᠡᠳᠡᠭ᠃ ᠣᠮᠠᠷᠠᠳᠣ ᠦᠨ ᠣᠯᠣᠰ ᠤᠨ ᠨᠡᠷᠡᠳᠦ ᠳᠠᠶᠢᠱᠢ ᠪᠣᠯᠠᠢ ᠶᠢᠨ ᠬᠠᠷᠢᠶᠠᠨ ᠳᠤ ᠪᠠᠶᠢᠵᠠᠢ᠃ ᠦᠨ ᠣᠯᠣᠰ ᠤᠨ ᠦᠶ᠎ᠡ ᠳᠤ ᠬᠠᠭᠠᠨ ᠳᠠᠶᠢᠳᠣ ᠠᠴᠠ ᠱᠠᠩᠳᠣ ᠳᠤ ᠵᠣᠰᠠᠬᠤ ᠪᠠᠷ ᠣᠴᠢᠬᠤ ᠳᠠᠭᠠᠨ ᠶᠠᠪᠣᠭᠤᠯ ᠣᠷᠳᠣᠨ ᠳᠤ ᠪᠠᠭᠤᠳᠠᠭ᠃ ᠴᠠᠭᠠᠨ ᠨᠠᠭᠤᠷ ᠤᠨ ᠶᠠᠪᠣᠭᠤᠯ ᠣᠷᠳᠣᠨ ᠪᠠ ︽ᠡᠬᠦᠯᠨ ᠳᠣᠯᠣᠮ᠎ᠠ ᠣᠷᠳᠣᠨ︾ ᠶᠦᠨ ᠰᠢᠦᠢ ᠹᠦ᠋ ᠳᠤ ᠪᠠᠭᠤᠳᠠᠭ ᠠᠴᠠ ᠶᠦᠩᠰᠢᠶᠠᠪᠤ ᠠᠶᠢᠮᠠᠭ ᠪᠦᠷᠢᠯᠳᠦᠪᠡ᠂ ᠡᠬᠢᠨ ᠦᠶ᠎ᠡ ᠶᠢᠨ ᠪᠦᠷᠢᠯᠳᠦᠬᠦᠨ ᠨᠢ ᠬᠠᠭᠠᠨ ᠤ ᠠᠪᠠ ᠶᠢᠨ ᠰᠢᠪᠠᠭᠤ ᠶᠢ ᠬᠠᠮᠢᠶᠠᠷᠳᠠᠭ ᠰᠢᠪᠠᠭᠤᠴᠢᠨ ᠠᠶᠢᠮᠠᠭ ᠪᠠ ᠬᠠᠭᠠᠨ ᠤ ᠨᠣᠮᠣ ᠰᠣᠮᠣ ᠶᠢ ᠬᠠᠮᠢᠶᠠᠷᠳᠠᠭ ᠳᠠᠷᠬᠠᠨ ᠨᠣᠮᠣᠴᠢᠨ  ᠠᠶᠢᠮᠠᠭ ᠠᠴᠠ ᠪᠦᠷᠢᠯᠳᠦᠭᠰᠡᠨ ᠪᠠᠶᠢᠳᠠᠭ᠃       ᠳᠦᠮᠡᠳ ᠳᠦᠮᠡᠨ ᠢ ᠮᠦᠨ ᠵᠡᠬᠦᠨ ᠭᠠᠷ ᠪᠠᠷᠠᠭᠤᠨ ᠭᠠᠷ ᠬᠡᠮᠡᠨ ᠬᠤᠪᠢᠶᠠᠵᠣ ᠪᠠᠶᠢᠪᠠ᠃ ᠵᠡᠬᠦᠨ ᠭᠠᠷ ᠤᠨ ᠣᠳᠤᠭ ᠲᠤ ᠬᠠᠮᠤᠭ ᠬᠦᠴᠦᠷᠬᠡᠭ ᠨᠢ ᠣᠢᠢᠭᠤᠷᠵᠢᠨ ᠠᠶᠢᠮᠠᠭ ᠪᠠᠶᠢᠵᠣ ᠳᠡᠬᠦᠨ ᠠᠴᠠ ᠳᠠᠷᠠᠭᠠᠯᠠᠪᠠᠯ ᠦᠬᠦᠰᠢᠨ ᠠᠶᠢᠮᠠᠭ᠂ ᠪᠠᠶᠠᠭᠤᠳ ᠠᠶᠢᠮᠠᠭ᠂ ᠮᠣᠣ ᠮᠢᠩᠭᠠᠨ ᠠᠶᠢᠮᠠᠭ᠂ ᠪᠠᠭᠠᠷᠢᠨ ᠠᠶᠢᠮᠠᠭ᠂ ᠬᠤᠩᠬᠢᠷᠠᠳ ᠠᠶᠢᠮᠠᠭ᠂ ᠳᠣᠯᠤᠭ᠎ᠠ ᠳᠦᠮᠡᠨ ᠠᠶᠢᠮᠠᠭ ︵ᠳᠣᠯᠣᠳ ᠠᠶᠢᠮᠠᠭ︶ ᠪᠠᠭᠳᠠᠵᠣ ᠪᠠᠷᠠᠭᠤᠨ ᠭᠠᠷ ᠤᠨ ᠣᠳᠤᠭ ᠲᠤ ᠬᠠᠮᠤᠭ ᠬᠦᠴᠦᠷᠬᠡᠭ ᠨᠢ ᠮᠣᠩᠭᠤᠯᠵᠢᠨ ᠠᠶᠢᠮᠠᠭ ᠪᠠᠶᠢᠵᠣ ᠳᠡᠬᠦᠨ ᠠᠴᠠ ᠳᠠᠷᠠᠭᠠᠯᠠᠪᠠᠯ ᠴᠠᠭᠠᠳ ᠠᠶᠢᠮᠠᠭ᠂ ᠳᠠᠯᠠᠳ ᠠᠶᠢᠮᠠᠭ᠂ ᠣᠩᠭᠤᠳ ᠠᠶᠢᠮᠠᠭ᠂ ᠬᠠᠩᠯᠢᠨ ᠠᠶᠢᠮᠠᠭ᠂ ᠢᠳᠡ ᠠᠶᠢᠮᠠᠭ᠂ ᠰᠠᠯᠵᠢᠭᠤᠳ ᠠᠶᠢᠮᠠᠭ᠂ ᠵᠢᠷᠬᠢᠨ ᠠᠶᠢᠮᠠᠭ᠂ ᠪᠦᠬᠡᠯᠡᠰ ᠠᠶᠢᠮᠠᠭ ᠪᠠᠭᠳᠠᠵᠣ ᠪᠠᠶᠢᠵᠠᠢ᠃ ᠬᠤᠵᠢᠮ ᠨᠢ ᠳᠦᠮᠡᠳ ᠳᠦᠮᠡᠨ ᠤ ᠣᠳᠤᠭ ᠲᠤ ᠪᠠᠰᠠ ᠬᠤᠪᠢᠷᠠᠯᠳᠠ ᠭᠠᠷᠴᠣ ᠳᠣᠯᠣᠳ᠂  ᠣᠢᠢᠭᠤᠷᠵᠢᠨ᠂ ᠦᠬᠦᠰᠢᠨ᠂ ᠪᠠᠶᠠᠭᠤᠳ᠂ ᠦᠯᠦ᠂ ᠳᠦᠵᠢᠯᠨ ᠵᠡᠷᠭᠡ ᠠᠶᠢᠮᠠᠭ ᠪᠣᠯᠣᠭᠰᠠᠨ ᠪᠠᠶᠢᠳᠠᠭ ᠢ ᠬᠢᠳᠡᠳ ᠰᠣᠷᠪᠣᠯᠵᠢᠰ ᠲᠤ ᠳᠡᠮᠳᠡᠭᠯᠡᠭᠰᠡᠨ ᠪᠠᠶᠢᠳᠠᠭ ᠶᠣᠮ᠃       ᠣᠷᠢᠶᠠᠩᠬᠠᠢ ᠳᠦᠮᠡᠨ ᠤ ᠬᠠᠷᠢᠶᠠᠨ ᠳᠤ ᠣᠷᠰᠣᠳ ᠠᠶᠢᠮᠠᠭ᠂ ᠬᠢᠷᠬᠢᠰ ᠠᠶᠢᠮᠠᠭ᠂ ᠬᠠᠪᠬᠠᠨᠠᠰ ᠠᠶᠢᠮᠠᠭ᠂ ᠵᠠᠬᠠᠴᠢᠳ ᠠᠶᠢᠮᠠᠭ᠂ ᠬᠠᠷᠠᠴᠢᠨ ᠠᠶᠢᠮᠠᠭ ᠬᠠᠷᠢᠶᠠᠯᠠᠭᠳᠠᠵᠣ ᠪᠠᠶᠢᠵᠠᠢ᠃ ᠣᠮᠠᠷᠠᠳᠣ ᠦᠨ ᠣᠯᠣᠰ ᠤᠨ ᠡᠬᠢᠨ ᠦᠶ᠎ᠡ ᠳᠤ ᠣᠷᠢᠶᠠᠩᠬᠠᠢ ᠠᠶᠢᠮᠠᠭ ᠳᠣᠩ ᠬᠦᠴᠦᠷᠬᠡᠭ ᠪᠠᠶᠢᠵᠣ ᠮᠢᠩ ᠣᠯᠣᠰ ᠤᠨ ᠵᠦ ᠳ᠋ᠢ ᠠᠪᠠᠭ᠎ᠠ ᠠᠴᠢ ᠬᠤᠶᠠᠭᠤᠯᠨ ᠳᠦᠷᠦ ᠶᠢᠨ ᠡᠷᠬᠡ ᠪᠣᠯᠢᠶᠠᠯᠳᠣᠵᠣ ᠵᠦ ᠳ᠋ᠢ ᠨᠠᠨᠵᠢᠩ ᠢ ᠴᠣᠬᠢᠵᠦ ᠠᠪᠬᠤ ᠳᠠᠭᠠᠨ ᠣᠷᠢᠶᠠᠩᠬᠠᠢ ᠠᠶᠢᠮᠠᠭ ᠤᠨ ᠳᠦᠴᠢᠨ ᠳᠦᠮᠡᠨ ᠶᠡᠭᠡ ᠴᠡᠷᠢᠭ ᠤᠨ ᠬᠦᠴᠦᠨ ᠳᠤ ᠳᠦᠰᠢᠭᠯᠡᠭᠰᠡᠨ ᠶᠣᠮ᠃ ᠡᠨᠡᠬᠦ ᠭᠠᠪᠢᠶ᠎ᠠ ᠪᠠᠷ ᠮᠢᠩ ᠣᠯᠣᠰ ᠠᠴᠠ ᠣᠷᠢᠶᠠᠩᠬᠠᠢ ᠠᠶᠢᠮᠠᠭ ᠲᠤ ᠳᠣᠶᠣᠨ ᠬᠠᠷᠠᠭᠤᠯ᠂ ᠳᠠᠶᠢᠨᠢᠩ ᠬᠠᠷᠠᠭᠤᠯ᠂ ᠦᠶᠡᠷ ᠬᠠᠷᠠᠭᠤᠯ ᠵᠡᠷᠭᠡ ᠭᠤᠷᠪᠠᠨ ᠬᠠᠷᠠᠭᠤᠯ ᠭᠠᠷᠭᠠᠵᠣ ᠬᠢᠯᠢ ᠬᠢᠵᠠᠭᠠᠷ ᠢ ᠰᠠᠬᠢᠭᠤᠯᠵᠣ ᠬᠠᠷᠢᠴᠠᠩᠭᠤᠢ ᠣᠨᠴᠠ ᠡᠷᠬᠡ ᠣᠯᠭᠤᠵᠣ ᠪᠠᠶᠢᠵᠠᠢ᠃ ᠡᠰᠡᠨ ᠳᠠᠶᠢᠱᠢ ᠶᠢᠨ ᠦᠶ᠎ᠡ ᠳᠤ ᠳᠠᠬᠢᠨᠳᠠ ᠣᠮᠠᠷᠠᠳᠣ ᠦᠨ ᠤ ᠰᠢᠭᠤᠳ ᠮᠡᠳᠡᠯ ᠳᠤ ᠣᠷᠣᠪᠠ᠃ ᠣᠷᠢᠶᠠᠩᠬᠠᠢ ᠪᠣᠯ ᠣᠣᠯ ᠨᠢ ᠣᠢ ᠶᠢᠨ ᠢᠷᠭᠡᠳ ᠲᠤ ᠪᠠᠭᠳᠠᠵᠣ ᠪᠣᠭᠤ ᠶᠢᠨ ᠠᠪᠠ ᠶᠢᠨ ᠦᠶ᠎ᠡ ᠪᠠᠷ ᠪᠦᠷᠢᠶ᠎ᠡ ᠳᠠᠳᠠᠵᠣ ︽ᠣᠷᠢᠶ᠎ᠠ︾  ᠬᠠᠰᠬᠢᠷᠴᠣ ᠠᠩ ᠤᠨ ᠠᠮᠢᠳᠠᠨ ᠢ ᠬᠠᠰᠢᠵᠦ ᠦᠷᠬᠦᠭᠡᠳᠡᠭ ᠠᠵᠢᠯ ᠳᠦᠷᠦᠯ ᠠᠴᠠ ᠢᠷᠡᠯ ᠲᠠᠢ ᠨᠡᠷᠡᠶᠢᠳᠦᠯ ᠪᠣᠯᠣᠨ᠎ᠠ᠃ ᠶᠡᠭᠡ ᠮᠣᠩᠭᠤᠯ ᠣᠯᠣᠰ ᠤᠨ ᠦᠶ᠎ᠡ ᠳᠤ ᠴᠢᠩᠬᠢᠰ ᠬᠠᠭᠠᠨ ᠤ ᠨᠡᠷᠡᠳᠦ ᠳᠦᠰᠢᠮᠡᠯ ᠵᠡᠯᠮ᠎ᠡ ᠶᠢᠨ ᠠᠶᠢᠮᠠᠭ ᠶᠣᠮ᠂ ᠡᠨᠡᠬᠦ ᠵᠡᠬᠦᠨ ᠭᠤᠷᠪᠠᠨ ᠳᠦᠮᠡᠨ ᠤ ᠨᠢᠬᠡ ᠨᠢ ᠳᠠᠶᠠᠨ ᠬᠠᠭᠠᠨ ᠤ ᠦᠶ᠎ᠡ ᠳᠤ ᠣᠷᠪᠠᠯᠭ᠎ᠠ ᠭᠠᠷᠭᠠᠭᠠᠳ ᠳᠠᠷᠣᠩᠭᠤᠢᠢᠯᠠᠭᠳᠠᠨ ᠳᠦᠮᠡᠨ ᠤ ᠵᠣᠬᠢᠶᠠᠨ ᠪᠠᠶᠢᠭᠤᠯᠣᠯᠳᠠ ᠪᠠᠨ ᠳᠠᠷᠬᠠᠭᠠᠭᠳᠠᠭᠰᠠᠨ ᠪᠠᠶᠢᠨ᠎ᠠ᠃ ᠬᠤᠵᠢᠮ ᠨᠢ ᠣᠷᠢᠶᠠᠩᠬᠠᠢ ᠠᠶᠢᠮᠠᠭ ᠣᠯᠠᠨ ᠰᠠᠯᠪᠣᠷᠢ ᠳᠤ ᠬᠤᠪᠢᠶᠠᠭᠳᠠᠵᠠᠢ᠃ ᠳᠠᠷᠣᠢ ᠳᠠᠩᠨᠦ ᠣᠷᠢᠶᠠᠩᠬᠠᠢ᠂ ᠳᠣᠪᠤ ᠣᠷᠢᠶᠠᠩᠬᠠᠢ᠂ ᠬᠠᠷᠠᠴᠢᠨ ᠣᠷᠢᠶᠠᠩᠬᠠᠢ᠂ ᠠᠯᠳᠠᠢ ᠣᠷᠢᠶᠠᠩᠬᠠᠢ ᠁ ᠵᠡᠷᠭᠡ ᠪᠠᠶᠢᠭ᠎ᠠ ᠶᠣᠮ᠃       ᠳᠡᠦᠬᠡᠨ ᠪᠢᠴᠢᠭ ᠲᠤ ᠶᠠᠷᠢᠭᠳᠠᠵᠣ ᠪᠠᠶᠢᠭ᠎ᠠ ︽ᠳᠦᠴᠢᠨ ᠳᠦᠮᠡᠨ ᠮᠣᠩᠭᠤᠯ︾ ᠪᠣᠶᠣ ︽ᠳᠦᠴᠢᠨ ᠮᠣᠩᠭᠤᠯ︾ ᠭᠡᠳᠡᠭ ᠨᠢ ᠳᠠᠷᠣᠢ ᠡᠳᠡᠬᠡᠷ ᠠᠶᠢᠮᠠᠭ ᠣᠭᠰᠠᠭ᠎ᠠ ᠶᠢ ᠵᠢᠭᠠᠵᠣ ᠪᠠᠶᠢᠵᠠᠢ᠃    
 
ᠢᠷᠡᠯᠲᠡ᠄ ᠬᠤᠯᠪᠣᠭ᠎ᠠ ᠮᠠᠩᠬᠠᠨ ᠡᠷ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号