ᠴᠢᠩᠭᠢᠰ ᠬᠠᠭᠠᠨ ᠤ ᠦᠬᠢᠳ ᠬᠦᠷᠭᠡᠳ
ᠨᠡᠶᠢᠲᠡᠯᠡᠭᠰᠡᠨ ᠴᠠᠭ᠄
2017/1/11
      ᠴᠢᠩᠭᠢᠰ ᠬᠠᠭᠠᠨ ᠳᠤ ᠬᠠᠳᠣᠳ ᠲᠠᠳᠠᠪᠤᠷᠢ ᠤᠯᠠᠨ ᠪᠤᠯᠬᠤᠷ ᠮᠠᠰᠢ ᠤᠯᠠᠨ ᠦᠷ᠎ᠡ ᠬᠡᠤᠬᠡᠳ ᠲᠠᠢ ᠪᠠᠶᠢᠬᠤ  ᠨᠢ ᠵᠦᠢ ᠶᠣᠰᠤᠨ ᠤ ᠬᠡᠷᠡᠭ᠃ ᠭᠡᠳᠡᠯ᠎ᠡ ᠨᠡᠭᠦᠳᠡᠯ ᠮᠠᠯᠵᠢᠯ ᠤᠨ ᠠᠮᠢᠳᠣᠷᠠᠯ ᠠᠴᠠ ᠪᠤᠯᠵᠤ ᠲᠡᠮᠳᠡᠭᠯᠡᠭᠳᠡᠵᠤ ᠬᠤᠴᠤᠷᠤᠭᠰᠠᠨ ᠨᠢ ᠮᠠᠰᠢ ᠴᠦᠭᠡᠨ ᠪᠠᠶᠢᠳᠠᠭ᠃ ᠣᠳᠣ ᠵᠦᠪᠬᠡᠨ ︿︿ᠮᠣᠩᠭᠤᠯ ᠤᠨ ᠨᠢᠭᠤᠴᠠ ᠲᠤᠪᠴᠢᠶᠠᠨ﹀﹀᠂ ︿︿ᠡᠷᠳᠡᠨᠢ ᠶᠢᠨ ᠲᠤᠪᠴᠢ﹀﹀᠂ ︿︿ᠳ᠋ᠣᠰᠰᠤᠨ ᠤ ᠮᠤᠩᠭᠤᠯ ᠤᠨ ᠲᠡᠤᠬᠡ﹀﹀ ᠵᠡᠷᠭᠡ ᠳᠤ ᠲᠡᠮᠳᠡᠭᠯᠡᠭᠳᠡᠵᠤ ᠦᠯᠡᠳᠡᠭᠰᠡᠨ ᠲᠤᠭ᠎ᠠ ᠲᠠᠢ ᠬᠡᠳᠣᠨ ᠲᠠᠶᠢᠽᠢ᠂ ᠭᠦᠩᠵᠤ ᠯᠠ ᠲᠣᠷᠠᠳᠣᠭᠳᠠᠵᠤ ᠪᠤᠢ᠃     ᠬᠤᠵᠢᠨ ᠪᠠᠬᠢ— ᠬᠤᠵᠢᠨ ᠪᠠᠬᠢ ᠪᠤᠯ ᠪᠦᠷᠳᠡ ᠦᠵᠢᠨ ᠬᠠᠳᠣᠨ ᠠᠴᠠ ᠲᠦᠷᠦᠭᠰᠡᠨ᠂ ᠴᠢᠩᠭᠢᠰ ᠬᠠᠭᠠᠨ ᠤ ᠶᠡᠭᠡ ᠦᠬᠢᠨ ᠪᠤᠯᠤᠨ᠎ᠠ᠃ ᠲᠦᠷᠦᠵᠤ ᠦᠬᠦᠭᠰᠡᠨ ᠣᠨ ᠰᠠᠷ᠎ᠠ ᠨᠢ ᠲᠤᠳᠤ ᠦᠭᠡᠢ᠃ ᠤᠤᠯ ᠳᠠᠭᠠᠨ ᠴᠢᠩᠭᠢᠰ ᠬᠠᠭᠠᠨ ᠤ ᠦᠬᠢᠨ ᠲᠡᠭᠦᠤ ᠲᠡᠮᠤᠯᠤᠨ ᠭᠤᠸ᠎ᠠ ᠶᠢ ᠢᠷᠬᠢᠷᠡᠰ ᠣᠪᠤᠭᠳᠠᠨ ᠪᠤᠳᠣ ᠳᠤ ᠪᠤᠭᠳᠣᠯᠭᠰᠠᠨ ᠶᠤᠮ᠂ ᠲᠡᠮᠤᠯᠤᠨ ᠭᠤᠸ᠎ᠠ ᠦᠬᠦᠭᠰᠡᠨ ᠤ ᠲᠠᠷᠠᠭ᠎ᠠ ᠬᠤᠵᠢᠨ ᠪᠠᠬᠢ ᠶᠢ ᠪᠤᠳᠣ ᠵᠠᠯᠭᠠᠨ ᠪᠤᠭᠳᠣᠯᠠᠵᠡᠢ᠃ ︿︿ᠶᠤᠸᠠᠨ ᠣᠯᠤᠰ ᠤᠨ ᠲᠡᠤᠬᠡ﹀﹀ ᠶᠢᠨ ᠭᠦᠩᠵᠤ  ᠶᠢᠨ ᠢᠯᠡᠳᠬᠡᠯ ᠳᠤ ᠲᠡᠮᠤᠯᠤᠨ  ᠭᠤᠸ᠎ᠠ ᠪᠤᠯ ᠠᠩᠬᠠᠳᠠᠭᠴᠢ ᠴᠠᠩ ᠭᠦᠸᠧ ᠭᠦᠩᠵᠤ᠂ ᠬᠤᠵᠢᠨ ᠪᠠᠬᠢ ᠪᠤᠯ ᠬᠤᠶᠠᠳᠣᠭᠠᠷ ᠴᠠᠩ ᠭᠦᠸᠧ ᠭᠡᠵᠤ ᠲᠡᠮᠳᠡᠭᠯᠡᠵᠤ ᠪᠤᠢ᠃       ᠴᠢᠩᠭᠢᠰ ᠬᠠᠭᠠᠨ ᠲᠠᠶᠢᠴᠢᠭᠤᠳ ᠢ ᠲᠠᠷᠤᠭᠰᠠᠨ ᠤ ᠲᠠᠷᠠᠭ᠎ᠠ ᠸᠠᠩ ᠬᠠᠨ ᠲᠠᠢ ᠤᠯᠠᠮ ᠤᠶᠢᠷ᠎ᠠ ᠪᠤᠯᠤᠶ᠎ᠠ ᠭᠡᠵᠤ ᠸᠠᠩ ᠬᠠᠨ ᠦᠬᠢᠨ ᠴᠠᠭᠤᠷ ᠪᠠᠬᠢ ᠶᠢ ᠵᠦᠴᠢ ᠳᠤ ᠭᠤᠶᠤᠵᠤ᠂ ᠦᠪᠡᠷ ᠤᠨ ᠦᠬᠢᠨ ᠬᠤᠵᠢᠨ ᠪᠠᠬᠢ ᠶᠢ ᠰᠡᠩᠭᠦᠮ ᠤᠨ ᠲᠡᠭᠦᠣ  ᠲᠤᠰᠠᠬ᠎ᠠ ᠳᠤ ᠦᠭᠭᠦᠶ᠎ᠡ ᠭᠡᠵᠤ ᠲᠣᠷᠠᠳᠴᠤ ᠦᠩᠭᠡᠷᠡᠵᠡᠢ᠃ ᠭᠡᠳᠡᠯ᠎ᠡ ᠡᠨᠡ ᠤᠷᠤᠭ ᠤᠨ ᠶᠠᠪᠣᠳᠠᠯ ᠪᠦᠳᠦᠭᠰᠡᠨ ᠦᠭᠡᠢ ᠣᠴᠢᠷ ᠲᠤ ᠸᠠᠩ ᠬᠠᠨ᠂ ᠴᠢᠩᠭᠢᠰ ᠬᠠᠭᠠᠨ ᠲᠠᠬᠢᠨᠳᠡ ᠡᠪᠳᠡᠷᠡᠯᠴᠡᠭᠰᠡᠨ ᠪᠠᠶᠢᠨ᠎ᠠ᠃ ᠢᠬᠢᠷᠡᠰ ᠠᠶᠢᠮᠠᠭ ᠤᠤᠯ ᠳᠠᠭᠠᠨ ᠡᠷᠭᠦᠨ᠎ᠡ ᠭᠤᠣᠯ ᠤᠨ ᠲᠣᠣᠷᠠᠳᠤ ᠣᠷᠤᠰᠬᠠᠯ ᠬᠢᠭᠡᠳ ᠬᠢᠩᠭᠠᠨ ᠨᠢᠷᠤᠭᠤᠨ ᠤ ᠲᠤᠮᠳᠠ ᠬᠡᠰᠡᠭ ᠢᠶᠠᠷ ᠨᠡᠭᠦᠳᠡᠯᠯᠡᠨ ᠮᠠᠯᠵᠢᠵᠤ ᠪᠠᠶᠢᠭᠰᠠᠨ ᠶᠤᠮ᠃ ᠲᠣᠰ ᠠᠶᠢᠮᠠᠭ ᠤᠨ ᠪᠤᠳᠤ ᠬᠠᠮᠤᠭ ᠡᠷᠳᠡ ᠴᠢᠩᠭᠢᠰ ᠬᠠᠭᠠᠨ ᠢ ᠲᠠᠭᠠᠷ᠎ᠠ ᠢᠷᠡᠭᠰᠡᠨ ᠦᠷᠦᠭᠡᠯ ᠣᠪᠤᠭᠳᠣ ᠢᠵᠠᠭᠤᠷᠳᠡᠨ ᠪᠤᠯᠬᠤ ᠶᠤᠮ᠃ ᠴᠢᠩᠭᠢᠰ ᠬᠠᠭᠠᠨ ᠬᠠᠭᠠᠨᠳᠣ ᠮᠣᠩᠭᠤᠯ ᠣᠯᠤᠰ ᠢ ᠪᠠᠶᠢᠭᠤᠯᠤᠭᠰᠠᠨ ᠤ ᠲᠠᠷᠠᠭ᠎ᠠ ᠪᠣᠳᠣ ᠴᠢᠩᠭᠢᠰ ᠬᠠᠭᠠᠨ ᠤ ᠨᠠᠶᠠᠨ ᠨᠠᠢᠮᠠᠨ ᠭᠠᠪᠢᠶᠠᠳᠠᠨ  ᠤ ᠨᠠᠶᠠᠨ ᠲᠤᠯᠤᠳᠣᠭᠠᠷ ᠲᠤ ᠵᠢᠭᠰᠠᠭᠠᠭᠳᠠᠵᠡᠢ᠃       ᠴᠡᠴᠡᠶᠢᠬᠡᠨ ᠭᠦᠩᠭᠵᠤ — ᠴᠡᠴᠡᠶᠢᠬᠡᠨ ᠭᠦᠩᠵᠤ ᠪᠣᠯ ᠪᠦᠷᠳᠡ ᠦᠵᠢᠨ ᠬᠠᠳᠣᠨ ᠠᠴᠠ ᠲᠦᠷᠦᠭᠰᠡᠨ᠂ ᠴᠢᠩᠭᠢᠰ ᠬᠠᠭᠠᠨ ᠤ ᠬᠤᠶᠠᠳᠣᠭᠠᠷ ᠦᠬᠢᠨ ᠪᠤᠯᠤᠨ᠎ᠠ᠃1207 ᠤᠨ ᠳᠤ ᠴᠢᠩᠭᠢᠰ ᠬᠠᠭᠠᠨ ᠤ ᠠᠬᠠᠮᠠᠳ ᠬᠦᠤ ᠵᠦᠴᠢ ᠦᠷᠭᠡᠨ ᠠᠭᠤᠳᠠᠮ ᠲᠠᠢ ᠣᠢ ᠶᠢᠨ ᠢᠷᠭᠡᠨ ᠣᠷᠤᠭᠤᠯᠤᠨ ᠠᠪᠤᠭᠠᠳ ᠢᠷᠡᠬᠦ ᠳᠤ ᠴᠢᠩᠭᠢᠰ ᠬᠠᠭᠠᠨ ᠡᠮᠦᠨ᠎ᠡ  ᠠᠴᠠ ᠨᠢ ᠣᠭᠳᠤᠨ ᠣᠴᠢᠵᠤ᠂ ᠲᠦᠮᠡᠨ ᠤᠶᠢᠷᠠᠳ ᠢᠶᠠᠨ ᠡᠯᠰᠠᠵᠤ ᠢᠷᠡᠪᠡ ᠭᠡᠮᠡᠨ ᠰᠠᠶᠢᠰᠢᠶᠠᠵᠤ ᠤᠶᠢᠷᠠᠳ ᠤᠨ ᠲᠦᠷᠦᠭᠦᠣ ᠬᠤᠳᠤᠭ᠎ᠠ ᠪᠠᠬᠢ ᠶᠢᠨ ᠬᠦᠪᠡᠭᠦᠨ ᠢᠨᠠᠯᠴᠢ ᠳᠤ ᠦᠪᠡᠷ ᠤᠨ  ᠦᠬᠢᠨ ᠴᠡᠴᠡᠶᠢᠬᠡᠨ ᠭᠦᠩᠵᠤ ᠪᠠᠨ ᠪᠤᠭᠳᠣᠯᠠᠨ ᠦᠭᠴᠡᠢ᠃ ᠭᠡᠳᠡᠯ᠎ᠡ ᠷᠠᠰᠢᠳ᠋ —  ᠠᠳ᠋ — ᠳ᠋ᠢᠨ ᠤ ᠨᠤᠮ ᠳᠤ ︿︿ᠪᠦᠷᠳᠡ ᠬᠠᠳᠣᠨ ᠤ ᠬᠤᠶᠠᠳᠣᠭᠠᠷ ᠦᠬᠢᠨ ᠴᠢᠴᠠᠭᠠᠨ ᠢ ᠤᠶᠢᠷᠠᠳ ᠤᠨ ᠬᠤᠳᠤᠭ᠎ᠠ ᠪᠠᠬᠢ ᠶᠢᠨ ᠬᠦᠪᠡᠭᠦᠨ ᠲᠤᠷᠠᠯᠵᠢ ᠳᠤ ᠦᠭᠪᠡ﹀﹀ ᠭᠡᠵᠤ ᠲᠡᠨᠳᠡᠭᠯᠡᠵᠤ ᠪᠣᠢ᠃ ︿︿ᠴᠢᠴᠠᠭᠠᠨ﹀﹀ ᠭᠡᠳᠡᠭ ᠨᠢ ︿︿ᠴᠡᠴᠡᠶᠢᠬᠡᠨ﹀﹀ ᠭᠡᠳᠡᠭ ᠲᠠᠢ ᠣᠶᠢᠷᠠᠳᠴᠤ ᠪᠠᠶᠢᠪᠠᠴᠣ ︿︿ᠲᠣᠷᠠᠯᠵᠢ﹀﹀ ᠭᠡᠳᠡᠭ ᠨᠢ ᠬᠠᠷᠢᠨ ︿︿ᠢᠨᠠᠯᠴᠢ﹀﹀ ᠲᠠᠢ ᠣᠭᠳᠣ ᠲᠠᠭᠠᠷᠠᠬᠤ ᠦᠭᠡᠢ᠃ ︿︿ᠮᠣᠩᠭᠤᠯ ᠤ ᠨᠢᠭᠤᠴᠠ ᠲᠤᠪᠴᠢᠶᠠᠨ﹀﹀ ᠳᠤ ᠢᠨᠠᠯᠴᠢ ᠶᠢᠨ ᠠᠬ᠎ᠠ ︿︿ᠲᠦᠷᠦᠯᠴᠢ﹀﹀ ᠭᠡᠵᠤ ᠲᠣᠷᠠᠳᠣᠭᠰᠠᠨ ᠨᠢ ᠨᠢᠭᠡ ᠬᠦᠮᠦᠨ ᠪᠠᠶᠢᠵᠤ ᠮᠡᠳᠡᠨ᠎ᠡ᠃ ᠵᠠᠷᠢᠮ ᠨᠤᠮ ᠪᠢᠴᠢᠭ ᠲᠤ ᠬᠢᠷᠬᠢᠰ ᠬᠦᠮᠦᠨ ᠠᠬᠠᠯᠠᠭᠴᠢ ᠪᠠᠨ ︿︿ᠢᠨᠠᠯ﹀﹀ ᠭᠡᠵᠤ ᠲᠠᠭᠤᠳᠠᠳᠠᠭ ᠭᠡᠵᠤ ᠲᠡᠮᠳᠡᠭᠯᠡᠵᠤ ᠪᠤᠢ᠂ ᠡᠶᠢᠮᠣ ᠠᠴᠠ ︿︿ᠢᠨᠠᠯᠴᠢ﹀﹀ ᠭᠡᠳᠡᠭ ᠨᠢ ᠬᠤᠳᠤᠭ᠎ᠠ ᠪᠠᠬᠢ ᠶᠢᠨ ᠬᠦᠪᠡᠭᠦᠨ ᠤ ᠨᠡᠷ᠎ᠡ ᠪᠢᠰᠢ ᠪᠠᠶᠢᠵᠤ ᠮᠡᠳᠡᠬᠦ ᠶᠤᠮ᠃ ᠢᠩᠬᠢᠵᠤ ᠦᠵᠡᠪᠡᠯ ᠴᠡᠴᠡᠶᠢᠬᠡᠨ ᠬᠦᠩᠵᠤ ᠢ ᠬᠤᠳᠤᠭ᠎ᠠ ᠪᠠᠬᠢ  ᠶᠢᠨ ᠢᠨᠠᠯᠴᠢ ᠴᠣᠯᠠ ᠲᠠᠢ ᠲᠦᠷᠦᠯᠴᠢ ᠭᠡᠳᠡᠭ ᠬᠦᠪᠡᠭᠦᠨ ᠳᠤ ᠦᠭᠭᠦᠭᠰᠡᠨ ᠪᠤᠯᠤᠯᠳᠡᠢ᠃ ︿︿ᠶᠣᠸᠠᠨ ᠣᠯᠤᠰ ᠤᠨ ᠲᠡᠤᠬᠡ﹀﹀ ᠶᠢᠨ ᠭᠦᠩᠵᠤ ᠶᠢᠨ ᠢᠯᠡᠳᠬᠡᠯ ᠳᠤ ᠴᠡᠴᠡᠶᠢᠬᠡᠨ ᠬᠦᠩᠵᠤ ᠶᠢ ᠶᠡᠨ ᠠᠨ ᠭᠦᠩᠵᠤ ᠶᠢᠨ ᠪᠠᠶᠢᠷᠢ ᠶᠢᠨ ᠬᠤᠶᠠᠳᠣᠭᠠᠷ ᠭᠦᠩᠵᠤ ᠪᠠᠷ ᠲᠡᠮᠳᠡᠭᠯᠡᠵᠤ ᠪᠠᠶᠢᠨ᠎ᠠ᠃      ᠠᠯᠠᠭ᠎ᠠ ᠪᠠᠬᠢ — ᠠᠯᠠᠭ᠎ᠠ ᠪᠠᠬᠢ ᠪᠤᠯ ᠪᠦᠷᠳᠡ ᠦᠵᠢᠨ ᠬᠠᠳᠣᠨ ᠠᠴᠠ ᠲᠦᠷᠦᠭᠰᠡᠨ᠂ ᠴᠢᠩᠭᠢᠰ ᠬᠠᠭᠠᠨ ᠤ ᠭᠤᠷᠪᠠᠳᠣᠭᠠᠷ ᠦᠬᠢᠨ ᠪᠣᠯᠤᠨ᠎ᠠ᠃1207 ᠤᠨ ᠳᠤ ᠴᠢᠩᠭᠢᠰ ᠬᠠᠭᠠᠨ ᠲᠡᠭᠦᠨ ᠢ ᠣᠩᠭᠤᠳ ᠤᠨ ᠲᠦᠷᠦᠭᠦᠤ ᠠᠯᠬᠤᠰᠢ ᠲᠢᠬᠢᠳ ᠬᠤᠷᠢ ᠳᠤ ᠪᠣᠭᠳᠣᠯᠠᠨ ᠦᠭᠬᠦ ᠳᠤ ᠠᠯᠬᠤᠰᠢ ᠨᠠᠰᠣ ᠦᠳᠡᠯᠪᠡ ᠭᠡᠵᠤ ᠬᠦᠯᠢᠶᠡᠨ ᠠᠪᠤᠭᠰᠠᠨ ᠦᠭᠡᠢ ᠠᠬᠠᠮᠠᠳ ᠬᠦᠪᠡᠭᠦᠨ ᠪᠣᠶᠠᠰᠢᠪᠠᠯ ᠳᠠᠭᠠᠨ ᠦᠭᠴᠡᠢ᠃1211 ᠤᠨ ᠳᠤ ᠴᠢᠩᠭᠢᠰ ᠬᠠᠭᠠᠨ ᠠᠯᠳᠠᠨ ᠣᠯᠤᠰ  ᠢ ᠠᠩᠬ᠎ᠠ ᠲᠠᠶᠢᠯᠠᠬᠤ ᠦᠶ᠎ᠡ ᠳᠤ ᠠᠯᠬᠤᠰᠢ ᠲᠢᠬᠢᠳ ᠬᠤᠷᠢ ᠴᠡᠷᠢᠭ ᠢᠶᠠᠨ ᠲᠠᠶᠢᠴᠢᠯᠠᠨ ᠴᠢᠩᠭᠢᠰ ᠤᠨ ᠶᠡᠭᠡ ᠴᠡᠷᠢᠭ  ᠢ ᠠᠯᠳᠠᠨ ᠤᠯᠤᠰ ᠤᠨ ᠬᠢᠯᠢ ᠦᠩᠭᠡᠷᠡᠳᠡᠯ᠎ᠡ ᠵᠠᠮᠴᠢᠯᠠᠵᠡᠢ᠃ ᠲᠡᠷᠡ ᠦᠶ᠎ᠡ ᠳᠤ ᠴᠢᠩᠭᠢᠰ ᠬᠠᠭᠠᠨ ᠲᠡᠭᠦᠨ ᠢ ᠦᠪᠡᠷ  ᠤᠨ ᠠᠶᠢᠮᠠᠭ ᠢᠶᠠᠨ ᠵᠠᠬᠢᠷ ᠭᠡᠵᠤ ᠪᠣᠴᠠᠭᠠᠪᠠ᠃ ᠡᠨᠡ ᠦᠶ᠎ᠡ ᠳᠤ ᠣᠩᠭᠤᠳ ᠤᠨ ᠢᠵᠠᠭᠤᠷᠳᠡᠳ ᠤᠨ ᠲᠣᠳᠣᠷ᠎ᠠ ᠬᠤᠪᠢᠰᠣᠯ ᠦᠭᠴᠣ᠂ ᠠᠯᠬᠤᠰᠢ ᠡᠰᠡᠷᠭᠦᠴᠡᠵᠤ ᠪᠠᠶᠢᠭᠰᠠᠨ ᠡᠳᠡᠭᠡᠳ ᠠᠯᠬᠤᠰᠢ᠂ ᠪᠣᠶᠠᠰᠢᠪᠠᠯ ᠡᠴᠢᠭᠡ ᠬᠦᠪᠡᠭᠦᠨ ᠬᠤᠶᠠᠭᠤᠯᠠ ᠠᠯᠠᠭᠰᠠᠨ ᠠᠴᠠ ᠠᠯᠠᠭ᠎ᠠ ᠪᠠᠬᠢ ᠠᠯᠬᠤᠰᠢ ᠲᠢᠬᠢᠳ ᠬᠤᠷᠢ ᠶᠢᠨ ᠪᠣᠭ᠎ᠠ ᠬᠦᠪᠡᠭᠦᠨ ᠪᠤᠶᠤᠭ᠎ᠠ ᠪᠤᠯᠤᠨ ᠠᠯᠬᠤᠰᠢ ᠶᠢᠨ ᠠᠴᠢ ᠬᠦᠪᠡᠭᠦᠨ ᠬᠤᠶᠠᠷ ᠢ ᠪᠴᠣ ᠠᠮᠢ ᠵᠢᠭᠤᠳᠠᠨ ᠶᠦᠨᠨ᠋ᠸᠢ ︵ᠣᠳᠣ ᠶᠢᠨ ᠰᠠᠭᠠᠯᠢᠴᠢᠨ ᠤ ᠣᠷᠴᠢᠮ ︶ ᠪᠠᠷ ᠲᠡᠨᠦᠵᠤ ᠪᠠᠶᠢᠳᠠᠯ᠎ᠠ ᠴᠢᠩᠭᠢᠰ ᠬᠠᠭᠠᠨ ᠤ ᠴᠡᠷᠢᠭ ᠶᠦᠨᠨ᠋ᠸᠢ ᠶᠢ ᠡᠵᠡᠯᠡᠨ ᠲᠡᠳᠡᠨ ᠢ ᠠᠪᠣᠷᠠᠨ ᠠᠪᠴᠤ ᠬᠦᠨᠳᠣ ᠬᠡᠰᠢᠭ ᠬᠦᠷᠳᠡᠭᠡᠭᠰᠡᠨ ᠪᠠᠶᠢᠨ᠎ᠠ᠃ ᠲᠡᠷᠡ ᠦᠶ᠎ᠡ ᠳᠤ ᠪᠤᠶᠤᠭ᠎ᠠ ᠨᠠᠰᠣ ᠪᠠᠭ᠎ᠠ ᠪᠠᠶᠢᠭᠰᠠᠨ ᠪᠤᠯᠬᠤᠷ  ᠵᠢᠨᠬᠦᠢ ᠶᠢ ᠪᠸᠢ ᠫᠢᠩ ᠸᠠᠩ ᠡᠷᠭᠦᠮᠵᠢᠯᠡᠵᠤ ᠣᠩᠭᠤᠳ ᠠᠶᠢᠮᠠᠭ ᠢ ᠵᠠᠬᠢᠷᠠᠭᠤᠯᠤᠭᠰᠠᠨ ᠪᠦᠭᠡᠳ ᠮᠣᠩᠭᠤᠯ ᠤᠨ ᠵᠠᠩᠰᠢᠯ ᠶᠤᠰᠣᠭᠠᠷ ᠠᠯᠠᠭ᠎ᠠ ᠪᠠᠬᠢ ᠶᠢ ᠵᠢᠨᠬᠦᠢ ᠳᠤ ᠵᠠᠯᠭᠠᠨ ᠦᠭᠭᠦᠭᠰᠡᠨ ᠪᠢᠯᠡ᠃1219 ᠤᠨ ᠳᠤ ᠴᠢᠩᠭᠢᠰ ᠬᠠᠭᠠᠨ ᠪᠠᠷᠠᠭᠤᠨᠰᠢ ᠬᠤᠷᠢᠽᠮ ᠢ ᠲᠠᠶᠢᠯᠠᠬᠤ ᠦᠶ᠎ᠡ ᠳᠤ ᠪᠤᠶᠤᠭ᠎ᠠ ᠴᠢᠩᠭᠢᠰ ᠬᠭᠠᠨ ᠢ ᠲᠠᠭᠠᠨ ᠶᠠᠪᠤᠵᠣ᠂ ᠵᠢᠨᠬᠦᠢ ᠤᠩᠭᠤᠳ ᠤᠨ ᠲᠦᠮᠡᠨ ᠮᠤᠷᠢᠳᠣ ᠴᠡᠷᠢᠭ ᠢ ᠲᠠᠶᠢᠴᠢᠯᠠᠵᠤ᠂ ᠮᠤᠬᠤᠯᠠᠢ ᠶᠢᠨ ᠵᠠᠬᠢᠷᠭᠠᠨ ᠲᠣᠣᠷ᠎ᠠ ᠲᠤᠮᠳᠠᠳᠣ ᠤᠷᠤᠨ ᠢ ᠲᠠᠶᠢᠯᠠᠷ᠎ᠠ ᠮᠣᠷᠳᠠᠭᠠᠳ ᠲᠠᠶᠢᠨ ᠤ ᠲᠤᠮᠳᠠ ᠦᠬᠦᠵᠡᠢ᠃ ᠵᠢᠨᠬᠦᠢ ᠲᠤᠮᠳᠠᠳᠣ ᠤᠷᠤᠨ ᠳᠤ ᠮᠣᠷᠳᠠᠭᠰᠠᠨ ᠦᠶ᠎ᠡ ᠳᠤ ᠠᠯᠠᠭ᠎ᠠ ᠪᠠᠬᠢ ᠭᠦᠩᠵᠤ ᠤᠩᠭᠤᠳ ᠠᠶᠢᠮᠠᠭ ᠢ ᠣᠷᠤᠯᠠᠨ ᠵᠠᠬᠢᠷᠴᠤ ᠪᠠᠶᠢᠭᠰᠡᠨ ᠪᠦᠭᠡᠳ ᠭᠤᠪᠢ ᠶᠢᠨ ᠡᠮᠦᠨᠡᠬᠢ ᠮᠣᠩᠭᠤᠯᠴᠣᠳ ᠢ ᠬᠠᠮᠳᠣᠳᠠ ᠵᠬᠢᠷᠴᠣ ᠪᠠᠶᠢᠪᠠ᠃ ᠡᠶᠢᠮᠣ ᠠᠴᠠ ᠲᠡᠭᠦᠨ ᠢ ︿︿ᠲᠦᠷᠦ ᠵᠠᠬᠢᠷᠣᠭᠴᠢ ᠭᠦᠩᠵᠤ﹀﹀ ᠭᠡᠳᠡᠭ᠃ ᠵᠢᠨᠬᠦᠢ ᠦᠬᠦᠭᠰᠡᠨ ᠤ ᠲᠠᠷᠠᠭ᠎ᠠ ᠲᠡᠭᠦᠨ ᠬᠦᠪᠡᠭᠦᠨ ᠬᠡᠳᠦᠶᠢᠪᠡᠷ ᠨᠡᠭᠦᠳ ᠣᠩᠭᠤᠳ ᠤᠨ ᠸᠠᠩ ᠤᠨ ᠣᠷᠤ  ᠶᠢ ᠵᠠᠯᠭᠠᠮᠵᠢᠯᠠᠭᠰᠠᠨ ᠪᠤᠯᠪᠠᠴᠤ ᠨᠰᠣ ᠪᠠᠭ᠎ᠠ ᠲᠤᠯᠠ ᠠᠶᠢᠮᠠᠭ ᠤᠨ ᠬᠡᠷᠡᠭ ᠢ ᠪᠠᠰᠠ ᠠᠯᠠᠭ᠎ᠠ ᠪᠠᠬᠢ ᠭᠦᠩᠵᠤ ᠵᠠᠬᠢᠷᠴᠤ ᠪᠠᠶᠢᠵᠡᠢ᠃1225 ᠤᠨ ᠳᠤ ᠠᠷᠪᠠᠨ ᠲᠠᠪᠤᠨ ᠨᠠᠰᠣᠳᠠᠢ ᠪᠠᠷᠠᠭᠤᠨ ᠤᠷᠤᠨ ᠠᠴᠠ ᠪᠣᠴᠠᠨ ᠢᠷᠡᠵᠤ᠂ ᠪᠸᠢ ᠫᠢᠩ ᠸᠠᠩ ᠴᠣᠯᠠ ᠡᠷᠭᠦᠮᠵᠢᠯᠡᠭᠳᠡᠭᠰᠡᠨ ᠪᠦᠭᠡᠳ ᠪᠠᠰᠠ ᠮᠣᠩᠭᠤᠯ ᠤᠨ ᠵᠠᠩᠰᠢᠯ ᠶᠤᠰᠤᠭᠠᠷ ᠪᠡᠷᠭᠡᠨ ᠠᠯᠠᠭ᠎ᠠ ᠪᠠᠬᠢ ᠶᠢ ᠵᠠᠯᠭᠠᠨ ᠠᠪᠴᠡᠢ᠃ ᠡᠬᠢᠨ ᠳᠡᠭᠡᠨ ᠠᠯᠬᠤᠰᠢ ᠲᠢᠬᠢᠳ ᠬᠤᠷᠢ ᠳᠤ ᠦᠭᠬᠦ ᠭᠡᠰᠡᠨ ᠪᠤᠯᠬᠤᠷ ᠴᠢᠩᠭᠢᠰ ᠬᠠᠭᠠᠨ ᠨᠠᠶᠠᠨ  ᠨᠠᠢᠮᠠᠨ ᠭᠠᠪᠢᠶᠠᠳᠡᠨ ᠢᠶᠠᠨ ᠱᠠᠩᠨᠠᠬᠤ ᠦᠶ᠎ᠡ ᠳᠤ ᠠᠯᠬᠤᠰᠢ ᠲᠢᠬᠢᠳ ᠬᠤᠷᠢ ᠶᠢ ᠬᠦᠷᠭᠡᠨ ᠭᠡᠵᠤ ᠨᠠᠶᠠᠨ ᠨᠠᠢᠮᠠᠳᠣᠭᠠᠷ  ᠲᠤ ᠵᠢᠭᠰᠠᠭᠠᠭᠰᠠᠨ ᠪᠠᠶᠢᠨ᠎ᠠ᠃      ᠲᠦᠮᠡᠯᠤᠨ ᠭᠦᠩᠵᠤ — ᠲᠦᠮᠡᠯᠤᠨ ᠭᠦᠩᠵᠤ ᠪᠤᠯ ᠪᠦᠷᠳᠡ ᠦᠵᠢᠨ ᠠᠴᠠ ᠲᠦᠷᠦᠭᠰᠡᠨ᠂ ᠴᠢᠩᠭᠢᠰ ᠬᠠᠭᠠᠨ ᠤ ᠲᠦᠷᠪᠡᠳᠦᠭᠡᠷ ᠦᠬᠢᠨ ᠪᠤᠯᠤᠨ᠎ᠠ᠃ ᠲᠡᠭᠦᠨ ᠢ ᠲᠦᠷᠦ ᠶᠢᠨ ᠨᠠᠭᠠᠴᠣ ᠪᠤᠰᠬᠤᠷ ᠬᠤᠩᠭᠢᠷᠠᠳ ᠤᠨ ᠠᠯᠴᠢ ᠨᠤᠶᠠᠨ ᠤ ᠠᠬᠠᠮᠠᠳ ᠬᠦᠪᠡᠭᠦᠨ ᠴᠢᠭᠦ ᠳᠤ ᠪᠤᠭᠳᠣᠯᠠᠨ ᠦᠭᠭᠦᠭᠰᠡᠨ ᠪᠠᠶᠢᠨ᠎ᠠ᠃ ᠡᠭᠦᠨ ᠢ ᠷᠠᠰᠢᠳ᠋ — ᠠᠳ᠋ — ᠳ᠋ᠢᠨ  ᠤ ᠨᠤᠮ ᠳᠤ ᠲᠡᠮᠳᠡᠭᠯᠡᠵᠤ ᠪᠤᠢ᠃ ᠠᠯᠴᠢ ᠨᠤᠶᠠᠨ ᠭᠡᠳᠡᠭ ᠪᠤᠯ ᠳ᠋ᠠᠢ ᠰᠡᠴᠡᠨ ᠤ ᠬᠦᠪᠡᠭᠦᠨ᠂ ᠴᠢᠩᠭᠢᠰ ᠬᠠᠭᠠᠨ ᠤ ᠶᠡᠭᠡ ᠬᠠᠳᠠᠨ ᠪᠦᠷᠳᠡ ᠦᠵᠢᠨ ᠤ ᠲᠡᠭᠦᠤ ᠪᠤᠯᠤᠨ᠎ᠠ᠃ ᠴᠢᠭᠦ ᠪᠤᠯ ᠠᠯᠴᠢ  ᠨᠤᠶᠠᠨ ᠤ ᠶᠡᠭᠡ ᠬᠦᠪᠡᠭᠦᠨ᠂ ᠣᠴᠠᠨ ᠨᠠᠴᠠᠨ ᠤ ᠠᠬ᠎ᠠ ᠨᠢ ᠶᠤᠮ᠃ ᠴᠢᠩᠭᠢᠰ ᠬᠠᠭᠠᠨ ᠬᠠᠭᠠᠨᠳᠣ ᠮᠣᠩᠭᠤᠯ ᠤᠯᠣᠰ ᠢ ᠪᠠᠶᠢᠭᠤᠯᠤᠭᠰᠠᠨ ᠨᠠᠶᠠᠨ ᠨᠠᠢᠮᠠᠨ ᠭᠠᠪᠢᠶ᠋ᠳᠠᠨ ᠢ ᠱᠠᠩᠨᠠᠬᠤ ᠳᠤ ᠴᠢᠭᠦ ᠨᠠᠶᠠᠨ ᠲᠠᠪᠤᠳᠣᠭᠠᠷ ᠲᠤ ᠵᠢᠭᠰᠠᠭᠠᠭᠳᠠᠵᠡᠢ᠃ ︿︿ᠶᠣᠸᠠᠨ ᠣᠯᠤᠰ ᠤᠨ ᠲᠡᠤᠬᠡ﹀﹀ ᠶᠢᠨ ᠭᠦᠩᠵᠤ ᠶᠢᠨ ᠢᠯᠡᠳᠬᠡᠯ ᠳᠤ ᠲᠦᠮᠡᠯᠤᠨ ᠢ ᠶᠦᠨ ᠭᠦᠸᠧ ᠭᠦᠩᠵᠤ ᠶᠢᠨ ᠪᠠᠶᠢᠷᠢ ᠶᠢᠨ ᠨᠢᠭᠡᠳᠦᠭᠡᠷ ᠲᠤ ᠲᠡᠮᠳᠡᠭᠯᠡᠵᠡᠢ᠃     ᠠᠯᠳᠣᠯᠤᠬᠠᠨ ᠭᠦᠩᠵᠤ — ᠠᠯᠳᠣᠯᠤᠬᠠᠨ ᠭᠦᠩᠵᠤ ᠪᠤᠯ ᠪᠦᠷᠳᠡ ᠦᠵᠢᠨ ᠠᠴᠠ ᠲᠦᠷᠦᠭᠰᠡᠨ ᠂ ᠴᠢᠩᠭᠢᠰ ᠬᠠᠭᠠᠨ ᠤ ᠲᠠᠪᠤᠳᠣᠭᠠᠷ ᠦᠬᠢᠨ ᠶᠤᠮ᠃ ᠲᠡᠭᠦᠨ ᠢ ᠤᠯᠬᠤᠨᠤᠳ ᠬᠤᠩᠭᠢᠷᠠᠳ ᠤᠨ ᠵᠠᠪᠳᠣᠷ  ᠰᠡᠴᠡᠨ ᠲᠠᠴᠣ ᠳᠤ ᠪᠤᠭᠳᠣᠯᠠᠨ ᠦᠭᠴᠡᠢ᠃ ︿︿ᠵᠠᠪᠳᠣᠷ ᠰᠡᠴᠡᠨ﹀﹀ ᠭᠡᠳᠡᠭ ᠨᠢ ᠲᠠᠴᠣ ᠶᠢᠨ ᠴᠣᠯᠠ ᠪᠤᠯᠤᠯᠳᠠᠢ᠂ ᠲᠠᠴᠤ ᠴᠢᠩᠭᠢᠰ ᠬᠠᠭᠠᠨ ᠤ ᠡᠬᠡ ᠦᠭᠡᠯᠤᠨ ᠬᠠᠳᠣᠨ ᠤ ᠲᠡᠭᠦᠤ ᠶᠢᠨ ᠬᠦᠪᠡᠭᠦᠨ ᠶᠤᠮ᠃ ︿︿ᠲᠦ᠋ ᠵᠢᠢ ᠶᠢᠨ ᠲᠡᠮᠳᠡᠭᠯᠡᠯ﹀﹀ ᠭᠡᠬᠦ ᠲᠡᠤᠬᠡᠨ ᠨᠤᠮ ᠳᠤ ︿︿ᠳ᠋ᠠᠷᠬᠠᠨ ᠭᠦᠩᠵᠤ﹀﹀ ᠶᠢᠨ ᠪᠠᠶᠢᠷᠢ ᠶᠢᠨ ᠨᠢᠭᠡᠳᠦᠭᠡᠷ ᠲᠤ ᠲᠡᠮᠳᠡᠭᠯᠡᠵᠡᠢ᠃    ᠴᠢᠩᠭᠢᠰ ᠬᠠᠭᠠᠨ ᠤ ᠦᠬᠢᠳ ᠨᠡᠨ ᠬᠡᠳᠦᠬᠡᠨ ᠢᠶᠠᠷ ᠵᠤᠭᠰᠣᠬᠤ ᠦᠭᠡᠢ ᠯᠠᠪᠳᠡᠢ᠂ ᠭᠡᠳᠡᠯ᠎ᠡ ᠵᠠᠷᠢᠮ ᠲᠡᠮᠳᠡᠭᠯᠡᠯ ᠨᠢ ᠪᠠᠯᠠᠷᠬᠠᠢ ᠲᠣᠯᠠ ᠡᠮᠬᠢᠳᠬᠡᠬᠦ ᠶᠢᠨ ᠠᠷᠭ᠎ᠠ ᠦᠭᠡᠢ᠃  
 
ᠢᠷᠡᠯᠲᠡ᠄ ᠬᠤᠯᠪᠣᠭ᠎ᠠ ᠣᠶᠠᠬᠠᠨ ᠽᠠᠮᠪᠦᠯᠢᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号