ᠵᠤᠬᠢᠶᠠᠨ ᠪᠢᠴᠢᠯᠭᠡ ᠶᠢᠨ ᠵᠢᠭᠠᠨ ᠰᠤᠷᠭᠠᠯᠲᠠ ᠶᠢᠨ ᠨᠢᠭᠤᠴᠠ ᠵᠤᠷ
ᠨᠡᠶᠢᠲᠡᠯᠡᠭᠰᠡᠨ ᠴᠠᠭ᠄
2017/1/20
       ᠰᠠᠶᠢᠨ᠎ᠠ ᠪᠠᠭᠰᠢ ᠶᠢᠨ《 ᠪᠠᠭ᠎ᠠ ᠰᠤᠷᠭᠠᠭᠤᠯᠢ ᠶᠢᠨ ᠵᠤᠬᠢᠶᠠᠯ ᠪᠤᠯᠪᠠᠰᠤᠷᠠᠯ ᠤᠨ ᠵᠢᠭᠠᠨ ᠰᠤᠷᠭᠠᠯᠲᠠ ᠶᠢᠨ ᠤᠷ᠎ᠠ ᠮᠡᠷᠭᠡᠵᠢᠯ ᠤᠨ ᠲᠤᠬᠠᠢ》 ᠭᠡᠬᠦ ᠲᠤᠰᠬᠠᠢ ᠲᠠᠶᠢᠯᠤᠮᠵᠢ ᠶᠢ ᠸᠢᠴᠠᠲ ᠴᠤᠭᠯᠠᠷᠠᠯ ᠳᠡᠭᠡᠷ᠎ᠡ ᠠᠴᠠ ᠠᠮᠲᠠᠷᠬᠠᠨ ᠰᠤᠷᠤᠯᠴᠠᠵᠤ᠂ ᠰᠤᠷᠭᠠᠨ ᠬᠦᠮᠦᠵᠢᠯ᠂ ᠬᠡᠯᠡ ᠪᠢᠴᠢᠭ ᠤᠨ ᠵᠢᠭᠠᠨ ᠰᠤᠷᠭᠠᠬᠤ ᠠᠵᠢᠯ ᠤᠨ ᠲᠠᠯ᠎ᠠ ᠪᠠᠷ ᠠᠯᠢ ᠤᠯᠠᠨ ᠰᠢᠨ᠎ᠡ ᠰᠠᠶᠢᠬᠠᠨ ᠪᠤᠳᠤᠯ ᠤᠷᠤᠵᠤ᠂ ᠮᠢᠨᠤ ᠬᠤᠶᠢᠰᠢᠲᠠ ᠶᠢᠨ ᠵᠢᠭᠠᠨ ᠰᠤᠷᠭᠠᠯᠲᠠ ᠳᠤ ᠮᠡᠷᠭᠡᠵᠢᠯ ᠤᠨ ᠴᠡᠨᠡᠭ ᠢᠪᠡᠭᠡᠭᠰᠡᠨ᠂ ᠴᠢᠳᠠᠪᠤᠷᠢ ᠶᠢᠨ ᠴᠦᠮ᠎ᠡ ᠬᠠᠶᠢᠷᠠᠯᠠᠭᠰᠠᠨ᠂ ᠬᠠᠷᠠᠴᠠ ᠶᠢ ᠬᠤᠯᠠᠳᠬᠠᠵᠤ᠂ ᠬᠠᠷᠠᠭ᠎ᠠ ᠶᠢ ᠲᠡᠯᠡᠭᠰᠡᠨ ᠮᠠᠰᠢ ᠶᠡᠭᠡ ᠤᠯᠤᠯᠲᠠ ᠲᠠᠢ ᠰᠤᠷᠤᠯᠴᠠᠯᠭ᠎ᠠ ᠭᠡᠵᠤ ᠪᠤᠳᠤᠭᠳᠠᠯ᠎ᠠ᠃ ᠨᠡᠩ ᠢᠯᠠᠩᠭᠤᠶ᠎ᠠ ᠰᠠᠶᠢᠨ᠎ᠠ ᠪᠠᠭᠰᠢ ᠶᠢᠨ ᠢᠶᠠᠨ ᠬᠦᠭᠵᠢᠶᠡᠨᠲᠤ ᠬᠢᠴᠢᠶᠡᠯᠯᠡᠯᠭᠡ᠂ ᠰᠤᠳᠤᠨ ᠪᠦᠲᠦᠭᠡᠯ᠂ ᠰᠠᠶᠢᠬᠠᠨ ᠶᠠᠷᠢᠶ᠎ᠠ ᠠᠴᠠ ᠵᠢᠭᠠᠨ ᠰᠤᠷᠭᠠᠯᠲᠠ ᠳᠤ ᠪᠠᠨ ᠤᠷᠲᠤ ᠬᠤᠭᠤᠴᠠᠭᠠᠨ ᠤ ᠤᠷᠤᠯᠳᠤᠯᠭ᠎ᠠ ᠰᠦᠪᠡᠭᠴᠢᠯᠡᠯ ᠶᠡᠬᠡᠲᠠᠢ᠂ ᠦᠨᠳᠦᠰᠦᠲᠡᠨ ᠤ ᠪᠠᠨ ᠦᠭᠡ ᠬᠡᠯᠡ ᠦᠰᠦᠭ ᠪᠢᠴᠢᠭ  ᠲᠤ ᠪᠠᠨ ᠮᠠᠰᠢ ᠶᠡᠭᠡ ᠬᠠᠶᠢᠷᠠᠲᠠᠢ ᠪᠠᠶᠢᠭ᠎ᠠ᠂ ᠦᠪ ᠰᠤᠶᠤᠯ ᠢᠶᠠᠨ ᠦᠷ᠎ᠡ ᠬᠤᠶᠢᠴᠢᠰ ᠲᠤ ᠪᠠᠨ ᠦᠪᠯᠡᠭᠦᠯᠦᠨ ᠤᠯᠠᠮᠵᠢᠯᠠᠬᠤ ᠡᠭᠦᠷᠭᠡ ᠬᠠᠷᠢᠭᠤᠴᠠᠯᠭ᠎ᠠ ᠪᠠᠷ ᠤᠷᠭᠢᠯᠤᠮ᠎ᠠ ᠬᠠᠯᠠᠭᠤᠨ ᠪᠠᠶᠢᠭ᠎ᠠ ᠶᠢ ᠤᠯᠵᠤ ᠬᠠᠷᠠᠯ᠎ᠠ᠃ ᠠᠳᠡ ᠪᠢ ᠰᠤᠷᠤᠯᠴᠠᠵᠦ ᠪᠤᠳᠤᠯᠬᠢᠯᠠᠭᠰᠠᠨ ᠤᠯᠤᠯᠲᠠ ᠲᠦᠷᠦᠭᠳᠡᠯ ᠢᠶᠠᠨ ᠶᠠᠷᠢᠶ᠎ᠠ᠄      ᠡᠷᠲᠡᠨ ᠠᠴᠠ ᠠᠪᠤᠭᠠᠳ ᠪᠢᠳᠠ ᠵᠢᠭᠠᠨ ᠰᠤᠷᠭᠠᠯᠲᠠ ᠳᠤ ᠪᠠᠨ ᠠᠯᠢ ᠤᠯᠠᠨ ᠲᠦᠭᠡᠷᠢᠭᠳᠡᠯ ᠤᠨ ᠲᠤᠲᠤᠷ᠎ᠠ ᠶᠠᠪᠤᠵᠤ ᠪᠠᠶᠢᠭᠰᠠᠨ᠃ ᠬᠠᠷᠢᠭᠤᠴᠠᠯᠭ᠎ᠠ ᠪᠠ ᠬᠠᠯᠠᠭᠤᠨ ᠰᠡᠳᠬᠢᠯ ᠤᠨ ᠡᠷᠬᠡᠨ ᠳᠤ ᠪᠤᠶᠤ ᠬᠠᠲᠠᠭᠤ ᠴᠢᠩᠭ᠎ᠠ ᠲᠦᠷᠢᠮ ᠲᠤᠭᠲᠠᠭᠠᠯ᠂ ᠲᠡᠦᠬᠡ ᠤᠯᠠᠮᠵᠢᠯᠠᠯ ᠤᠨ ᠬᠡᠪ ᠵᠠᠭᠪᠤᠷ ᠲᠤᠲᠤᠷ᠎ᠠ ᠳᠦᠭᠦᠮᠬᠡᠨ ᠡᠷᠭᠢᠴᠡᠵᠦ ᠢᠷᠡᠭᠰᠡᠨ᠂ ᠪᠢᠳᠡ ᠦᠩᠭᠡᠷᠡᠭᠰᠡᠨ ᠳᠤ ᠵᠦᠪᠬᠡᠨ ᠬᠢᠴᠢᠶᠡᠯ ᠢᠶᠠᠨ ᠰᠠᠶᠢᠲᠤᠷ ᠪᠡᠯᠡᠳᠬᠡᠵᠤ᠂ ᠤᠷᠮᠠᠲᠠᠢ ᠵᠢᠭᠠᠵᠤ᠂ ᠲᠠᠰᠬᠠᠯ ᠢᠶᠠᠨ ᠴᠠᠭ ᠲᠤᠬᠠᠢ ᠳᠤ ᠨᠢ ᠬᠢᠨᠠᠮᠠᠭᠠᠢ ᠬᠢᠨᠠᠵᠤ᠂ ᠬᠢᠴᠢᠶᠡᠯ ᠢᠶᠠᠨ ᠡᠷᠭᠢᠴᠡᠭᠦᠯᠦᠯᠲᠡ ᠲᠤᠩᠭᠠᠯᠲᠠ ᠬᠢᠭᠰᠡᠨ ᠪᠤᠯᠪᠠᠴᠤ ᠬᠢᠵᠤ ᠪᠠᠶᠢᠭ᠎ᠠ ᠠᠵᠢᠯ ᠳᠤ ᠪᠠᠨ ᠰᠤᠳᠤᠯᠵᠦ ᠰᠢᠨᠵᠢᠯᠡᠭᠰᠡᠨ ᠢᠶᠠᠷ ᠲᠤᠲᠠᠮᠠᠭ᠂ ᠨᠡᠩ ᠴᠦ ᠦᠭᠡᠷᠡᠴᠢᠯᠡᠵᠦ ᠰᠢᠨᠡᠴᠢᠯᠡᠭᠰᠡᠨ  ᠢᠶᠠᠷ ᠭᠦᠢᠴᠡᠳ ᠪᠢᠰᠢ᠂ ᠵᠦᠪᠬᠡᠨ ᠰᠤᠷᠬᠤ ᠪᠢᠴᠢᠭ ᠤᠨ ᠠᠭᠤᠯᠭ᠎ᠠ ᠶᠢ ᠡᠵᠡᠮᠰᠢᠭᠦᠯᠬᠦ ᠪᠠᠷ ᠭᠤᠤᠯ ᠬᠠᠷᠠᠯᠲᠠ ᠪᠠᠨ ᠪᠤᠯᠭᠠᠵᠤ᠂ ᠰᠤᠷᠤᠭᠴᠢᠳ ᠤᠨ ᠰᠤᠷᠬᠤ ᠠᠭᠤᠯᠭ᠎ᠠ ᠶᠢᠨ ᠲᠤᠭᠤᠷᠢᠨ ᠳᠤ ᠵᠤᠬᠢᠶᠠᠯ ᠪᠤᠯᠪᠠᠰᠤᠷᠠᠯ ᠢ ᠵᠢᠯᠤᠭᠤᠳᠬᠤ ᠳᠤ  ᠪᠠᠨ ᠶᠠᠮᠠᠷ ᠨᠢᠭᠡᠨ ᠲᠤᠭᠲᠠᠭᠰᠠᠨ ᠬᠡᠪ ᠵᠠᠭᠪᠤᠷ ᠲᠤ ᠬᠦᠯᠢᠶᠡᠰᠦᠯᠡᠵᠦ᠂ ᠰᠤᠷᠤᠭᠴᠢᠳ ᠲᠤᠭᠲᠠᠭᠰᠠᠨ ᠨᠢᠭᠡᠨ ᠭᠠᠷᠴᠠᠭ  ᠲᠤ ᠪᠠᠷᠢᠭᠳᠠᠵᠤ ᠨᠢᠭᠡ ᠯᠡ ᠬᠡᠯᠪᠡᠷᠢ ᠶᠢᠨ ᠰᠡᠳᠬᠢᠮᠵᠢ ᠳᠤ ᠰᠢᠬᠠᠯᠳᠤᠨ ᠭᠠᠷ ᠨᠤᠬᠤᠯᠠᠨ ᠭᠠᠴᠢᠭᠳᠠᠬᠤ ᠶᠠᠪᠤᠳᠠᠯ ᠵᠦᠩᠳᠡᠬᠡᠨ ᠬᠠᠷᠠᠭᠳᠠᠵᠤ ︿︿ᠵᠤᠬᠢᠶᠠᠯ ᠠᠴᠠ ᠠᠶᠤᠬᠤ᠂ ᠵᠤᠬᠢᠶᠠᠯ ᠠᠴᠠ ᠵᠢᠭᠰᠢᠬᠦ᠂ ᠬᠤᠳᠠᠯ ᠪᠢᠴᠢᠬᠦ᠂ ᠪᠤᠰᠤᠳ  ᠤᠨ ᠵᠤᠬᠢᠶᠠᠯ ᠢ ᠬᠠᠭᠤᠯᠵᠤ ᠠᠯᠪᠠ ᠬᠠᠰᠢᠬᠤ﹀﹀ ᠵᠡᠷᠭᠡ ᠬᠠᠴᠢᠨ ᠰᠤᠨᠢᠨ ᠢᠯᠡᠷᠡᠯ ᠡᠭᠦᠰᠳᠡᠭ ᠠᠴᠠ ᠮᠠᠨ ᠤ ᠬᠡᠯᠡ ᠪᠢᠴᠢᠭ ᠤᠨ ᠪᠠᠭᠰᠢ ᠨᠠᠷ ᠤᠨ ᠰᠡᠳᠬᠢᠯ ᠤᠨ ᠡᠪᠡᠳᠴᠢᠨ᠂ ᠰᠤᠷᠤᠭᠴᠢᠳ ᠤᠨ ᠲᠤᠯᠤᠭᠠᠢ ᠶᠢ ᠮᠠᠭᠠᠵᠢᠭᠤᠯᠳᠠᠭ ᠲᠦᠪᠡᠭᠲᠡᠢ ᠠᠰᠠᠭᠤᠳᠠᠯ ᠪᠤᠯᠤᠭᠰᠠᠭᠠᠷ ᠢᠷᠡᠵᠡᠢ᠃ ᠰᠤᠷᠤᠭᠴᠢ ᠪᠢᠴᠢᠬᠦ ᠶᠠᠭᠤᠮ᠎ᠠ ᠪᠠᠨ ᠤᠯ ᠶᠠᠳᠠᠵᠤ ᠭᠠᠷ ᠨᠤᠬᠤᠯᠠᠨ ᠰᠠᠭᠤᠬᠤ ᠡᠰᠡᠭᠦᠯ᠎ᠡ ᠪᠢᠴᠢᠵᠦ ᠭᠠᠷᠭᠠᠭᠰᠠᠨ ᠵᠦᠢᠯᠡᠰ ᠨᠢ ᠬᠡᠢ ᠬᠤᠭᠤᠰᠤᠨ᠂ ᠬᠠᠭᠤᠷᠮᠠᠭ ᠵᠦᠢᠯᠡᠰ ᠢᠶᠠᠷ ᠬᠠᠭᠤᠳᠠᠰᠤ ᠳᠦᠭᠦᠷᠭᠡᠬᠦ᠂ ᠪᠤᠰᠤᠳ ᠤᠨ ᠵᠤᠬᠢᠶᠠᠯ ᠤᠨ ᠰᠢᠯᠢᠳᠡᠭ ᠰᠠᠶᠢᠬᠠᠨ ᠬᠡᠯᠡ ᠬᠡᠯᠡᠯᠭᠡ ᠠᠴᠠ ᠦᠪᠡᠷ ᠤᠨ ᠵᠤᠬᠢᠶᠠᠯ ᠳᠤ ᠪᠠᠨ ᠦᠬᠦᠮᠡᠯ ᠢᠶᠠᠷ ᠨᠦᠬᠦᠭᠡᠰᠦ ᠬᠠᠳᠠᠬᠤ ᠳᠤ ᠪᠡᠨ‌ᠦᠭᠡ ᠦᠭᠦᠯᠡᠪᠦᠷᠢ ᠨᠢ ᠨᠡᠶᠢᠴᠡᠪᠦᠷᠢ ᠦᠭᠡᠢ ᠠᠭᠤᠯᠭ᠎ᠠ ᠤᠳᠬ᠎ᠠ ᠨᠢ ᠠᠪᠤᠴᠠᠯᠳᠤᠬᠤ ᠦᠭᠡᠢ ᠪᠠᠶᠢᠵᠤ᠂ ᠤᠩᠰᠢᠭᠠᠳ ᠦᠨᠦᠷ ᠠᠮᠲᠠ ᠦᠭᠡᠢ᠂ ᠦᠵᠡᠭᠡᠳ‌ᠤᠳᠬ᠎ᠠ ᠤᠴᠢᠷ ᠦᠭᠡᠢ ᠨᠢᠭᠡᠨ ᠠᠯᠪᠠ ᠶᠢᠨ ᠲᠡᠳᠦᠢ ᠪᠢᠴᠢᠭᠰᠡᠨ ᠵᠤᠬᠢᠶᠠᠯ ᠪᠦᠲᠦᠭᠡᠯ ᠭᠠᠷᠴᠤ ᠢᠷᠡᠳᠡᠭ ᠡ᠃ ᠡᠳᠡᠭᠡᠷ ᠨᠢ ᠰᠤᠷᠤᠭᠴᠢᠳ ᠤᠨ ᠲᠦᠰᠦᠭᠡᠯᠡᠨ ᠪᠤᠳᠤᠬᠤ᠂ ᠬᠤᠯᠪᠤᠨ ᠪᠤᠳᠤᠬᠤ᠂ ᠪᠦᠲᠦᠭᠡᠯᠴᠢ ᠰᠡᠳᠬᠢᠬᠦᠢ ᠶᠢᠨ ᠴᠢᠳᠠᠪᠤᠷᠢ ᠵᠡᠷᠭᠡ ᠲᠠᠯ᠎ᠠ ᠪᠠᠷ ᠲᠤᠩ ᠲᠤᠤᠷ᠎ᠠ ᠪᠠᠶᠢᠭ᠎ᠠ ᠠᠴᠠ ᠪᠤᠯᠵᠠᠢ ᠭᠡᠵᠦ ᠤᠯᠵᠤ ᠮᠡᠳᠡᠯ᠎ᠡ᠃ ᠭᠡᠲᠡᠯ᠎ᠡ ᠰᠠᠶᠢᠨ᠎ᠠ ᠪᠠᠭᠰᠢ ᠶᠢᠨ ᠬᠢᠴᠢᠶᠡᠯ ᠤᠷᠢᠳᠠᠪᠡᠷ ᠰᠤᠷᠤᠭᠴᠢᠳ ᠢᠶᠠᠨ ᠪᠠᠶᠠᠷ ᠪᠠᠭ᠋ᠠᠳᠤᠯ ᠲᠠᠢ ᠰᠡᠳᠭᠢᠯᠭᠡ ᠶᠢᠨ ᠤᠷᠴᠢᠨ ᠳᠤ ᠵᠢᠯᠤᠭᠤᠳᠤᠨ ᠳᠠᠭᠠᠭᠤᠯᠵᠤ᠂ ᠡᠯ᠎ᠡ ᠰᠡᠷᠡᠯ  ᠤᠨ ᠡᠷᠬᠡᠲᠡᠨ ᠢ ᠨᠢ ᠠᠰᠢᠭᠯᠠᠵᠤ᠂ ᠠᠳᠠᠯᠢ ᠪᠤᠰᠤ ᠰᠡᠳᠬᠢᠯᠭᠡ ᠶᠢᠨ ᠣᠷᠴᠢᠨ ᠳᠤ ᠤᠯᠠᠨ ᠬᠡᠯᠪᠡᠷᠢ ᠶᠢᠨ ᠵᠤᠬᠢᠶᠠᠨ ᠪᠢᠴᠢᠬᠦ ᠰᠡᠳᠬᠢᠮᠵᠢ ᠶᠢ ᠰᠡᠲᠦᠵᠤ᠂ ᠤᠷᠮ᠎ᠠ ᠰᠡᠳᠬᠢᠯᠭᠡ ᠶᠢ ᠴᠢᠬᠤᠯᠴᠢᠯᠡᠵᠤ᠂ ᠨᠠᠰᠤᠨ ᠤ ᠤᠨᠴᠠᠯᠢᠭ ᠬᠢᠭᠡᠳ ᠰᠡᠳᠬᠢᠴᠡ ᠶᠢᠨ ᠤᠨᠴᠠᠯᠢᠭ ᠢ ᠨᠢ ᠰᠤᠳᠤᠯᠤᠨ ᠰᠢᠨᠵᠢᠯᠡᠵᠤ᠂ ᠭᠠᠷᠴᠠᠭ ᠰᠡᠳᠦᠪ ᠢ ᠴᠢᠯᠦᠭᠡᠲᠡᠢ ᠰᠡᠳᠬᠢᠭᠦᠯᠵᠦ᠂ ᠪᠡᠶᠡᠴᠢᠯᠡᠨ ᠲᠤᠭᠲᠠᠭᠠᠯᠭᠠᠬᠤ ᠶᠠᠪᠤᠴᠠ ᠳᠤ ᠲᠡᠳᠡᠨ ᠤ ᠬᠡᠯᠡᠨ ᠤ ᠬᠤᠷᠢᠶᠠᠩᠭᠤᠶᠢᠯᠠᠬᠤ ᠴᠢᠳᠠᠪᠤᠷᠢ ᠶᠢ ᠬᠦᠮᠦᠵᠢᠭᠦᠯᠬᠦ  ᠪᠠᠷ ᠭᠤᠤᠯᠳᠠᠯᠭ᠎ᠠ ᠪᠤᠯᠭᠠᠵᠤ᠂ ᠪᠢᠴᠢᠬᠦ ᠲᠤᠷᠠᠲᠠᠢ ᠶᠠᠭᠤᠮ᠎ᠠ ᠶᠢ ᠨᠢ ᠴᠢᠯᠤᠭᠡᠲᠡᠢ ᠰᠡᠳᠬᠢᠵᠤ ᠪᠢᠴᠢᠭᠦᠯᠬᠦ ᠶᠢ ᠰᠠᠨᠠᠭᠠᠴᠢᠯᠠᠭᠰᠠᠨ ᠪᠦᠭᠡᠳ ᠰᠤᠷᠤᠭᠴᠢᠳ ᠤᠨ ᠪᠢᠴᠢᠬᠦ ᠤᠷᠮᠠᠰ ᠢ ᠬᠦᠭᠵᠢᠭᠡᠬᠦ ᠪᠠᠷ ᠰᠠᠭᠤᠷᠢᠯᠠᠭᠰᠠᠨ ᠠᠴᠠ ᠰᠤᠷᠤᠭᠴᠢᠳ ᠤᠨ ︿︿ᠠᠯᠪᠠᠳᠠᠯᠭ᠎ᠠ ᠪᠠᠷ ᠪᠢᠴᠢᠬᠦ﹀﹀ ᠪᠤᠳᠤᠯ ᠢ ᠨᠢ ︿︿ᠬᠦᠳᠡᠯᠦᠩᠭᠦᠢ ᠪᠠᠷ ᠵᠤᠬᠢᠶᠠᠬᠤ﹀﹀ ᠲᠠᠳᠬᠠᠯ ᠪᠤᠯᠭᠠᠨ ᠬᠤᠪᠢᠷᠠᠭᠤᠯᠵᠤ ᠴᠢᠳᠠᠭᠰᠠᠨ ᠪᠠᠶᠢᠨ᠎ᠠ᠃       ᠰᠠᠶᠢᠨ᠎ᠠ ᠪᠠᠭᠰᠢ ᠶᠢᠨ ᠵᠤᠬᠢᠶᠠᠨ ᠪᠢᠴᠢᠯᠭᠡ ᠶᠢᠨ ᠬᠢᠴᠢᠶᠡᠯᠯᠡᠭᠡ ᠶᠢᠨ ︿︿ᠲᠠᠮᠢᠷ ᠤᠨ ᠬᠢᠴᠢᠶᠡᠯ ᠲᠠᠢ ᠤᠶᠠᠯᠳᠤᠭᠤᠯᠤᠭᠰᠠᠨ﹀﹀᠂ ︿︿ᠰᠢᠨᠵᠢᠯᠡᠬᠦ ᠮᠡᠷᠭᠡᠵᠢᠯ ᠤᠨ ᠬᠢᠴᠢᠶᠡᠯ ᠲᠠᠢ ᠤᠶᠠᠯᠳᠤᠭᠤᠯᠤᠭᠰᠠᠨ﹀﹀ ︿︿ᠭᠠᠷ ᠤᠷᠠᠯᠠᠯ᠂ ᠤᠷᠠᠨ ᠵᠢᠷᠤᠭ ᠤᠨ ᠬᠢᠴᠢᠶᠡᠯ ᠲᠠᠢ ᠤᠶᠠᠯᠳᠤᠭᠤᠯᠤᠭᠰᠠᠨ﹀﹀ ︿︿ᠦᠵᠡᠯ ᠰᠠᠨᠠᠭ᠎ᠠ ᠵᠠᠩ ᠮᠤᠷᠠᠯ ᠤᠨ ᠬᠢᠴᠢᠶᠡᠯ ᠲᠠᠢ ᠤᠶᠠᠯᠳᠤᠭᠤᠯᠤᠭᠰᠠᠨ﹀﹀  ᠵᠡᠷᠭᠡ ᠤᠷᠤᠯᠳᠤᠯᠭ᠎ᠠ ᠠᠴᠠ ᠬᠡᠯᠡ ᠪᠢᠴᠢᠭ ᠤᠨ ᠬᠢᠴᠢᠶᠡᠯ ᠤᠨ ᠶᠡᠷᠦᠩᠬᠡᠶᠢᠯᠡᠭᠰᠡᠨ ᠰᠤᠶᠤᠯ ᠤᠨ ᠤᠨᠴᠠᠯᠢᠭ ᠲᠠᠢ ᠪᠦᠭᠡᠳ ᠦᠢᠯᠡᠳᠦᠯᠭᠡᠳᠦ ᠴᠢᠨᠠᠷ ᠢᠶᠠᠷ ᠮᠠᠰᠢ ᠴᠢᠩᠭ᠎ᠠ᠂ ᠭᠤᠸ᠎ᠠ ᠲᠠᠭᠠᠰᠢᠶᠠᠯ ᠤᠨ ᠴᠢᠨᠠᠷ ᠲᠠᠢ ᠶᠢ ᠢᠯᠡᠷᠡᠭᠦᠯᠵᠤ ᠴᠢᠳᠠᠭᠰᠠᠨ᠃ ᠲᠡᠷᠡ ᠰᠤᠷᠤᠭᠴᠢᠳ ᠢ ᠦᠢᠯᠡᠳᠦᠯᠭᠡ ᠳᠤ ᠤᠷᠤᠯᠴᠠᠭᠤᠯᠤᠨ᠂ ᠬᠢᠴᠢᠶᠡᠯ ᠤᠨ ᠲᠠᠪᠴᠠᠩ ᠢ ᠶᠢᠷᠲᠢᠨᠴᠤ ᠶᠢᠨ ᠭᠤᠸ᠎ᠠ ᠰᠠᠶᠢᠬᠠᠨ ᠢ ᠬᠠᠶᠢᠨ ᠰᠦᠪᠡᠭᠴᠢᠯᠡᠬᠦ᠂ ᠮᠡᠳᠡᠯᠭᠡ ᠶᠢ ᠨᠢ ᠦᠷᠭᠡᠳᠬᠡᠬᠦ᠂ ᠰᠡᠳᠬᠢᠬᠦᠢ ᠶᠢ ᠨᠢ ᠲᠡᠯᠡᠬᠦ ᠲᠠᠪᠴᠠᠩ ᠪᠤᠯᠭᠠᠵᠤ᠂ ᠲᠤᠭᠯᠠᠭᠠᠮ ᠳᠤ ᠤᠬᠠᠭᠠᠨ ᠠᠭᠤᠯᠤᠭᠳᠠᠵᠤ᠂ ᠲᠤᠭᠯᠠᠭᠠᠮ ᠠᠴᠠ ᠪᠤᠯᠪᠠᠰᠤᠷᠠᠯ ᠬᠦᠷᠲᠡᠭᠡᠬᠦ᠂ ᠨᠠᠭᠠᠳᠤᠮ ᠲᠤᠭᠯᠠᠭᠠᠮ ᠪᠡ ᠤᠶᠤᠨ ᠤ ᠬᠦᠮᠦᠵᠢᠯ ᠢ ᠤᠷᠭᠠᠨᠢᠭ ᠤᠶᠠᠯᠳᠤᠭᠤᠯᠵᠤ ᠲᠤᠭᠯᠠᠭᠠᠮ ᠠᠴᠠ ᠮᠡᠳᠡᠯᠭᠡ ᠲᠠᠲᠤᠯᠭ᠎ᠠ ᠬᠦᠷᠲᠡᠭᠡᠵᠤ ᠪᠠᠶᠢᠭ᠎ᠠ᠂ ᠬᠦᠳᠡᠯᠭᠡᠭᠡᠨ ᠤᠷᠤᠯᠳᠤᠭᠠᠨ ᠢᠶᠠᠷ ᠲᠠᠮᠵᠢᠭᠤᠯᠵᠤ ᠰᠤᠷᠤᠭᠴᠢᠳ ᠤᠨ ᠪᠡᠶ᠎ᠡ ᠰᠡᠳᠬᠢᠴᠡ ᠶᠢᠨ ᠡᠷᠡᠭᠦᠯ ᠮᠡᠨᠳᠦ ᠶᠢ ᠬᠦᠮᠦᠵᠢᠭᠦᠯᠵᠤ ᠪᠠᠶᠢᠭ᠎ᠠ᠃ ᠶᠠᠭ ᠡᠶᠢᠮᠦ ᠠᠴᠠ ᠰᠠᠶᠢᠨ᠎ᠠ ᠪᠠᠭᠰᠢ ᠶᠢᠨ ᠵᠤᠬᠢᠶᠠᠨ ᠪᠢᠴᠢᠯᠭᠡ ᠶᠢᠨ ᠬᠢᠴᠢᠶᠡᠯᠯᠡᠭᠡ ᠳᠤ ᠮᠠᠰᠢ ᠤᠯᠠᠨ ᠮᠡᠳᠡᠯᠭᠡ ᠴᠢᠳᠠᠪᠤᠷᠢ ᠶᠢᠨ ᠬᠦᠮᠦᠵᠢᠯ ᠢ ᠪᠠᠭᠲᠠᠭᠠᠭᠰᠠᠨ ᠨᠢᠭᠤᠴᠠ ᠵᠤᠷ ᠬᠠᠳᠠᠭᠠᠯᠠᠭᠳᠠᠵᠤ ᠪᠠᠶᠢᠭ᠎ᠠ ᠶᠢ ᠤᠯᠵᠤ ᠬᠠᠷᠠᠯ᠎ᠠ᠃       ᠬᠦᠮᠦᠰ ᠪᠠᠭᠰᠢ ᠶᠢᠨ ᠠᠵᠢᠯ ᠢ ︿︿ᠦᠬᠡᠷ ᠲᠡᠷᠭᠡ ᠪᠠᠷ ᠲᠠᠤᠯᠠᠢ ᠬᠦᠭᠡᠭᠡᠭᠰᠡᠨ ᠦᠨᠡᠨ ᠴᠠᠭᠠᠨ ᠮᠦᠷ ᠤᠳ  ᠤᠨ ᠴᠤᠭᠯᠠᠷᠠᠯ﹀﹀ ᠭᠡᠵᠦ ᠬᠡᠯᠡᠭᠰᠡᠨ ᠪᠠᠶᠢᠳᠠᠭ᠃ ᠬᠤᠶᠢᠰᠢᠲᠠ ᠵᠢᠭᠠᠨ ᠰᠤᠷᠭᠠᠯᠲᠠ   ᠳᠤ ᠪᠡᠨ‌‍ᠰᠠᠶᠢᠨ᠎ᠠ ᠪᠠᠭᠰᠢ ᠶᠢᠨ  ᠢᠶᠠᠨ ᠵᠢᠭᠠᠨ ᠰᠤᠷᠭᠠᠯᠲᠠ ᠵᠢᠨ‌ᠤᠷ᠎ᠠ ᠮᠡᠷᠭᠡᠰᠢᠯ᠂ ᠲᠤᠷᠰᠢᠯᠭ᠎ᠠ ᠪᠤᠯᠪᠠᠰᠤᠷᠠᠯ ᠠᠴᠠ ᠲᠠᠭᠠᠨ ᠰᠤᠷᠤᠯᠴᠠᠵᠤ᠂ ᠵᠢᠭᠠᠨ ᠰᠤᠷᠭᠠᠯᠲᠠ ᠶᠢᠨ ᠶᠠᠪᠤᠴᠠ ᠳᠤ ᠪᠠᠨ ᠬᠢᠴᠢᠶᠡᠯᠯᠡᠭᠡ ᠶᠢᠨ ᠲᠤᠬᠠᠢ ᠡᠷᠢᠯᠲᠡ ᠬᠠᠶᠢᠯᠲᠠ ᠪᠡ ᠰᠢᠵᠢᠯᠡᠭᠡ ᠰᠤᠳᠤᠯᠤᠯ ᠬᠢᠵᠤ᠂ ᠠᠷᠭ᠎ᠠ ᠠᠪᠴᠠᠯ ᠢᠶᠠᠨ ᠰᠤᠷᠤᠭᠴᠢᠳ ᠤᠨ ᠤᠨᠴᠠᠯᠢᠭ ᠲᠤ ᠲᠤᠬᠢᠷᠠᠭᠤᠯᠤᠨ ᠰᠢᠨᠡᠳᠭᠡᠵᠦ᠂ ᠦᠷᠭᠦᠯᠵᠢ ᠡᠷᠭᠢᠴᠡᠭᠦᠯᠦᠯ ᠬᠢᠵᠤ ᠤᠯᠤᠯᠲᠠ ᠠᠯᠳᠠᠭᠳᠠᠯ ᠢᠶᠠᠨ ᠬᠤᠷᠢᠶᠠᠩᠭᠤᠶᠢᠯᠡᠨ ᠳ᠋ᠦᠩᠨᠡᠵᠦ᠂ ᠴᠠᠭ ᠢᠮᠠᠭᠲᠠ ᠦᠪᠡᠷ ᠢ ᠪᠠᠨ ᠱᠠᠭᠠᠷᠳᠠᠵᠤ᠂ ᠲᠤᠬᠠᠶᠢᠯᠠᠭᠰᠠᠨ ᠠᠵᠢᠯ ᠤᠨ ᠮᠡᠳᠡᠯᠭᠡ ᠴᠢᠳᠠᠪᠤᠷᠢ ᠪᠠᠨ ᠲᠡᠭᠡᠭᠰᠢᠯᠡᠭᠦᠯᠤᠨ᠂ ᠬᠢᠴᠢᠶᠡᠯᠯᠡᠭᠡ ᠶᠢᠨ ᠤᠷ᠎ᠠ ᠮᠡᠷᠭᠡᠰᠢᠯ ᠢᠶᠠᠨ ᠲᠡᠭᠦᠯᠳᠡᠷᠵᠢᠭᠦᠯᠵᠤ᠂ ︿︿ᠰᠤᠷᠬᠤ ᠳᠤ ᠪᠢᠲᠡᠬᠡᠢ ᠬᠠᠯᠠᠰᠢᠷᠠ᠂ ᠰᠤᠷᠭᠠᠬᠤ ᠳᠤ ᠪᠢᠲᠡᠬᠡᠢ ᠴᠦᠬᠦᠷᠡ﹀﹀ ᠭᠡᠳᠡᠭ ᠰᠤᠷᠭᠠᠨ ᠬᠦᠮᠦᠵᠢᠯ ᠤᠨ ᠤᠬᠠᠭᠠᠨ ᠢᠶᠠᠷ ᠠᠷᠭ᠎ᠠ ᠪᠦᠬᠦᠨ ᠢ ᠰᠦᠪᠡᠭᠴᠢᠯᠡᠨ᠂ ᠠᠴᠢᠷ ᠦᠷ᠎ᠡ᠂ ᠦᠨᠳᠦᠰᠦᠲᠡᠨ ᠶᠠᠰᠤᠲᠠᠨ ᠳᠤ ᠪᠠᠨ ᠬᠠᠷᠢᠭᠤᠴᠠᠬᠤ ᠰᠦ ᠴᠠᠭᠠᠨ ᠰᠡᠳᠬᠢᠯ ᠢᠶᠠᠷ ᠮᠤᠩᠭᠤᠯ ᠰᠤᠶᠤᠯ ᠤᠨ ᠠᠶᠠᠨ ᠤ ᠭᠠᠯ ᠳᠤ ᠲᠤᠰᠤᠯ ᠬᠦᠴᠤ ᠪᠠᠨ ᠨᠡᠮᠡᠷᠢᠯᠡᠮᠦ  ︕
 
ᠢᠷᠡᠯᠲᠡ᠄ ᠬᠤᠯᠪᠣᠭ᠎ᠠ ᠬᠤᠯᠠ ᠶᠢᠨ ᠲᠡᠷᠭᠡᠯ ᠬᠦᠳᠡᠭᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号