ᠴᠢᠩᠬᠢᠰ ᠬᠠᠭᠠᠨ ᠢ ᠮᠠᠰᠢ ᠠᠷᠪᠢᠨ ᠬᠦᠮᠦᠨ ︽ᠪᠦᠷᠭᠦᠳ ᠨᠠᠮᠨᠠᠭᠰᠡᠨ ᠪᠠᠭᠠᠲᠤᠷ ᠤᠨ ᠱᠠᠰᠳᠢᠷ︾ ᠠᠴᠠ | ᠡᠬᠢᠯᠡᠵᠤ ᠤᠶᠢᠯᠠᠭᠠᠭᠰᠡᠨ ᠪᠠᠶᠢᠵᠤ ᠮᠡᠳᠡᠨ᠎ᠠ᠃ ᠲᠧᠯᠸᠢᠰ ᠵᠦᠴᠦᠭᠡ ᠶᠢᠨ ᠲᠤᠲᠤᠷ᠎ᠠ ᠬᠦᠸᠧ ᠵᠢᠩ ᠤᠨ | ᠬᠠᠪᠰᠤᠷᠤᠭᠴᠢ ᠳᠦᠷᠢ ᠲᠡᠳᠦᠢ ᠪᠠᠷ ᠢᠯᠡᠷᠡᠭᠰᠡᠨ ᠪᠤᠯᠪᠠᠴᠤ ᠲᠡᠦᠭᠡᠨ ᠳᠡᠭᠡᠷ᠎ᠡ᠂ ᠲᠡᠷᠡ ᠰᠠᠶ᠋ᠢ ᠵᠢᠩᠬᠢᠨᠢ ᠭᠤᠤᠯ | ᠳᠦᠷᠢ ᠪᠠᠶᠢᠯ᠎ᠠ᠃ ᠳᠤᠯᠤᠭ᠎ᠠ ᠨᠠᠢᠮᠠᠨ ᠵᠠᠭᠤᠨ ᠵᠢᠯ ᠤᠨ ᠲᠤᠷᠰᠢ ᠡᠷᠳ᠋ᠨ ᠡᠳᠦᠭᠡ ᠭᠠᠳᠠᠭᠠᠲᠤ ᠲᠤᠲᠤᠭᠠᠲᠤ ᠶᠢᠨ | ᠠᠯᠳᠠᠷᠲᠤ ᠬᠦᠮᠦᠰ ᠡᠷᠳᠡᠮᠲᠡᠨ ᠰᠢᠨᠵᠢᠯᠡᠭᠡᠲᠡᠳ ᠤᠨ ᠲᠡᠭᠦᠨ ᠤ ᠲᠤᠬᠠᠢ ᠰᠤᠳᠤᠯᠭ᠎ᠠ ᠪᠠ ᠶᠠᠷᠢᠯᠴᠠᠭ᠎ᠠ ᠶᠡᠷᠦ ᠠᠴᠠ | ᠲᠠᠰᠤᠷᠠᠰᠢ ᠦᠭᠡᠢ ᠶᠠᠪᠤᠭᠳᠠᠭᠰᠠᠭᠠᠷ ᠢᠷᠡᠭᠰᠡᠨ ᠶᠤᠮ᠃ ᠲᠡᠭᠦᠨ ᠤ ᠲᠤᠬᠠᠢ ᠶᠠᠷᠢᠮᠠᠷ ᠵᠦᠢᠯ ᠮᠠᠰᠢ ᠠᠷᠪᠢᠨ ᠪᠠᠶᠢᠳᠠᠭ | ᠴᠤ ᠨᠢᠭᠡ ᠯᠡ ᠭᠤᠤᠯ ᠬᠦᠭ ᠠᠶ᠎ᠠ ᠳᠡᠭᠡᠷ᠎ᠡ ᠲᠤᠭᠲᠠᠳᠠᠭ — ᠲᠡᠷᠡ ᠪᠤᠯ ᠳᠡᠯᠡᠭᠡᠢ ᠳᠡᠭᠡᠷᠡᠬᠢ ᠬᠠᠮᠤᠭ ᠤᠨ ᠠᠭᠤᠤ | ᠶᠡᠭᠡ ᠳᠠᠶᠢᠯᠠᠨ ᠳᠠᠭᠠᠭᠤᠯᠤᠭᠴᠢ ᠪᠤᠯᠤᠨ᠎ᠠ᠃ ᠵᠦᠴᠦᠭᠡ ᠳᠤ ᠵᠣᠬᠢᠶᠠᠭᠴᠢ ᠠᠴᠠ ᠬᠠᠵᠠᠭᠤ ᠠᠴᠠ ᠠᠵᠢᠭᠯᠠᠭᠴᠢ ᠶᠢᠨ | ᠵᠤᠭᠰᠤᠴᠡ ᠠᠴᠠ ᠲᠡᠭᠦᠨ ᠤ ᠲᠤᠬᠠᠢ ᠬᠦᠨᠳᠦᠳᠭᠡᠯ ᠪᠢᠰᠢᠷᠠᠯ ᠢᠶᠠᠨ ᠢᠯᠡᠳᠭᠡᠭᠰᠡᠨ ᠪᠠᠶᠢᠳᠠᠭ᠃ ᠭᠡᠬᠦ ᠳᠤ ᠪᠠᠨ ᠴᠢ | ᠪᠢᠳᠡ ᠰᠢᠭ ᠡᠩ ᠤᠨ ᠬᠦᠮᠦᠨ ᠲᠡᠭᠦᠨ ᠤ ᠲᠤᠬᠠᠢ ᠬᠠᠷᠢᠨ ᠶᠠᠮᠠᠷᠬᠠᠨ ᠲᠦᠷᠦᠭᠳᠡᠯ ᠲᠠᠢ ᠪᠠᠶᠢᠳᠠᠭ ᠪᠢᠯᠡ︖ | ᠲᠠᠯ᠎ᠠ ᠨᠤᠲᠤᠭ ᠲᠤ ᠲᠠᠰ ᠪᠦᠷᠭᠦᠳ ᠦᠭᠡᠢ ᠪᠤᠯᠤᠭᠰᠡᠨ ᠪᠦᠭᠡᠳ ᠴᠢᠨᠠᠭᠰᠢᠯᠠᠪᠠᠯ ᠨᠤᠮᠤ ᠳᠡᠯᠢᠨ ᠰᠤᠮᠤ | ᠬᠠᠷᠪᠤᠭᠴᠢ ᠠᠩᠴᠢᠳ ᠴᠤ ᠬᠠᠷᠠᠭᠳᠠᠬᠤ ᠳᠤ ᠬᠦᠴᠢᠷ ᠪᠤᠯᠵᠠᠢ᠂ ᠭᠡᠲᠡᠯ᠎ᠡ ᠴᠢᠩᠬᠢᠰ ᠬᠠᠭᠠᠨ ᠤ ᠪᠠᠷ᠎ᠠ ᠰᠡᠭᠦᠳᠡᠷ | ᠬᠠᠷᠢᠨ ᠤᠷᠤᠰᠢᠬᠤ ᠦᠭᠡᠢ ᠭᠠᠵᠠᠷ ᠭᠡᠵᠤ ᠦᠭᠡᠢ ᠪᠠᠶᠢᠯ᠎ᠠ᠃ ᠶᠠᠭᠠᠬᠢᠯᠡ ᠴᠤ ᠭᠡᠰᠡᠨ ᠠᠳᠡᠬᠢ ᠪᠤᠯ ᠲᠡᠭᠦᠨ ᠤ ᠦᠶ᠎ᠡ | ᠤᠯᠠᠷᠢᠭᠰᠡᠨ ᠨᠤᠲᠤᠭ ᠤᠰᠤ ᠨᠢ ᠶᠤᠮ ᠴᠢᠨᠢ᠃ ᠪᠢ ᠰᠦᠭ ᠰᠦᠨᠡᠰᠦᠨ ᠳᠤ ᠨᠢ ᠬᠠᠷᠢᠶᠠᠯᠠᠭᠳᠠᠬᠤ ᠡᠨᠡ ᠬᠡᠰᠡᠭ | ᠲᠠᠯ᠎ᠠ ᠨᠤᠲᠤᠭ ᠤᠷᠤᠭᠤ ᠬᠠᠷᠠᠯ᠎ᠠ᠄ ᠰᠠᠯᠬᠢ ᠬᠤᠤᠬᠢᠨ ᠡᠭᠦᠯᠡ ᠬᠤᠷᠤᠯᠵᠠᠵᠤ᠂ ᠲᠠᠰᠢᠬᠤ ᠨᠠᠷᠠᠨ ᠴᠢᠰ ᠤᠯᠠᠭᠠᠨ | ᠬᠠᠷᠠᠭᠳᠠᠨ᠎ᠠ ᠁ ᠴᠢᠩᠬᠢᠰ ᠬᠠᠭᠠᠨ᠂ ᠡᠨᠡ ᠪᠤᠯ ᠬᠤᠷᠸ᠎ᠠ ᠶᠢᠨ ᠬᠦᠮᠦᠨ ᠤ ᠮᠠᠷᠲᠠᠵᠤ ᠴᠢᠳᠠᠰᠢ ᠦᠭᠡᠢ | ᠡᠷᠲᠡᠨ ᠤ ᠨᠢᠭᠡᠨ ᠨᠡᠷ᠎ᠡ᠂ ᠨᠢᠭᠡᠨ ᠠᠭᠤᠤ ᠶᠡᠭᠡ ᠰᠦᠭ ᠰᠦᠨᠡᠰᠦ᠃ ᠰᠢᠷᠭᠡᠭ ᠡᠪᠡᠰᠤ ᠰᠠᠵᠢᠯᠠᠬᠤ ᠮᠤᠳᠤᠨ ᠳᠤ ᠪᠠᠨ | ᠬᠦᠷᠲᠡᠯ᠎ᠡ ᠪᠦᠷ ᠲᠡᠭᠦᠨ ᠲᠠᠢ ᠮᠢᠬ᠎ᠠ ᠴᠢᠰᠦᠨ ᠤ ᠬᠤᠯᠪᠤᠭ᠎ᠠ ᠲᠠᠢ ᠶᠤᠮ ᠰᠠᠨ᠃ | ᠪᠢ ᠲᠡᠦᠭᠡ ᠶᠢᠨ ᠲᠤᠬᠠᠢ ᠬᠤᠯᠪᠤᠨ ᠪᠤᠳᠤᠯᠲᠡ ᠪᠠᠨ ᠨᠤᠲᠠᠯᠠᠬᠤ ᠪᠠᠷ ᠦᠪᠤᠷ ᠮᠤᠩᠭᠤᠯ ᠳᠤ ᠢᠷᠡᠭᠰᠡᠨ | ᠶᠤᠮ᠃ ᠤᠷᠤᠨ ᠵᠠᠢ ᠶᠢᠨ ᠵᠠᠪᠰᠠᠷ ᠤᠷᠤᠰᠢᠬᠤ ᠦᠭᠡᠢ ᠪᠤᠯᠴᠢᠬᠠᠵᠠᠢ — ᠪᠢ ᠶᠠᠭᠠᠬᠢᠯᠡ ᠴᠤ ᠭᠡᠳ ᠤᠳᠤ ᠵᠤᠯ | ᠢᠶᠠᠷ ᠡᠨᠡ ᠬᠦ ᠪᠦᠷᠭᠦᠳ ᠨᠠᠮᠨᠠᠭᠰᠡᠨ ᠪᠠᠭᠠᠲᠤᠷ ᠤᠨ ᠤᠷᠤᠰᠢᠬᠤ ᠤᠷᠤᠨ ᠵᠠᠢ ᠳᠤ ᠬᠦᠯ ᠲᠠᠯᠪᠢᠯ᠎ᠠ᠃ ᠬᠠᠷᠰᠢ | ᠰᠠᠭᠠᠳ ᠪᠤᠯᠵᠤ ᠴᠢᠳᠠᠬᠤ ᠨᠢ ᠴᠠᠭ ᠡᠷᠢᠨ ᠲᠡᠳᠦᠢ ᠯᠡ ᠪᠤᠯᠪᠠ᠃ ᠨᠡᠯᠦᠭᠡᠷ ᠤᠷᠲᠤᠬᠠᠨ ᠰᠦᠨᠢ ᠳᠦᠯᠢ ᠲᠡᠭᠦᠨ ᠤ | ᠠᠬᠤᠢ ᠶᠢᠷᠢᠲᠢᠨᠴᠤ ᠳᠤ ᠦᠵᠡᠭᠦᠯᠬᠦ ᠨᠦᠯᠦᠭᠡ ᠶᠢ ᠰᠤᠯᠠᠷᠠᠭᠤᠯᠵᠤ ᠴᠢᠳᠠᠵᠤ ᠮᠠᠭᠠᠳ᠂ ᠬᠡᠪᠡᠴᠤ ᠨᠠᠳᠠ ᠰᠢᠭ᠋ | ᠦᠩᠭᠡᠷᠡᠭᠰᠡᠨ ᠤ ᠲᠤᠬᠠᠢ ᠮᠦᠷᠦᠭᠡᠳᠦᠯᠲᠤ ᠵᠢᠭᠤᠯᠴᠢᠨ ᠤ ᠰᠡᠳᠬᠢᠯ ᠳᠠᠬᠢ ᠲᠡᠭᠦᠨ ᠤ ᠪᠠᠶᠢᠷᠢ ᠰᠠᠭᠤᠷᠢ ᠶᠢ | ᠭᠤᠶᠢᠪᠢᠯᠵᠠᠭᠤᠯᠵᠤ ᠴᠢᠳᠠᠰᠢ ᠦᠭᠡᠢ ᠪᠠᠶᠢᠯ᠎ᠠ᠃ | ᠪᠢ ᠲᠤᠰᠬᠠᠶᠢᠯᠠᠨ ᠴᠢᠩᠬᠢᠰ ᠬᠠᠭᠠᠨ ᠲᠠᠢ ᠪᠠᠷᠠᠯᠬᠠᠬᠤ ᠪᠠᠷ ᠢᠷᠡᠭᠰᠡᠨ ᠶᠤᠮ᠃ ᠲᠡᠷᠡ ᠮᠠᠨᠢ ᠬᠡᠳᠦᠢ ᠪᠠᠷ | ᠡᠵᠡᠭᠦᠢ ᠴᠤ᠂ ᠪᠦᠬᠦᠢ ᠯᠡ ᠲᠠᠯ᠎ᠠ ᠨᠤᠲᠤᠭ ᠨᠢ ᠶᠠᠭ ᠬᠠᠭᠠᠨ ᠨᠢ ᠰᠠᠭᠠᠲᠠᠭᠰᠡᠨ ᠦᠭᠡᠢ ᠡᠷᠳᠡᠨᠢ ᠶᠢᠨ ᠰᠠᠭᠤᠳᠠᠯ | ᠠᠴᠠ ᠲᠤᠲᠠᠭᠤ ᠦᠭᠡᠢ — ᠤᠶᠢᠳᠬᠠᠷᠯᠢᠭ ᠴᠡᠯᠡᠭᠡᠷ ᠤᠭᠲᠠᠷᠭᠤᠢ ᠳᠤ ᠲᠡᠪᠡᠷᠢᠭᠳᠡᠨᠠ᠃ ᠲᠠᠯᠢᠢᠭᠴᠢ ᠶᠢᠨ | ᠰᠦᠨᠡᠰᠦ ᠶᠢ ᠦᠢᠮᠡᠭᠦᠯᠦᠭᠦᠵᠠᠢ ᠬᠡᠮᠡᠨ ᠪᠢ ᠬᠦᠩᠭᠡᠨ ᠱᠦᠩᠭᠡᠨ ᠯᠡ ᠠᠯᠬᠤᠯᠠᠨ᠎ᠠ᠃ | ᠵᠠᠮ ᠵᠠᠭᠤᠷ᠎ᠠ ᠮᠤᠩᠭᠤᠯ ᠬᠤᠪᠴᠠᠰᠤ ᠵᠠᠰᠠᠯ ᠲᠠᠢ ᠮᠠᠯᠴᠢᠳ ᠬᠠᠶᠠ ᠳᠠᠭᠠᠷᠠᠯᠳᠤᠨᠠ — ᠲᠡᠲᠡᠨ ᠤ ᠪᠡᠶ᠎ᠡ | ᠮᠠᠬᠠᠪᠤᠳ ᠨᠢ ᠢᠳᠡᠷᠡᠭᠦᠨ ᠴᠢᠬᠢᠷᠠᠭ᠂ ᠭᠠᠯᠪᠢᠷ ᠲᠦᠷᠬᠦ ᠨᠢ ᠡᠷᠡᠯᠭᠡᠭ ᠵᠢᠪᠬᠤᠭᠠᠯᠢᠭ ᠬᠠᠷᠠᠭᠳᠠᠬᠤ ᠳᠤ ᠬᠦᠷᠪᠡᠯ ᠪᠢ | ᠡᠷᠭᠡ ᠦᠭᠡᠢ᠄ ᠡᠨᠡ ᠬᠦᠮᠦᠨ᠂ ᠴᠢᠩᠬᠢᠰ ᠬᠠᠭᠠᠨ ᠤ ᠳᠦᠷᠢ ᠲᠦᠷᠬᠦ ᠶᠢᠨ ᠬᠠᠭᠤᠯᠤᠮᠠᠯ ᠳᠤ ᠲᠤᠭᠠᠴᠢᠭᠳᠠᠨ᠎ᠠ ᠤᠤ | ᠦᠭᠡᠢ ᠤᠤ︖ ᠴᠢᠩᠬᠢᠰ ᠬᠠᠭᠠᠨ ᠮᠦᠨ ᠡᠶᠢᠮᠦᠷᠬᠦ ᠳᠦᠷᠢ ᠲᠦᠯᠦᠪ ᠲᠠᠢ ᠪᠠᠶᠢᠪᠠ ᠤᠤ ᠦᠭᠡᠢ ᠤᠤ︖ ᠬᠡᠮᠡᠨ | ᠲᠠᠭᠠᠮᠠᠭᠯᠠᠵᠤ ᠪᠤᠳᠤᠨ᠎ᠠ᠃ | ᠶᠠᠭᠠᠬᠢᠵᠤ ᠬᠡᠯᠡᠯ᠎ᠡ ᠭᠡᠳ ᠲᠡᠲᠡ ᠪᠦᠷ ᠴᠢᠩᠬᠢᠰ ᠬᠠᠭᠠᠨ ᠤ ᠵᠠᠯᠭᠠᠮᠵᠢᠯᠠᠭᠴᠢᠳ ᠪᠤᠯᠤᠨ᠎ᠠ᠃ ᠪᠢ ᠭᠡᠬᠦ ᠳᠤ | ᠵᠦᠭᠡᠷ ᠯᠡ ᠨᠢᠭᠡ ᠰᠤᠨᠢᠷᠬᠠᠯ ᠲᠦᠷᠦᠭᠰᠡᠨ ᠬᠦᠨᠳᠡᠯᠡᠨ ᠤ ᠬᠦᠮᠦᠨ ᠲᠡᠳᠦᠢ ᠯᠡ ᠪᠠᠶᠢᠯ᠎ᠠ᠃ | ᠲᠡᠭᠡᠭᠦᠯᠡᠷ ᠲᠠᠯ᠎ᠠ ᠨᠤᠲᠤᠭ ᠨᠠᠳᠠ ᠳᠤ ᠶᠠᠭ ᠯᠡ ᠠᠤᠭ᠎ᠠ ᠶᠡᠭᠡ ᠵᠡᠭᠦᠳᠦᠨ ᠶᠢᠷᠲᠢᠨᠴᠤ ᠮᠡᠲᠤ ᠰᠠᠨᠠᠭᠳᠠᠯ᠎ᠠ᠄ | ᠠᠶᠠᠰ ᠤᠨ ᠰᠠᠯᠬᠢᠨ ᠳᠤ ᠡᠪᠡᠰᠤ ᠨᠠᠶᠢᠭᠤᠬᠤᠶᠡ᠂ ᠠᠳᠤᠭᠤ ᠮᠠᠯ ᠠᠯᠠᠭᠯᠠᠨ ᠪᠡᠯᠴᠢᠭᠡᠳ᠂ ᠠᠯᠤᠰ ᠡᠷᠲᠡᠨ ᠤ ᠬᠡᠷᠡᠭ | ᠶᠠᠪᠤᠳᠠᠯ ᠢ ᠤᠬᠠᠮᠰᠠᠷ ᠦᠭᠡᠢ ᠲᠠᠶᠢᠨᠠ ᠁ ᠮᠢᠨᠦ ᠤᠯᠵᠤ ᠬᠠᠷᠠᠭᠰᠡᠨ ᠡᠨᠡ ᠦᠵᠡᠭᠳᠡᠯ ᠴᠢᠩᠬᠢᠰ ᠬᠠᠭᠠᠨ ᠤ | ᠨᠢᠳᠦᠨ ᠳᠤ ᠴᠤ ᠢᠯᠡᠷᠡᠵᠤ ᠦᠩᠭᠡᠷᠡᠭᠰᠡᠨ ᠨᠢ ᠯᠠᠪᠲᠠᠢ ᠶᠤᠮ — ᠲᠡᠷᠡ ᠮᠠᠨᠢ ᠴᠤ ᠭᠡᠳ ᠨᠠᠳᠠ ᠲᠠᠢ ᠠᠳᠠᠯᠢ | ᠰᠡᠳᠬᠢᠯ ᠲᠤᠭᠳᠤᠯᠵᠤ ᠦᠩᠭᠡᠷᠡᠪᠡ ᠤᠤ ᠦᠭᠡᠢ ᠤᠤ︖ ᠲᠡᠭᠦᠨ ᠤ ᠲᠡᠷᠡ ᠴᠠᠭ ᠦᠶ᠎ᠡ ᠶᠢᠨ ᠬᠤᠨᠢᠨ ᠰᠦᠷᠦᠭ ᠨᠢ | ᠪᠦᠷ ᠤᠨ ᠰᠠᠷ᠎ᠠ ᠳᠤ ᠡᠯᠡᠭᠳᠡᠴᠢᠬᠡᠭᠰᠡᠨ᠂ ᠡᠰᠡᠭᠦᠯ᠎ᠡ ᠨᠢᠭᠡᠮᠦᠰᠦᠨ ᠤᠭᠲᠠᠷᠭᠤᠢ ᠶᠢᠨ ᠡᠭᠦᠯᠡᠰ ᠪᠤᠯᠵᠤ | ᠬᠤᠪᠢᠯᠴᠢᠬᠠᠭᠰᠡᠨ ᠠᠴᠠ ᠯᠡ ᠪᠢᠰᠢ ᠳ᠋ᠠ᠃ | ᠴᠢᠩᠬᠢᠰ ᠬᠠᠭᠠᠨ᠂ ᠦᠨᠢ ᠤᠳᠠᠭᠠᠨ ᠲᠡᠦᠭᠡ ᠲᠠᠢ ᠦᠨᠳᠦᠰᠦᠲᠡᠨ ᠤ ᠨᠢᠭᠡᠨ ᠰᠦᠷᠦᠭ ᠤᠨ ᠲᠦᠷᠦᠭᠦᠤ | ᠠᠵᠠᠢ᠂ ᠲᠡᠭᠦᠨ ᠤ ᠡᠷᠭᠡ ᠰᠦᠷ᠂ ᠲᠡᠭᠦᠨ ᠤ ᠨᠡᠷ᠎ᠡ ᠲᠦᠷᠦ᠂ ᠡᠳᠦᠭᠡ ᠬᠦᠷᠲᠡᠯ᠎ᠡ ᠠᠷᠢᠯᠵᠤ ᠦᠩᠭᠡᠷᠡᠭᠰᠡᠨ ᠦᠭᠡᠢ | ᠰᠢᠭ ᠯᠡ ᠪᠠᠶᠢᠨ᠎ᠠ᠃ ᠨᠠᠭᠠᠳᠤ ᠵᠠᠬ᠎ᠠ ᠳᠤ ᠪᠠᠨ ᠲᠡᠭᠦᠨ ᠤ ᠴᠢᠨᠳᠠᠷ ᠤᠷᠤᠰᠢᠭᠤᠯᠤᠭᠰᠡᠨ ᠭᠠᠵᠠᠷ ᠨᠢ ᠬᠦᠷᠲᠡᠯ᠎ᠡ ᠪᠦᠷ | ᠤᠨᠢᠰᠤᠭ᠎ᠠ ᠲᠡᠳᠦᠢ ᠪᠠᠶᠢᠭᠰᠠᠭᠠᠷ᠃ | ᠰᠤᠨᠤᠰᠬᠤᠯᠠᠷ ᠲᠡᠷᠡ ᠪᠠᠷ ᠲᠠᠩᠭᠤᠳ ᠢ ᠲᠠᠶᠢᠯᠠᠬᠤ ᠠᠶᠠᠨ ᠵᠠᠮ ᠳᠤ ᠪᠠᠨ ᠦᠩᠭᠡ ᠦᠵᠡᠮᠵᠢ ᠭᠤᠴᠤ | ᠰᠠᠶᠢᠬᠠᠨ ᠡᠷᠳᠡᠨᠢ ᠶᠢᠨ ᠭᠠᠵᠠᠷ ᠲᠠᠢ ᠲᠠᠭᠠᠷᠠᠭᠰᠡᠨ ᠳᠤ᠂ ᠲᠠᠰᠢᠭᠤᠷ ᠢᠶᠠᠨ ᠤᠷᠬᠢᠵᠤ ᠲᠡᠮᠲᠡᠭ ᠲᠠᠯᠪᠢᠭᠠᠳ — | ᠬᠤᠵᠢᠮ ᠤᠨ ᠴᠠᠭ ᠲᠤ ᠴᠢᠨᠳᠠᠷ ᠢᠶᠠᠨ ᠤᠷᠤᠰᠢᠭᠤᠯᠤᠭᠤᠯᠬᠤ ᠪᠠᠷ ᠵᠠᠬᠢᠯ᠎ᠠ ᠭᠡᠨ᠎ᠡ᠃ ᠦᠷ᠎ᠡ ᠬᠤᠶᠢᠴᠢᠰ ᠨᠢ ᠬᠤᠵᠢᠮ | ᠦᠨᠡᠭᠡᠷ ᠲᠡᠭᠦᠨ ᠤ ᠬᠡᠷᠢᠶᠡᠰᠤ ᠶᠤᠰᠤᠭᠠᠷ ᠪᠶᠡᠯᠡᠭᠦᠯᠦᠭᠰᠡᠨ ᠶᠤᠮ᠂ ᠲᠡᠭᠡᠬᠦ ᠳᠤ ᠪᠠᠨ ᠶᠠᠮᠠᠷ ᠴᠤ ᠤᠷᠤ ᠮᠦᠷ | ᠦᠯᠡᠳᠡᠭᠡᠭᠰᠡᠨ ᠦᠭᠡᠢ ᠪᠦᠭᠡᠳ ᠠᠮᠠᠨ ᠵᠢᠪᠳᠡᠷᠭᠡ ᠭᠠᠷᠭᠠᠯ ᠦᠭᠡᠢ ᠨᠢᠭᠤᠴᠠᠯᠠᠭᠰᠡᠨ ᠪᠠᠶᠢᠳᠠᠭ᠃ ᠡᠨᠡ ᠨᠢ | ᠠᠶᠠᠨᠳᠠᠭᠠᠨ ᠬᠤᠵᠢᠮ ᠦᠶ᠎ᠡ ᠶᠢᠨ ᠤᠩᠭᠤᠨ ᠤ ᠬᠤᠯᠠᠭᠠᠶᠢᠯᠠᠭᠴᠢᠳ ᠢ ᠮᠠᠰᠢ ᠶᠡᠭᠡ ᠠᠷᠭ᠎ᠠ ᠮᠤᠬᠤᠷᠳᠠᠭᠤᠯᠤᠭᠰᠡᠨ | ᠪᠢᠯᠡ᠃ ᠪᠤᠰᠤᠳ ᠠᠯᠢ ᠴᠤ ᠬᠠᠭᠠᠨ ᠡᠵᠡᠨ ᠭᠡᠳ ᠲᠡᠭᠦᠨ ᠰᠢᠭ ᠬᠦᠷᠦᠰᠦ ᠰᠢᠷᠤᠢ ᠳᠤ ᠪᠠᠨ ᠬᠦᠢᠴᠡᠳ | ᠬᠠᠷᠢᠭᠰᠡᠨ ᠪᠦᠭᠡᠳ ᠬᠤᠶᠢᠴᠢ ᠦᠶ᠎ᠡ ᠶᠢᠨ ᠬᠢᠨ ᠤ ᠭᠤᠲᠤᠭᠠᠯ ᠠᠴᠠ ᠡᠷᠡᠭᠡᠯᠵᠡᠬᠦ ᠦᠭᠡᠢ ᠪᠠᠶᠢᠵᠤ ᠴᠢᠳᠠᠭᠰᠡᠨ | ᠦᠭᠡᠢ ᠶᠤᠮ᠃ ᠲᠡᠷᠡ ᠮᠠᠨᠢ ᠶᠠᠭ ᠭᠡᠷᠡᠯ ᠰᠡᠭᠦᠳᠡᠷ ᠰᠢᠭ ᠠᠷᠢᠯᠵᠤ ᠤᠳᠴᠠᠢ᠂ ᠭᠡᠲᠡᠯ᠎ᠡ ᠮᠦᠨ ᠭᠡᠷᠡᠯ ᠰᠡᠭᠦᠳᠡᠷ ᠰᠢᠭ | ᠲᠤ ᠪᠠᠨ ᠤᠷᠤᠰᠢᠭᠰᠠᠭᠠᠷ ᠠᠵᠠᠢ᠃ | ᠶᠠᠮᠠᠷ ᠨᠢᠭᠡᠨ ᠤᠳᠬ᠎ᠠ ᠠᠭᠤᠯᠭ᠎ᠠ ᠠᠴᠠ ᠶᠠᠷᠢᠪᠠᠯ᠂ ᠲᠡᠷᠡ ᠮᠠᠨᠢ ᠨᠠᠰᠤᠨ ᠲᠤᠷᠰᠢ ᠳᠤ ᠪᠠᠨ ᠨᠢᠭᠡ ᠠᠭᠤᠤ | ᠶᠡᠭᠡ ᠢᠨᠵᠧᠨᠧᠷᠢᠩ ᠢ ᠴᠤᠭᠴᠠᠯᠠᠭᠰᠠᠭᠠᠷ ᠪᠠᠶᠢᠵᠠᠢ᠄ ᠪᠦᠬᠦᠢ ᠯᠡ ᠮᠤᠩᠭᠤᠯ ᠤᠨ ᠶᠡᠭᠡ ᠲᠠᠯ᠎ᠠ ᠨᠤᠲᠤᠭ ᠢ ᠦᠪᠡᠷ ᠤᠨ | ᠢᠶᠠᠨ ᠪᠤᠩᠬᠤᠨ ᠤ ᠬᠦᠷᠢᠶᠠᠯᠠᠩ ᠪᠤᠯᠭᠠᠬᠤ ᠶᠠᠪᠤᠳᠠᠯ ᠪᠠᠶᠢᠯ᠎ᠠ᠃ ᠲᠡᠷᠡ ᠮᠦᠨ ᠲᠡᠭᠡᠵᠤ ᠬᠦᠢᠴᠡᠳᠭᠡᠵᠤ ᠴᠢᠳᠠᠭᠰᠡᠨ | ᠶᠤᠮ᠃ | ᠲᠡᠲᠡᠭᠡᠷ ᠦᠭᠡ ᠳᠠᠭᠤ ᠴᠦᠭᠡᠨ ᠲᠠᠢ ᠨᠡᠭᠦᠳᠡᠯ ᠮᠠᠯᠴᠢᠳ ᠠᠴᠠ᠄ ᠴᠢᠩᠬᠢᠰ ᠬᠠᠭᠠᠨ ᠤ ᠴᠠᠭ ᠡᠷᠢᠨ ᠢ | ᠮᠦᠷᠦᠭᠡᠳᠦᠨ ᠰᠠᠨᠠᠭᠠᠯᠵᠠᠳᠠᠭ ᠤᠤ︖ ᠭᠡᠵᠤ ᠠᠰᠠᠭᠤᠵᠤ ᠦᠵᠡᠭᠡᠴᠢ᠃ ᠪᠠᠭᠠᠲᠤᠷ ᠤᠨ ᠪᠦᠲᠦᠭᠡᠭᠰᠡᠨ ᠭᠠᠪᠢᠶ᠎ᠡ | ᠵᠢᠳᠭᠦᠯ ᠢ ᠳᠠᠪᠠᠵᠤ ᠭᠠᠷᠬᠤ ᠳᠤ ᠬᠡᠳᠦᠷᠭᠡᠢ ᠪᠡᠷᠭᠡ ᠲᠠᠢ ᠠᠵᠠᠢ᠃ ᠲᠡᠲᠡ ᠶᠠᠭ ᠰᠡᠳᠬᠢᠯ ᠤᠨ ᠤᠭ ᠠᠴᠠ ᠪᠠᠨ | ᠢᠲᠡᠭᠡᠵᠤ ᠰᠦᠰᠦᠭᠯᠡᠭᠰᠡᠨ ᠤᠩᠭᠤᠨ ᠰᠠᠬᠢᠭᠴᠢᠳ ᠰᠢᠭ᠋ ᠯᠡ ᠪᠠᠶᠢᠵᠤ᠂ ᠴᠠᠭ ᠡᠷᠢᠨ ᠤ ᠡᠯᠡᠭᠡᠯᠲᠡ ᠶᠢ ᠳᠠᠮᠵᠢᠭᠠᠳ | ᠡᠪᠳᠡᠷᠡᠵᠤ ᠴᠤᠴᠠᠷᠠᠰᠢ ᠦᠭᠡᠢ᠂ ᠦᠬᠢᠷᠡᠵᠤ ᠢᠯᠵᠢᠷᠡᠰᠢ ᠦᠭᠡᠢ ᠲᠡᠷᠡ ᠬᠦ ᠢᠷᠠᠭᠤ ᠠᠯᠳᠠᠷ ᠢ ᠨᠢ ᠦᠶ᠎ᠡ ᠤᠯᠠᠷᠢᠨ | ᠰᠠᠬᠢᠨ ᠬᠠᠮᠠᠭᠠᠯᠠᠨ᠎ᠠ᠃ | ᠪᠠᠭᠠᠲᠤᠷ ᠪᠤᠯ ᠬᠠᠰᠢ ᠯᠡ ᠪᠠᠭᠠᠲᠤᠷ ᠶᠤᠮ᠂ ᠲᠡᠦᠭᠡᠨ ᠳᠠᠪᠴᠠᠩ ᠳᠡᠭᠡᠷ᠎ᠡ ᠭᠤᠤᠯ ᠵᠦᠴᠦᠭᠡ ᠲᠤᠭᠯᠠᠭᠴᠢ | ᠶᠤᠮ᠃ ᠲᠡᠭᠦᠨ ᠲᠠᠢ ᠬᠠᠷᠢᠴᠠᠭᠤᠯᠪᠠᠯ᠂ ᠴᠢ᠂ ᠪᠢ᠂ ᠲᠡᠷᠡ᠂ ᠪᠦᠷ ᠯᠡ ᠡᠭᠡᠯ ᠬᠦᠮᠦᠨ ᠲᠡᠳᠦᠢ᠂ ᠳᠡᠳ᠋ ᠳᠦᠷᠢ | ᠲᠡᠳᠦᠢ ᠰᠠᠨ᠃ ᠡᠭᠦᠨ ᠢ ᠵᠦᠪᠰᠢᠶᠡᠷᠡᠬᠦ ᠦᠭᠡᠢ ᠪᠠᠶᠢᠬᠤ ᠶᠢᠨ ᠠᠷᠭ᠎ᠠ ᠦᠭᠡᠢ ᠶᠤᠮ᠃ ᠠᠮᠧᠷᠢᠺᠠ ᠶᠢᠨ | ᠰᠤᠳᠤᠯᠤᠭᠠᠴᠢ ᠪᠦᠷᠯᠢᠨ᠄ ︽ᠳᠤᠮᠳᠠᠲᠤ ᠤᠯᠤᠰ ᠤᠨ ᠴᠡᠷᠢᠭ ᠳᠠᠶᠢᠨ ᠤ ᠤᠬᠠᠭᠠᠨ ᠳᠤ᠂ ᠰᠦᠨᠽᠢ ᠬᠦᠷᠦᠭᠡᠳ | ᠤᠨᠤᠯ ᠤᠨ ᠲᠠᠯ᠎ᠠ ᠪᠠᠷ ᠬᠤᠷᠠᠮᠳᠤᠵᠤ ᠶᠡᠭᠡ ᠶᠢ ᠪᠦᠲᠦᠭᠡᠵᠠᠢ᠂ ᠶᠤᠸᠠᠨ ᠲᠠᠶᠢᠽᠤ ᠴᠢᠩᠬᠢᠰ ᠬᠠᠭᠠᠨ ᠬᠦᠷᠦᠭᠡᠳ | ᠦᠢᠯᠡᠳᠦᠯᠭᠡ ᠶᠢᠨ ᠲᠠᠯ᠎ᠠ ᠪᠠᠷ ᠠᠭᠤᠤ ᠦᠵᠡᠭᠳᠡᠯ ᠢᠯᠡᠷᠡᠭᠦᠯᠵᠡᠢ︾ ᠭᠡᠰᠡᠨ ᠪᠠᠶᠢᠳᠠᠭ᠃ ᠲᠡᠭᠦᠨ ᠠᠴᠠ ᠨᠡᠩ | ᠡᠷᠡᠯᠭᠡᠭ ᠳᠤᠭᠰᠢᠨ ᠴᠡᠷᠢᠭ ᠡᠷ᠎ᠡ ᠭᠡᠵᠤ ᠦᠭᠡᠷ᠎ᠡ ᠪᠠᠶᠢᠬᠤ ᠦᠭᠡᠢ ᠶᠤᠮ — ᠲᠡᠷᠡ ᠮᠠᠨᠢ ᠳᠡᠯᠡᠭᠡᠢ ᠶᠢᠨ ᠭᠠᠵᠠᠷ | ᠤᠨ ᠵᠢᠷᠤᠭ ᠢ ᠰᠠᠨᠠᠭ᠎ᠠ ᠵᠤᠷᠢᠭ ᠢᠶᠠᠷ ᠢᠶᠠᠨ ᠶᠡᠭᠡ ᠪᠠᠷ ᠦᠭᠡᠷᠡᠴᠢᠯᠡᠭᠰᠡᠨ ᠪᠠᠶᠢᠳᠠᠭ᠃ ᠦ᠂ ᠨᠡᠭᠡᠷᠡᠨ ᠴᠤ ᠲᠤᠮᠤ | ᠪᠦᠲᠦᠭᠡᠯ ᠰᠠᠨ︕ ᠵᠠᠷᠢᠮ ᠬᠦᠮᠦᠨ᠄ ᠨᠠᠫᠤᠯᠢᠶᠤᠨ ᠬᠦᠷᠲᠡᠯ᠎ᠡ ᠲᠡᠶᠢᠯᠦᠭᠳᠡᠭᠰᠡᠨ ᠢᠶᠠᠨ ᠠᠷᠭ᠎ᠠ ᠦᠭᠡᠢ ᠮᠡᠳᠡᠷᠡᠨ | ᠮᠡᠭᠦᠶᠢᠨ ᠶᠤᠰᠤᠯᠠᠭᠠᠳ ︽ᠳᠡᠯᠡᠭᠡᠢ ᠶᠢᠨ ᠬᠠᠮᠤᠭ ᠤᠨ ᠠᠭᠤᠤ ᠶᠡᠭᠡ ᠳᠠᠶᠢᠯᠠᠨ ᠳᠠᠭᠠᠭᠤᠯᠤᠭᠴᠢ︾ ᠶᠢᠨ ᠭᠠᠪᠢᠷᠡ | ᠲᠢᠲᠢᠮ ᠢ ᠲᠡᠮᠡᠴᠡᠯᠳᠦᠬᠦ ᠠᠴᠠ ᠬᠠᠯᠢᠷᠠᠳᠠᠭ ᠭᠡᠵᠤ ᠬᠡᠯᠡᠳᠡᠭ᠃ | ᠪᠠᠯᠽᠺ ᠲᠤ᠄ ︽ᠨᠠᠫᠤᠯᠢᠶᠤᠨ ᠤ ᠰᠡᠯᠡᠮ᠎ᠡ ᠪᠠᠷ ᠪᠠᠶᠢᠭᠤᠯᠤᠭᠰᠡᠨ ᠠᠯᠳᠠᠷ ᠭᠠᠪᠢᠶ᠎ᠡ ᠶᠢ ᠪᠢ ᠪᠢᠷ ᠢᠶᠠᠷ ᠢᠶᠠᠨ | ᠴᠤ ᠭᠡᠰᠡᠨ ᠠᠳᠠᠯᠢᠬᠠᠨ ᠤᠯᠵᠤ ᠴᠢᠳᠠᠨ᠎ᠠ︕︾ ᠭᠡᠰᠡᠨ ᠠᠯᠳᠠᠷᠲᠤ ᠦᠭᠡ ᠪᠠᠶᠢᠳᠠᠭ᠃ ᠴᠢᠩᠬᠢᠰ ᠬᠠᠭᠠᠨ ᠤ | ᠡᠮᠦᠨ᠎ᠠ ᠪᠢᠳᠡ ᠦᠨᠢ ᠡᠭᠦᠷᠢᠳᠡ ᠡᠶᠢᠮᠦ ᠶᠡᠭᠡ ᠦᠭᠡ ᠶᠢ ᠶᠠᠷᠢᠵᠤ ᠵᠢᠷᠦᠭᠡᠯᠡᠬᠦ ᠦᠭᠡᠢ ᠶᠤᠮ᠃ ᠲᠡᠷᠡ ᠮᠠᠨᠢ | ᠪᠢᠴᠢᠭᠲᠡᠨ ᠮᠡᠷᠭᠡᠳ ᠲᠤ ᠦᠵᠦᠭ ᠤᠨ ᠬᠢᠨᠢ ᠴᠢᠳᠠᠯ ᠬᠡᠴᠢᠨᠡᠨ ᠮᠡᠭᠦᠰ ᠳᠤᠷᠤᠢ ᠭᠡᠳᠡᠭ ᠢ ᠯᠡ ᠮᠡᠳᠡᠷᠡᠭᠦᠯᠦᠨᠠ ᠠᠵᠠᠢ | ᠃ ᠪᠢ ᠲᠠᠯ᠎ᠠ ᠨᠤᠲᠤᠭ ᠢᠶᠠᠷ ᠠᠭᠲᠠ ᠶᠢᠨ ᠵᠢᠯᠤᠭᠤ ᠰᠤᠩᠭᠠᠨ ︵ᠭᠡᠬᠦ ᠳᠤ ᠪᠠᠨ ᠴᠠᠭᠠᠰᠤᠨ ᠳᠡᠭᠡᠷ᠎ᠡ ᠪᠢᠰᠢ︶ | ᠳᠤᠷ᠎ᠠ ᠪᠠᠷ ᠨᠢ ᠳᠠᠪᠬᠢᠭᠤᠯᠤᠨ᠂ ᠲᠩᠷᠢᠯᠢᠭ ᠭᠠᠵᠠᠷᠯᠢᠭ ᠬᠦᠪᠡᠭᠦᠨ ᠤ ᠲᠡᠨᠢᠭᠦᠨ ᠵᠢᠪᠬᠤᠭᠠᠲᠤ ᠡᠷᠭᠡ ᠴᠢᠯᠦᠭᠡᠲᠤ | ᠲᠦᠷᠦᠭᠳᠡᠯ ᠢ ᠨᠢᠭᠡᠨ ᠵᠡᠷᠭᠡ ᠡᠳ᠋ᠯᠡᠵᠤ ᠦᠵᠡᠬᠦ ᠨᠡᠩ ᠲᠤᠷ᠎ᠠ ᠲᠠᠢ᠂ ᠴᠢᠩᠬᠢᠰ ᠬᠠᠭᠠᠨ ᠤ ᠭᠡᠭᠡᠨ ᠮᠡᠯᠮᠡᠢ ᠳᠤ᠂ | ᠤᠯᠤᠰ ᠤᠨ ᠬᠢᠯᠢ᠂ ᠤᠭᠰᠠᠭᠠᠲᠡᠨ ᠤ ᠢᠯᠭᠠᠭ᠎ᠠ᠂ ᠨᠤᠲᠤᠭ ᠤᠨ ᠠᠶᠠᠯᠭᠤ ᠴᠢᠨᠠᠭᠰᠢᠯᠠᠪᠠᠯ ᠴᠠᠭ ᠬᠤᠭᠤᠴᠠᠭ᠎ᠠ — | ᠲᠡᠷᠡ ᠪᠦᠬᠦᠨ ᠪᠦᠷ ᠤᠳᠬ᠎ᠠ ᠠᠭᠤᠯᠭ᠎ᠠ ᠦᠭᠡᠢ ᠪᠤᠯᠵᠤ᠂ ᠠᠭᠤᠯᠡ ᠤᠰᠤᠨ ᠠᠤᠭ᠎ᠠ ᠶᠡᠭᠡ ᠪᠠᠷ ᠨᠢᠭᠡᠳᠴᠤ᠂ | ᠦᠪᠡᠷ ᠢᠶᠠᠨ ᠡᠵᠡᠨ ᠨᠢ ᠪᠤᠯᠤᠭᠠᠳ᠂ ᠬᠤᠷᠸ᠎ᠠ ᠪᠦᠷ ᠴᠤ ᠲᠡᠭᠦᠨ ᠤ ᠡᠷᠡᠭᠡᠢ ᠠᠴᠠ ᠨᠢ ᠰᠤᠭᠤᠷᠠᠬᠤ ᠬᠤᠷᠴᠡ | ᠰᠤᠮᠤᠨ ᠤ ᠳᠤᠰᠤᠯᠲᠡ ᠠᠴᠠ ᠨᠢ ᠦᠨᠢ ᠡᠭᠦᠷᠢᠳᠡ ᠵᠢᠭᠤᠳᠠᠨ ᠳᠠᠪᠠᠵᠤ ᠴᠢᠳᠠᠰᠢ ᠦᠭᠡᠢ ᠪᠠᠶᠢᠪᠠ᠃ ᠤᠷᠴᠢᠨ ᠦᠶ᠎ᠡ | ᠶᠢᠨ ᠬᠦᠮᠦᠨ ᠶᠠᠪᠤᠬᠤ ᠲᠤᠲᠤᠮ ᠬᠦᠩᠭᠡᠮᠰᠦᠭ ᠳᠠᠷᠤᠤ᠂ ᠠᠶᠤᠮᠠᠬᠠᠢ ᠨᠤᠮᠤᠢ ᠪᠤᠯᠵᠤ ᠪᠠᠶᠢᠨ᠎ᠠ᠂ ᠲᠡᠭᠦᠨ ᠤ ᠵᠤᠷᠢᠭ | ᠰᠦᠰᠦ ᠶᠢ ᠬᠡᠵᠢᠶ᠎ᠡ ᠳᠠᠬᠢᠨ ᠰᠡᠷᠭᠦᠭᠡᠵᠤ ᠴᠢᠳᠠᠳᠠᠭ ᠪᠤᠯ︖ ᠠᠪᠤᠷᠭᠤ ᠬᠦᠮᠦᠨ ᠡᠩ ᠲᠡᠷᠢᠭᠦᠨ ᠳᠤ ᠵᠤᠷᠢᠭ | ᠰᠦᠰᠦ ᠪᠠᠷ ᠢᠶᠠᠨ ᠠᠪᠤᠷᠭᠤ ᠬᠦᠮᠦᠨ ᠪᠤᠯᠵᠤ᠂ ᠳᠠᠷᠠᠭ᠎ᠠ ᠨᠢ ᠰᠠᠶ᠋ᠢ ᠬᠦᠴᠦᠨ ᠴᠢᠳᠠᠯ ᠳᠤ ᠪᠠᠨ ᠲᠦᠰᠢᠭᠯᠡᠳᠡᠭ ᠶᠤᠮ | ᠭᠡᠵᠤ ᠬᠡᠯᠡᠵᠤ ᠪᠤᠯᠤᠨ᠎ᠠ᠃ ᠦᠬᠢᠷᠡᠮᠡᠯ ᠢ ᠰᠦᠢᠷᠡᠭᠦᠯᠵᠤ ᠦᠵᠢᠷᠡᠮᠡᠯ ᠢ ᠴᠤᠴᠠᠯᠬᠤ ᠡᠷᠴᠢᠲᠤ ᠡᠨᠡ ᠬᠦ ᠰᠤᠮᠤ ᠶᠢ | ᠬᠡᠵᠢᠶᠠᠨ ᠤ ᠬᠠᠷᠪᠤᠭᠠᠳ ᠭᠠᠷᠭᠠᠴᠢᠬᠠᠵᠠᠢ᠂ ᠪᠠᠷ᠎ᠠ ᠰᠡᠭᠦᠳᠡᠷ ᠢ ᠨᠢ ᠳᠠᠬᠢᠨ ᠡᠷᠢᠵᠤ ᠤᠯᠬᠤ ᠦᠭᠡᠢ ᠪᠤᠯᠪᠠ᠃ ᠰᠤᠮᠤ | ᠪᠠᠨ ᠦᠭᠡᠶᠢᠯᠡᠨ ᠬᠤᠴᠤᠷᠤᠭᠰᠡᠨ ᠬᠤᠭᠤᠰᠤᠨ ᠨᠤᠮᠤ ᠯᠡ ᠦᠯᠡᠳᠡᠵᠤ᠂ ᠦᠵᠡᠭᠴᠢᠳ ᠲᠤ ᠳᠡᠯᠭᠡᠭᠳᠡᠨ ᠦᠵᠡᠮᠤᠷᠢ | ᠬᠠᠩᠭᠠᠨ᠎ᠠ᠃ ᠲᠡᠷᠡ ᠮᠠᠨᠢ ᠦᠨᠢ ᠮᠥᠩᠭᠡ ᠶᠢᠨ ᠦᠵᠡᠮᠦᠷᠢ ᠯᠡ ᠪᠤᠯᠤᠭᠠᠳ᠂ ᠳᠠᠬᠢᠭᠠᠳ ᠬᠡᠨ ᠴᠤ ᠭᠡᠳ ᠡᠨᠡ ᠨᠤᠮᠤ | ᠶᠢᠨ ᠬᠦᠪᠴᠢ ᠶᠢ ᠳᠡᠯᠢᠵᠤ ᠴᠢᠳᠠᠬᠤ ᠦᠭᠡᠢ ᠪᠤᠯᠪᠠ ︵ᠡᠭᠦᠨ ᠳᠤ ᠶᠠᠭᠠᠬᠢᠬᠤ ᠶᠢᠨ ᠠᠷᠭ᠎ᠠ ᠦᠭᠡᠢ ᠰᠢᠳᠢᠲᠤ | ᠬᠦᠴᠦᠨ ᠬᠡᠷᠡᠭᠲᠡᠢ︶ — ᠴᠢᠨᠠᠭᠰᠢᠯᠠᠪᠠᠯ ᠲᠤᠷᠰᠢᠵᠤ ᠦᠵᠡᠮᠡᠷ ᠵᠤᠷᠢᠭ ᠰᠦᠰᠦ ᠴᠦ ᠭᠡᠳ ᠪᠦᠷ ᠠᠯᠠᠭ᠎ᠠ ᠪᠤᠯᠵᠠᠢ ᠁ | ᠪᠢ ᠤᠳᠤ ᠵᠦᠭᠡᠯᠡᠨ ᠰᠡᠪᠰᠡᠭᠡᠷ ᠪᠦᠭᠡᠳ ᠨᠠᠮ ᠳᠤᠭᠤᠶᠢᠬᠠᠨ ᠲᠠᠯ᠎ᠠ ᠨᠤᠲᠤᠭ ᠢ ᠬᠠᠷᠠᠵᠤ ᠵᠤᠭᠰᠤᠨ᠎ᠠ᠃ | ᠲᠠᠯ᠎ᠠ ᠨᠤᠲᠤᠭ ᠪᠢᠳᠡ ᠬᠤᠶᠠᠭᠤᠯᠡ ᠶᠢᠨ ᠬᠤᠭᠤᠷᠤᠨᠳᠤ ᠨᠢᠭᠡ ᠬᠦᠮᠦᠨ ᠤ ᠰᠡᠭᠦᠳᠡᠷ ᠯᠡ ᠵᠠᠭᠠᠭ ᠪᠤᠯᠤᠨ᠎ᠠ᠃ | ᠶᠤᠰᠤᠨ ᠳᠤ ᠪᠠᠨ ᠲᠠᠯ᠎ᠠ ᠨᠤᠲᠤᠭ ᠪᠤᠯ ᠴᠡᠭᠡᠵᠢᠯᠡᠯ ᠢ ᠬᠠᠮᠤᠭ ᠤᠨ ᠠᠮᠠᠷᠬᠠᠨ ᠪᠤᠯᠠᠰᠢᠯᠠᠳᠠᠭ ᠭᠠᠵᠠᠷ ᠶᠤᠮ᠂ | ᠦᠯᠦᠨ ᠲᠦᠢᠮᠡᠷ᠂ ᠨᠡᠭᠦᠳᠡᠯ ᠡᠯᠡᠰᠦ᠂ ᠰᠠᠯᠬᠢ ᠰᠢᠭᠤᠷᠭ᠎ᠠ ᠪᠠᠷ ᠢᠶᠠᠨ ᠁ ᠨᠡᠭᠦᠳᠡᠯ ᠮᠠᠯᠵᠢᠯ ᠤᠨ ᠤᠭᠰᠠᠭᠠᠲᠡᠨ | ᠤ ᠠᠮᠢᠳᠤᠷᠠᠯ ᠤᠨ ᠤᠷᠤᠨ ᠬᠡᠪᠴᠢᠶᠠᠨ ᠠᠴᠠ ᠴᠠᠭ ᠤᠯᠠᠷᠢᠯ ᠲᠠᠢ ᠦᠷᠢᠰᠦᠯᠳᠦᠬᠦ ᠦᠨᠢ ᠤᠳᠠᠭᠠᠨ ᠪᠠᠷᠢᠯᠭ᠎ᠠ ᠪᠠᠷᠤᠭ | ᠤᠯᠳᠠᠬᠤ ᠦᠭᠡᠢ ᠶᠤᠮ᠂ ᠮᠤᠩᠭᠤᠯ ᠭᠡᠷ ᠢ ᠨᠢ ᠬᠦᠷᠲᠡᠯ᠎ᠡ ᠵᠠᠳᠠᠯᠵᠤ ᠰᠠᠯᠭᠠᠵᠤ ᠪᠤᠯᠳᠠᠭ᠃ ᠲᠦᠪᠡᠳ᠂ ᠬᠦᠬᠡᠨᠠᠭᠤᠷ | ᠵᠡᠷᠭᠡ ᠪᠤᠰᠤᠳ ᠴᠦᠭᠡᠨ ᠲᠤᠭᠠᠲᠤ ᠦᠨᠳᠦᠰᠦᠲᠡᠨ ᠤ ᠲᠦᠪᠯᠡᠷᠡᠨ ᠰᠠᠭᠤᠷᠢᠰᠢᠭᠰᠡᠨ ᠭᠠᠵᠠᠷ ᠲᠠᠢ ᠠᠳᠠᠯᠢᠳᠬᠠᠪᠠᠯ᠂ | ᠦᠪᠤᠷ ᠮᠤᠩᠭᠤᠯ ᠳᠠᠬᠢ ᠰᠦᠮ᠎ᠡ ᠬᠡᠶᠢᠳ ᠴᠤ ᠭᠡᠳ ᠪᠠᠷᠤᠭ ᠬᠠᠮᠤᠭ ᠤᠨ ᠴᠦᠭᠡᠨ ᠳᠤ ᠪᠠᠨ ᠲᠤᠭᠠᠴᠭᠳᠠᠬᠤ | ᠶᠤᠰᠤᠲᠠᠢ ᠪᠠᠶᠢᠬᠤ ᠡ᠃ ᠶᠠᠷᠢᠶᠠᠨ ᠦᠭᠡᠢ᠂ ᠡᠨᠡ ᠨᠢ ᠲᠡᠭᠦᠨ ᠤ ᠦᠪᠡᠷ ᠤᠨ ᠭᠡᠰᠡᠨ ᠰᠠᠬᠢᠭᠤᠯᠰᠦᠨ᠂ ᠦᠪᠡᠷ ᠤᠨ | ᠭᠡᠰᠡᠨ ᠳᠤᠮᠤᠭ ᠲᠠᠢ ᠪᠠᠶᠢᠬᠤ ᠳᠤ ᠨᠢ ᠬᠠᠷᠰᠢ ᠪᠤᠯᠬᠤ ᠦᠭᠡᠢ ᠶᠤᠮ᠃ ᠮᠤᠩᠭᠤᠯᠴᠤᠳ ᠴᠢᠩᠬᠢᠰ ᠤᠨ ᠨᠡᠷ᠎ᠡ ᠠᠯᠳᠠᠷ | ᠢ ᠲᠤᠲᠤᠭᠠᠲᠤ ᠰᠡᠳᠬᠢᠯ ᠤᠨ ᠤᠷᠳᠤᠨ ᠳᠤ ᠪᠠᠨ ᠳᠠᠬᠢᠵᠤ ᠰᠢᠲᠦᠳᠡᠭ᠃ ᠲᠡᠲᠡ ᠤᠶᠤᠨ ᠰᠠᠨᠠᠭᠠᠨ ᠤ ᠭᠠᠯ ᠴᠤᠭ | ᠢᠶᠠᠨ ᠡᠪᠦᠷᠲᠤᠯᠠᠵᠤ ᠳᠦᠷᠪᠡᠨ ᠵᠦᠭ ᠲᠤ ᠨᠠᠭᠦᠳᠡᠯᠯᠡᠳᠡᠭ᠂ ᠲᠡᠭᠡᠬᠦ ᠳᠤ ᠪᠠᠨ ᠨᠡᠭᠦᠳᠡᠯᠯᠡᠯ ᠢᠶᠠᠨ ᠬᠦᠷᠲᠡᠯ᠎ᠡ ᠪᠦᠷ | ᠨᠢᠭᠡ ᠵᠦᠢᠯ ᠤᠨ ᠤᠮᠤᠭᠰᠢᠯ ᠪᠤᠯᠭᠠᠴᠢᠬᠠᠭᠰᠡᠨ ᠪᠠᠶᠢᠳᠠᠭ᠃ | ᠳᠡᠯᠡᠭᠡᠢ ᠶᠢᠷᠲᠢᠨᠴᠤ ᠲᠡᠭᠦᠨ ᠠᠴᠠ ᠪᠤᠯᠤᠭᠠᠳ ᠳᠠᠭᠵᠢᠵᠤ ᠶᠠᠪᠤᠭᠰᠡᠨ ᠲᠡᠦᠭᠡ ᠲᠠᠢ᠃ ᠡᠨᠡ ᠬᠦ ᠬᠠᠮᠤᠭ ᠤᠨ | ᠠᠭᠤᠤ ᠶᠡᠭᠡ ᠨᠡᠭᠦᠳᠡᠯᠴᠢᠨ ᠡᠷ᠎ᠡ ᠨᠢᠭᠡ ᠬᠦᠯ ᠢᠶᠠᠷ ᠢᠶᠠᠨ ᠠᠽᠢᠶ᠎ᠡ ᠳᠤ ᠵᠤᠭᠰᠤᠵᠤ᠂ ᠨᠦᠬᠦᠭᠡ ᠬᠦᠯ ᠢᠶᠠᠨ | ᠡᠸᠦ᠋ᠷᠦᠫᠠ ᠤᠷᠤᠭᠤ ᠵᠢᠬᠢᠯᠬᠡᠭᠰᠡᠨ ᠪᠠᠶᠢᠯ᠎ᠠ᠃ ᠲᠡᠭᠦᠨ ᠢ ᠨᠢᠭᠡᠯᠬᠡᠨ ᠠᠯᠬᠤᠮᠠᠭᠴᠡ ᠭᠠᠵᠠᠷ ᠤᠨ ᠵᠢᠷᠤᠭ ᠳᠡᠭᠡᠷ᠎ᠡ | ᠳᠠᠷᠤᠢ ᠠᠪᠤᠷᠭᠤ ᠶᠡᠭᠡ ᠤᠯᠡ ᠮᠦᠷ ᠦᠯᠡᠳᠡᠭᠰᠡᠨ ᠪᠠᠶᠢᠳᠠᠭ᠃ ᠲᠡᠭᠦᠨ ᠤ ᠠᠯᠬᠤᠮ᠂ ᠲᠡᠭᠦᠨ ᠤ ᠪᠠᠷ᠎ᠠ ᠰᠡᠭᠦᠳᠡᠷ᠂ | ᠬᠦᠮᠦᠨ ᠲᠦᠷᠦᠯᠬᠢᠲᠡᠨ ᠤ ᠠᠬᠢᠴᠡ ᠪᠠ ᠮᠠᠨ ᠤ ᠠᠮᠢᠳᠤᠷᠠᠯ ᠢ ᠬᠤᠪᠢᠷᠠᠭᠤᠯᠤᠯᠠ ᠭᠡᠵᠤ ᠬᠡᠯᠡᠵᠤ ᠪᠤᠯᠤᠨ᠎ᠠ᠃ | ᠲᠠᠯ᠎ᠠ ᠨᠤᠲᠤᠭ ᠪᠤᠯ ᠲᠡᠭᠦᠨ ᠤ ᠦᠯᠦᠭᠡᠢ ᠨᠤᠲᠤᠭ ᠮᠦᠷᠲᠡᠭᠡᠨ ᠮᠦᠨ ᠴᠤ ᠲᠡᠭᠦᠨ ᠤ ᠠᠮᠤᠷᠯᠢᠩᠭᠤᠢ | ᠨᠤᠶᠢᠷᠰᠤᠭᠰᠡᠨ ᠭᠠᠵᠠᠷ ᠶᠤᠮ᠃ ᠲᠡᠷᠡ ᠮᠠᠨᠢ ᠴᠢᠨᠠᠭᠰᠢᠯᠠᠪᠠᠯ ᠲᠠᠯ᠎ᠠ ᠨᠤᠲᠤᠭ ᠲᠤ ᠪᠠᠨ ᠲᠤᠲᠤᠷᠬᠠᠢ ᠨᠢᠭᠡ ᠪᠤᠩᠬᠤᠨ | ᠤ ᠬᠦᠰᠢᠶ᠎ᠡ ᠪᠠᠨ ᠴᠦ ᠬᠤᠴᠤᠷᠭᠠᠭᠰᠡᠨ ᠦᠭᠡᠢ ᠪᠠᠶᠢᠲᠠᠯ᠎ᠠ ᠪᠠᠨ ᠬᠠᠷᠢᠨ ᠳᠦᠵᠢᠬᠢᠨᠡᠵᠤ ᠪᠤᠵᠢᠬᠢᠨᠠᠭᠰᠡᠨ ᠪᠦᠪ | ᠪᠦᠲᠦᠨ ᠨᠢᠭᠡ ᠴᠠᠭ ᠡᠷᠢᠨ ᠢ ᠦᠪᠡᠷ ᠤᠨ ᠢᠶᠠᠨ ᠬᠤᠶᠢᠯᠭ᠎ᠠ ᠪᠤᠯᠭᠠᠵᠤ ᠤᠷᠤᠰᠢᠭᠤᠯᠤᠭᠰᠡᠨ ᠪᠠᠶᠢᠯ᠎ᠠ᠃ ᠡᠨᠡ ᠪᠤᠯ | ᠬᠠᠮᠤᠭ ᠤᠨ ᠡᠭᠡᠯ ᠪᠤᠷᠤᠭᠵᠢᠭᠤᠨ ᠪᠦᠭᠡᠳ ᠬᠠᠮᠤᠭ ᠤᠨ ᠡᠷᠬᠢᠮᠰᠦᠭ ᠦᠵᠡᠰᠭᠦᠯᠡᠩ ᠤᠷᠤᠰᠢᠭᠤᠯᠭ᠎ᠠ ᠪᠤᠯᠬᠤ ᠶᠤᠮ᠃ | | ᠡᠷᠳᠡᠨᠢ ᠶᠢᠨ ᠵᠢᠳᠡ ᠡᠯᠡᠰᠦᠨ ᠳᠤ ᠪᠤᠯᠠᠭᠳᠠᠭᠰᠡᠨ ᠲᠡᠶᠢᠮᠦᠷᠬᠦ ᠡᠴᠢᠨ᠎ᠠ ᠨᠢᠭᠤᠴᠠᠭᠠᠢ᠂ ᠡᠩᠰᠡᠷᠡᠯ ᠭᠤᠨᠢᠭᠯᠠᠯ | ᠪᠠ ᠲᠡᠶᠢᠮᠦᠷᠬᠦ ᠴᠢᠰᠦᠨ ᠦᠨᠦᠷ ᠬᠠᠩᠬᠤᠯᠤᠭᠰᠡᠨ ᠠᠭᠤᠷ ᠠᠮᠢᠰᠬᠤᠯ ᠢ ᠨᠢ ᠦᠨᠦᠳᠦᠷ ᠬᠦᠷᠲᠡᠯ᠎ᠡ ᠪᠢ ᠪᠦᠷ | ᠮᠡᠳᠡᠷᠡᠵᠤ ᠤᠯᠵᠤ ᠪᠠᠶᠢᠨ᠎ᠠ᠃ ᠨᠢᠭᠡ ᠯᠡ ᠬᠦᠮᠦᠨ᠂ ᠨᠢᠭᠡ ᠶᠡᠭᠡ ᠲᠠᠯ᠎ᠠ ᠨᠤᠲᠤᠭ ᠢ ᠭᠠᠶᠢᠬᠠᠮᠰᠢᠭ ᠪᠤᠯᠭᠠᠵᠤ | ᠴᠢᠳᠠᠵᠠᠢ᠃ | ᠬᠤᠶᠠᠷ ᠵᠦᠢᠯ ᠤᠨ ᠲᠠᠯ᠎ᠠ ᠨᠤᠲᠤᠭ ᠪᠠᠶᠢᠳᠠᠭ ᠰᠢᠤᠬᠠᠨ ᠪᠠᠶᠢᠨ᠎ᠠ᠂ ᠨᠢᠭᠡ ᠨᠢ ᠪᠤᠳᠠᠲᠤ ᠠᠬᠤᠢ ᠳᠤ | ᠬᠠᠷᠢᠶᠠᠯᠠᠭᠳᠠᠨ᠎ᠠ᠂ ᠨᠢᠭᠡ ᠨᠢ ᠰᠦᠭ ᠰᠦᠨᠡᠰᠦᠨ ᠳᠤ ᠬᠠᠷᠢᠶᠠᠯᠠᠭᠳᠠᠨ᠎ᠠ᠃ ᠪᠢ ᠲᠡᠭᠦᠨ ᠤ ᠦᠨᠡᠨ ᠪᠣᠳᠠᠲᠠᠢ ᠶᠢ ᠨᠢ | ᠬᠠᠶᠢᠷᠠᠯᠠᠨ᠎ᠠ᠂ ᠲᠡᠭᠦᠨ ᠤ ᠪᠦᠷᠦᠭ ᠪᠠᠷᠤᠭ ᠲᠤ ᠨᠢ ᠴᠤ ᠬᠤᠷᠭᠤᠳᠠᠨ᠎ᠠ᠃ ᠬᠤᠶᠢᠨᠠᠬᠢ ᠠᠴᠠ ᠨᠢ ᠠᠪᠤᠭᠠᠳ ᠬᠡᠯᠡᠪᠡᠯ | ᠂ ᠪᠢ ᠵᠦᠪᠭᠡᠨ ᠴᠢᠩᠬᠢᠰ ᠬᠠᠭᠠᠨ ᠤ ᠡᠵᠡᠮᠰᠢᠯ ᠨᠤᠲᠤᠭ ᠳᠡᠭᠡᠷ᠎ᠡ ᠵᠤᠴᠢᠨ ᠪᠤᠯᠵᠤ ᠰᠠᠭᠠᠲᠠᠭᠴᠢ ᠲᠡᠳᠦᠢ ᠶᠤᠮ᠃ | ᠲᠡᠭᠡᠪᠡᠴᠤ ᠪᠢ ᠲᠤᠭᠲᠤᠯᠬᠤ ᠦᠭᠡᠢ ᠪᠠᠶᠢᠬᠤ ᠶᠢᠨ ᠠᠷᠭ᠎ᠠ ᠦᠭᠡᠢ᠂ ᠰᠠᠨᠳᠤᠷᠤᠨ ᠲᠡᠪᠡᠳᠡᠬᠦ ᠦᠪᠡᠢ ᠪᠠᠶᠢᠬᠤ ᠶᠢᠨ | ᠠᠷᠭ᠎ᠠ ᠦᠭᠡᠢ ᠶᠤᠮ ᠰᠠᠨ᠃ | ᠦᠪᠤᠷ ᠮᠤᠩᠭᠤᠯ ᠳᠤ ᠪᠠᠶᠢᠭᠰᠡᠳ ᠡᠩ ᠲᠡᠷᠢᠭᠦᠨ ᠳᠤ ᠡᠷᠬᠡᠪᠰᠢ ᠬᠡᠷᠡᠯ ᠰᠡᠭᠦᠳᠡᠷ ᠲᠠᠢ ᠶᠠᠪᠤᠯᠴᠠᠵᠤ | ᠰᠤᠷᠬᠤ ᠬᠡᠷᠡᠭᠲᠡᠢ᠃ | ᠤᠴᠢᠷ ᠨᠢ ᠠᠳᠡ ᠴᠢᠩᠬᠢᠰ ᠬᠠᠭᠠᠨ ᠤ ᠨᠦᠯᠦᠭᠡ ᠤᠷᠤᠰᠢᠬᠤ ᠦᠭᠡᠢ ᠭᠠᠵᠠᠷ ᠭᠡᠵᠤ ᠦᠭᠡᠢ ᠶᠤᠮ᠃ | ᠲᠡᠭᠦᠨ ᠢ ᠨᠢᠭᠡ ᠬᠦᠮᠦᠨ᠂ ᠨᠢᠭᠡ ᠬᠡᠰᠡᠭ ᠲᠡᠦᠭᠡ ᠭᠡᠵᠤ ᠬᠡᠯᠡᠬᠦ ᠶᠢᠨ ᠤᠷᠤᠨ ᠳᠤ ᠬᠠᠷᠢᠨ ᠨᠢᠭᠡ ᠵᠦᠢᠯ ᠤᠨ | ᠦᠨᠦᠳᠦᠷ ᠬᠦᠷᠲᠡᠯ᠎ᠡ ᠤᠯᠠᠮᠵᠢᠯᠠᠭᠳᠠᠭᠰᠠᠭᠠᠷ ᠢᠷᠡᠭᠰᠡᠨ ᠤᠳᠤᠮ ᠤᠭᠰᠠᠭ᠎ᠠ ᠭᠡᠵᠤ ᠬᠡᠯᠡᠬᠦ ᠶᠢ ᠬᠦᠷᠬᠦ ᠦᠭᠡᠢ ᠶᠤᠮ᠃ | | | |