ᠨᠢᠭᠡ ᠳᠠᠳᠠᠭ᠎ᠠ ᠡᠷᠳᠡᠮ ᠪᠠ ᠬᠢᠬᠦ ᠶᠠᠪᠤᠴᠠ | ︵1︶ ᠪᠠᠶ᠎ᠡ ᠴᠤᠭᠴᠠ ᠴᠢᠳᠠᠯ ᠬᠦᠴᠦᠨ ᠤ ᠳᠠᠯ᠎ᠠ ᠪᠠᠷ ᠦᠨᠳᠦᠷ ᠪᠤᠭᠤᠨᠢ ᠬᠦᠮᠦᠰ ᠪᠦᠷ ᠬᠢᠵᠦ ᠪᠤᠯᠬᠤ ᠪᠦᠭᠡᠳ | ᠨᠢᠷᠤᠭᠤ ᠵᠦᠭᠡᠯᠡᠨ᠂ ᠬᠦᠳᠡᠯᠭᠡᠭᠡᠨ ᠲᠦᠷᠭᠡᠨ ᠮᠦᠷᠳᠡᠭᠡᠨ ᠲᠦᠷᠪᠡᠨ ᠮᠦᠴᠢ ᠳᠡᠭᠡᠨ ᠴᠢᠳᠠᠯ ᠲᠠᠢ ᠬᠦᠮᠦᠨ ᠳᠤ | ᠲᠤᠬᠢᠷᠠᠨ᠎ᠠ᠃ | ︵2︶ ᠪᠠᠷᠢᠴᠠ ᠪᠠᠷᠢᠬᠤ ᠳᠤ ᠳᠠᠯᠤᠮᠵᠢᠯᠠᠵᠦ ᠪᠠᠷᠢᠬᠤ᠂ ᠬᠠᠳᠠᠵᠦ ︵ᠬᠠᠨᠴᠤᠢ ᠠᠴᠠ ᠨᠢ︶ ᠪᠠᠷᠢᠬᠤ᠂ ᠪᠦᠰᠡᠳᠡᠵᠦ | ︵ᠨᠢᠭᠡ ᠭᠠᠷ ᠪᠦᠰᠡᠯᠡᠭᠡ ᠠᠴᠠ ᠪᠠᠷᠢᠵᠦ᠂ ᠨᠦᠭᠦᠭᠡ ᠭᠠᠷ ᠨᠢ ᠬᠠᠨᠴᠤᠢ ᠠᠴᠠ︶ ᠪᠠᠷᠢᠬᠤ᠂ ᠵᠦᠷᠢᠭᠦᠤ ᠳᠡᠪᠡᠷᠢᠵᠦ | ᠪᠠᠷᠢᠬᠤ᠂ ᠦᠷᠦᠭᠡᠰᠦᠨ ︵ᠨᠢᠭᠡ ᠭᠠᠷ ᠢᠶᠠᠷ ᠪᠠᠷᠢᠬᠤ︶ ᠬᠠᠨᠴᠤᠢ ᠠᠴᠠ ᠪᠠᠷᠢᠬᠤ ᠵᠡᠷᠭᠡ ᠪᠠᠶᠢᠳᠠᠭ᠃ | ︵3︶ ᠬᠢᠬᠦ ᠡᠷᠳᠡᠮ᠄ ᠳᠠᠯᠤᠮᠵᠢᠯᠠᠵᠦ ᠪᠠᠷᠢᠪᠠᠯ ᠬᠠᠭᠤᠯᠠᠵᠦ ᠳᠠᠳᠠᠵᠦ ᠪᠤᠯᠤᠨ᠎ᠠ᠂ ᠪᠦᠰᠡᠳᠡᠵᠦ ᠪᠠᠷᠢᠪᠠᠯ | ᠤᠷᠤᠨ ᠠᠴᠠ ᠪᠠᠨ ᠵᠠᠶᠢᠯᠠᠵᠦ ᠠᠯᠬᠤᠭᠠᠳ ᠤᠷᠤᠭᠰᠢ ᠳᠠᠳᠠᠵᠦ ᠪᠤᠯᠤᠨ᠎ᠠ᠂ ᠵᠦᠷᠢᠭᠦᠤ ᠳᠡᠪᠡᠷᠢᠪᠡᠯ ᠪᠠᠶ᠎ᠠ ᠪᠠᠨ | ᠤᠬᠤᠷᠢᠨ ᠨᠢᠭᠡ ᠠᠯᠬᠤᠮ ᠵᠠᠶᠢᠯᠠᠵᠦ ᠳᠠᠳᠠᠵᠦ ᠪᠤᠯᠤᠨ᠎ᠠ᠂ ᠬᠠᠳᠠᠵᠦ ᠪᠠᠷᠢᠪᠠᠯ ᠬᠤᠶᠢᠰᠢ ᠤᠬᠤᠷᠢᠭᠰᠠᠨ ᠢᠶᠠᠨ | ᠤᠷᠤᠭᠰᠢ ᠳᠠᠳᠠᠵᠦ ᠪᠤᠯᠤᠨ᠎ᠠ᠂ ᠦᠷᠦᠭᠡᠰᠦᠨ ᠬᠠᠨᠴᠤᠢ ᠠᠴᠠ ᠪᠠᠷᠢᠪᠠᠯ ᠨᠦᠭᠦᠭᠡ ᠭᠠᠷ ᠢᠶᠠᠷ ᠢᠶᠠᠨ ᠰᠤᠭᠤ ᠶᠢ ᠨᠢ | ᠴᠤᠬᠢᠵᠦ᠂ ᠴᠤᠭᠢᠭᠰᠠᠨ ᠳᠠᠯ᠎ᠠ ᠪᠠᠷ ᠢᠶᠠᠨ ᠳᠠᠳᠠᠨ᠎ᠠ᠂ ᠡᠭᠦᠨ ᠢ ︽ᠡᠯᠢᠭᠡᠨ ᠳᠠᠳᠠᠭ᠎ᠠ︾ ᠭᠡᠳᠡᠭ᠃ | ︵4︶ ᠬᠠᠷᠢᠭᠤ ᠡᠷᠳᠡᠮ᠄ ᠳᠠᠭᠠᠵᠦ ᠠᠯᠬᠤᠭᠠᠳ ᠭᠠᠷᠤᠨ᠎ᠠ᠃ | ︵5︶ ᠳᠠᠪᠬᠤᠷ ᠡᠷᠳᠡᠮ᠄ ᠳᠠᠯᠤᠮᠵᠢᠯᠠᠵᠦ ᠬᠠᠭᠤᠯᠠᠭᠰᠠᠨ ᠢ ᠳᠠᠭᠠᠭᠠᠳ ᠭᠠᠷᠪᠠᠯ ᠴᠤᠬᠢᠵᠦ ᠪᠤᠯᠤᠨ᠎ᠠ᠃ ᠪᠦᠰᠡᠳᠡᠵᠦ | ᠵᠠᠶᠢᠯᠠᠭᠰᠠᠨ ᠢ ᠳᠠᠭᠠᠭᠠᠳ ᠭᠠᠷᠪᠠᠯ ᠭᠢᠰᠭᠢᠵᠦ ᠪᠤᠯᠤᠨ᠎ᠠ᠂ ᠪᠠᠰᠠ ᠨᠦᠮᠦᠷᠢᠵᠦ ᠳᠠᠷᠤᠵᠦ ᠪᠤᠯᠤᠨ᠎ᠠ᠃ ᠵᠦᠷᠢᠭᠦᠤ | ᠳᠡᠪᠡᠷᠢᠭᠡᠳ ᠤᠷᠤᠭᠰᠢ ᠳᠠᠳᠠᠭᠰᠠᠨ ᠢ ᠳᠠᠭᠠᠭᠠᠳ ᠭᠠᠷᠪᠠᠯ ᠨᠦᠮᠦᠷᠢᠵᠦ ᠬᠢᠰᠬᠢᠵᠦ ᠪᠤᠯᠤᠨ᠎ᠠ᠂ ᠪᠠᠰᠠ ᠰᠤᠯᠢᠵᠦ | ᠬᠦᠨᠳᠡᠷᠴᠤ ᠪᠤᠯᠤᠨ᠎ᠠ᠃ ᠬᠠᠳᠠᠵᠦ ᠳᠠᠳᠠᠭᠰᠠᠨ ᠢ ᠳᠠᠭᠠᠭᠠᠳ ᠭᠠᠷᠪᠠᠯ ᠤᠷᠤᠭᠰᠢ ᠠᠯᠬᠤᠭᠠᠳ ᠭᠠᠨᠵᠤᠭᠠᠯᠠᠵᠦ | ᠪᠤᠯᠤᠨ᠎ᠠ᠃ ᠡᠯᠢᠭᠡᠨ ᠳᠠᠳᠠᠭ᠎ᠠ ᠶᠢ ᠳᠠᠭᠠᠭᠠᠳ ᠭᠠᠷᠪᠠᠯ ᠭᠢᠰᠬᠢᠵᠦ ᠪᠤᠯᠤᠨ᠎ᠠ᠂ ᠳᠡᠭᠡᠭᠡᠯᠡᠵᠦ ᠪᠤᠯᠤᠨ᠎ᠠ᠃ | ᠬᠤᠶᠠᠷ ᠬᠠᠶᠠᠭ᠎ᠠ ᠬᠦᠨᠳᠡᠷᠡᠭᠡ ᠡᠷᠳᠡᠮ ᠪᠠ ᠬᠢᠬᠦ ᠶᠠᠪᠤᠴᠠ | ︵1︶ ᠪᠡᠶ᠎ᠡ ᠴᠤᠭᠴᠠ ᠬᠦᠴᠦᠨ ᠴᠢᠳᠠᠯ ᠤᠨ ᠬᠤᠪᠢ ᠳᠤ ᠬᠦᠨᠳᠦ ᠬᠦᠩᠭᠡᠨ᠂ ᠦᠨᠳᠦᠷ ᠪᠤᠭᠤᠨᠢ ᠬᠦᠮᠦᠰ ᠪᠦᠷ | ᠪᠤᠯᠬᠤ ᠪᠦᠭᠡᠳ ᠬᠦᠳᠡᠯᠭᠡᠭᠡᠨ ᠱᠠᠯᠠᠮᠠᠭᠠᠢ ᠪᠡᠶ᠎ᠡ ᠶᠢᠨ ᠦᠶ᠎ᠡ ᠵᠦᠭᠡᠯᠡᠨ ᠤᠷᠪᠠᠴᠢᠬᠠᠨ᠂ ᠭᠠᠷ ᠤᠨ ᠬᠦᠴᠦ ᠪᠠ | ᠳᠠᠰᠢᠶᠠᠨ ᠲᠤᠯᠤᠭᠠᠢ ᠳᠠᠭᠠᠨ ᠬᠦᠴᠦ ᠲᠠᠢ ᠬᠦᠮᠦᠰ ᠲᠤ ᠲᠤᠬᠢᠷᠠᠨ᠎ᠠ᠃ | ︵2︶ ᠪᠡᠷᠢᠴᠠ ᠪᠠᠷᠢᠬᠤ᠄ ᠰᠤᠭᠤ ᠡᠯᠭᠦᠵᠦ ᠪᠠᠷᠢᠬᠤ᠂ ᠬᠦᠵᠦᠭᠦᠳᠡᠵᠦ ᠪᠠᠷᠢᠬᠤ᠂ ᠵᠠᠭᠠᠮᠳᠠᠵᠦ ᠪᠠᠷᠢᠬᠤ ᠵᠡᠷᠭᠡ ᠪᠠᠶᠢᠳᠠᠭ | ᠃ ᠰᠤᠭᠤᠳᠠᠵᠦ ᠪᠠᠷᠢᠬᠤ ᠭᠡᠳᠡᠭ ᠨᠢ ᠨᠢᠭᠡ ᠭᠠᠷ ᠰᠤᠭᠤ ᠡᠯᠭᠦᠵᠦ᠂ ᠨᠦᠭᠦᠭᠡ ᠭᠠᠷ ᠨᠢ ᠬᠠᠨᠴᠤᠢ ᠶᠢᠨ ᠦᠵᠦᠭᠦᠷ | ᠪᠠᠷᠢᠬᠤ᠂ ᠬᠦᠵᠦᠭᠦᠳᠡᠵᠦ ᠪᠠᠷᠢᠬᠤ ᠭᠡᠳᠡᠭ ᠨᠢ ᠨᠦᠭᠦᠭᠡ ᠡᠳᠡᠭᠡᠳ ᠤᠨ ᠬᠦᠵᠦᠭᠦᠤ ᠶᠢ ᠨᠢᠭᠡ ᠭᠠᠷ ᠢᠶᠠᠷ ᠪᠠᠷᠢᠵᠦ᠂ | ᠨᠦᠭᠦᠭᠡ ᠭᠠᠷ ᠢᠶᠠᠷ ᠢᠶᠠᠨ ᠬᠠᠨᠴᠤᠢ ᠠᠴᠠ ᠪᠤᠶᠤ ᠰᠡᠨᠴᠢᠭᠯᠡᠵᠦ ᠪᠠᠷᠢᠬᠤ᠂ ᠵᠠᠭᠠᠮᠳᠠᠵᠦ ᠪᠠᠷᠢᠬᠤ ᠭᠡᠳᠡᠭ ᠨᠢ ᠨᠢᠭᠡ | ᠭᠠᠷ ᠢᠶᠠᠷ ᠵᠤᠲᠤᠭ ᠤᠨ ᠵᠠᠭᠠᠮ᠎ᠠ ᠠᠴᠠ ᠢᠷᠠᠵᠦ ᠪᠠᠷᠢᠬᠤ᠂ ᠨᠦᠭᠦᠭᠡ ᠭᠠᠷ ᠢᠶᠠᠷ ᠢᠶᠠᠨ ᠬᠠᠨᠴᠤᠢ ᠶᠢᠨ | ᠦᠵᠦᠭᠦᠷ ᠠᠴᠠ ᠪᠠᠷᠢᠬᠤ ᠵᠡᠷᠭᠡ ᠪᠤᠯᠤᠨ᠎ᠠ᠃ | ︵3︶ ᠬᠢᠬᠦ ᠡᠷᠳᠡᠮ᠄ ᠬᠠᠶᠠᠭ᠎ᠠ ᠬᠦᠨᠳᠡᠷᠡᠭᠡ ᠪᠤᠯᠤᠨ᠎ᠠ᠂ ᠲᠤᠰ ᠡᠷᠳᠡᠮ ᠢ ᠬᠢᠬᠦ ᠳᠤ ᠰᠤᠭᠤᠳᠠᠵᠦ ᠠᠪᠤᠪᠠᠯ ᠨᠢᠭᠡ | ᠬᠦᠯ ᠢᠶᠠᠨ ᠬᠤᠶᠢᠰᠢ ᠠᠯᠬᠤᠵᠦ᠂ ᠨᠦᠭᠦᠭᠡ ᠬᠦᠯ ᠢᠶᠠᠨ ᠠᠯᠬᠤᠮᠠᠭᠴᠠ ᠡᠰᠡᠷᠭᠦ ᠡᠳᠡᠭᠡᠳ ᠢᠶᠠᠨ ᠠᠷᠤ ᠵᠦᠭ ᠨᠢ | ᠳᠠᠳᠠᠭᠰᠠᠨ ᠢᠶᠠᠨ ᠴᠡᠭᠡᠵᠢ ᠪᠠᠨ ᠡᠷᠭᠢᠭᠡᠳ ᠬᠦᠨᠳᠡᠷᠡᠨᠡ᠂ ᠬᠦᠵᠦᠭᠦᠳᠡᠵᠦ ᠠᠪᠤᠪᠠᠯ ᠬᠤᠶᠢᠰᠢ ᠨᠢᠭᠡ ᠠᠯᠬᠤᠮ | ᠤᠬᠤᠷᠢᠵᠦ᠂ ᠨᠦᠭᠦᠭᠡ ᠬᠦᠯ ᠢᠶᠠᠨ ᠤᠷᠤᠭᠰᠢ ᠠᠯᠬᠤᠭᠰᠠᠨ ᠢᠶᠠᠨ ᠡᠰᠡᠷᠭᠦ ᠡᠳᠡᠭᠡᠳ ᠢᠶᠠᠨ ᠠᠷᠤ ᠵᠦᠭ ᠨᠢ ᠳᠠᠳᠠᠵᠦ | ᠴᠡᠭᠡᠵᠢ ᠪᠠᠨ ᠡᠷᠭᠢᠭᠡᠳ ᠬᠦᠨᠳᠡᠷᠡᠨᠡ᠂ ᠵᠠᠭᠠᠮᠳᠠᠵᠦ ᠠᠪᠤᠭᠠᠳ ᠬᠦᠨᠳᠡᠷᠡᠬᠦ ᠨᠢ ᠮᠦᠨ ᠰᠤᠭᠤ ᠡᠯᠭᠦᠬᠦ ᠬᠦᠨᠳᠡᠷᠡᠭᠡ | ᠲᠠᠢ ᠠᠳᠠᠯᠢ ᠬᠦᠳᠡᠯᠭᠡᠭᠡᠨ ᠢᠶᠠᠷ ᠶᠠᠪᠤᠭᠳᠠᠳᠠᠭ ᠶᠤᠮ᠃ | ︵4︶ ᠬᠠᠷᠢᠭᠤ ᠡᠷᠳᠡᠮ᠄ ᠬᠦᠨᠳᠡᠷᠡᠭᠦ ᠦᠶ᠎ᠡ ᠰᠦᠪᠡᠭᠡ ᠶᠢ ᠨᠢ ᠲᠤᠯᠵᠦ ᠤᠷᠤᠭᠰᠢ ᠠᠯᠬᠤᠵᠦ ᠭᠠᠷᠴᠤ ᠪᠤᠯᠤᠨ᠎ᠠ᠃ | ᠭᠤᠷᠪᠠ ᠡᠯᠭᠦᠭᠡ ᠡᠷᠳᠡᠮ ᠪᠠ ᠬᠢᠬᠦ ᠶᠠᠪᠤᠴᠠ | ᠡᠯᠭᠦᠭᠡ ᠡᠷᠳᠡᠮ ᠪᠤᠯ ᠬᠤᠶᠠᠷ ᠬᠢᠴᠡ ᠲᠠᠢ ᠪᠠᠶᠢᠳᠠᠭ᠂ ᠭᠠᠳᠠᠷ ᠡᠯᠭᠦᠭᠡ ᠪᠤᠶᠤ ᠲᠤᠳᠤᠷ ᠡᠯᠭᠦᠭᠡ ᠭᠡᠵᠦ | ᠢᠯᠭᠠᠬᠤ ᠪᠦᠭᠡᠳ ᠲᠤᠲᠤᠷ ᠡᠯᠭᠦᠭᠡ ᠶᠢ ᠰᠡᠭᠡᠷ ᠡᠯᠭᠦᠭᠡ ᠭᠡᠬᠦ ᠪᠤᠶᠤ ᠫᠠᠰᠠ ᠴᠤ ᠭᠡᠳᠡᠭ ᠶᠤᠮ᠃ | ︵1︶ ᠪᠡᠶ᠎ᠡ ᠴᠢᠳᠠᠯ ᠤᠨ ᠬᠤᠪᠢ ᠳᠤ᠂ ᠰᠤᠯᠠ ᠴᠤᠭᠴᠠ ᠲᠠᠢ᠂ ᠬᠤᠶᠠᠷ ᠭᠠᠷ ᠪᠤᠶᠤ ᠳᠠᠰᠢᠶᠠᠨ ᠲᠤᠯᠤᠭᠠᠢ ᠳᠠᠭᠠᠨ | ᠴᠢᠳᠠᠯ ᠬᠦᠴᠦ ᠲᠠᠢ ᠬᠦᠮᠦᠨ ᠳᠤ ᠲᠤᠬᠢᠷᠠᠨ᠎ᠠ᠃ | ︵2︶ ᠪᠠᠷᠢᠴᠠ ᠪᠠᠷᠢᠬᠤ᠄ ᠬᠠᠨᠴᠤᠢ ᠶᠢᠨ ᠦᠵᠦᠭᠦᠷ ᠠᠴᠠ ᠪᠠᠷᠢᠬᠤ᠂ ᠵᠠᠭᠠᠮᠳᠠᠵᠦ ᠪᠠᠷᠢᠬᠤ ᠵᠡᠷᠭᠡ ᠪᠠᠶᠢᠳᠠᠭ᠂ | ᠬᠠᠨᠴᠤᠶᠢᠳᠠᠬᠤ ᠭᠡᠳᠡᠭ ᠨᠢ ᠨᠢᠭᠡ ᠭᠠᠷ ᠢᠶᠠᠷ ᠢᠶᠠᠨ ᠬᠠᠨᠴᠤᠢ ᠠᠴᠠ ᠨᠢ ᠪᠠᠷᠢᠵᠦ᠂ ᠨᠦᠭᠦᠭᠡ ᠭᠠᠷ ᠢᠶᠠᠷ ᠢᠶᠠᠨ | ᠳᠠᠯᠠᠮᠵᠢᠯᠠᠵᠦ ᠢᠷᠠᠵᠦ ᠪᠠᠷᠢᠳᠠᠭ᠂ ᠵᠠᠭᠠᠮᠳᠠᠵᠦ ᠪᠠᠷᠢᠬᠤ ᠭᠡᠳᠡᠭ ᠨᠢ ᠨᠢᠭᠡ ᠭᠠᠷ ᠢᠶᠠᠨ ᠵᠠᠭᠠᠮ᠎ᠠ ᠠᠴᠠ ᠨᠢ | ᠳᠠᠯᠠᠮᠵᠢᠯᠠᠵᠦ ᠪᠠᠷᠢᠨ ᠨᠦᠭᠦᠭᠡ ᠭᠠᠷ ᠢᠶᠠᠷ ᠢᠶᠠᠨ ᠬᠠᠨᠴᠤᠢ ᠶᠢᠨ ᠦᠵᠦᠭᠦᠷ ᠢ ᠪᠠᠷᠢᠳᠠᠭ ᠶᠤᠮ᠃ | ︵3︶ ᠡᠷᠳᠡᠮ ᠬᠢᠭ᠊ ᠤ᠋᠄ ᠬᠠᠨᠴᠤᠶᠢᠳᠠᠵᠦ ᠪᠠᠷᠢᠪᠠᠯ ᠡᠯᠢᠭᠡᠯᠡᠵᠦ ᠴᠤᠬᠢᠨ᠎ᠠ᠃ ᠡᠯᠢᠭᠡᠯᠡᠵᠦ ᠴᠤᠬᠢᠬᠤ ᠳᠠᠭᠠᠨ ᠴᠡᠭᠡᠵᠢ ᠪᠠᠨ | ᠡᠷᠭᠢᠭᠰᠡᠨ ᠢᠶᠠᠨ ᠬᠦᠯ ᠢᠶᠠᠨ ᠤᠬᠤᠷᠢᠨ ᠵᠠᠶᠢᠯᠠᠵᠦ ᠡᠯᠭᠦᠭᠡ ᠡᠷᠳᠡᠮ ᠢᠶᠠᠨ ᠬᠢᠳᠡᠭ᠂ ᠵᠠᠭᠠᠮᠳᠠᠵᠦ ᠪᠠᠷᠢᠪᠠᠯ ᠢᠷᠠᠵᠦ | ᠴᠤᠬᠢᠳᠠᠭ᠂ ᠢᠷᠠᠵᠦ ᠴᠤᠬᠢᠬᠤ ᠳᠠᠭᠠᠨ ᠡᠰᠡᠷᠭᠦ ᠡᠳᠡᠭᠡᠳ ᠢᠶᠠᠨ ᠤᠷᠤᠭᠰᠢ ᠠᠯᠬᠤᠭᠠᠳ ᠦᠰᠦᠭᠡᠢ ᠠᠴᠠ ᠨᠢ | ᠴᠤᠬᠢᠵᠦ ᠡᠯᠭᠦᠭᠡ ᠡᠷᠳᠡᠮ ᠢᠶᠠᠨ ᠬᠢᠳᠡᠭ ᠶᠤᠮ᠃ | ︵4︶ ᠬᠠᠷᠢᠭᠤ ᠡᠷᠳᠡᠮ᠄ ᠡᠷᠳᠡᠮ ᠬᠢᠭᠳᠡᠭᠰᠡᠨ ᠬᠦᠯ ᠢᠶᠠᠨ ᠡᠷᠭᠦᠵᠦ ᠦᠭᠭᠦᠭᠡᠳ ᠬᠤᠷᠳᠤᠨ ᠬᠦᠳᠡᠯᠭᠡᠭᠡᠨ ᠤ ᠳᠠᠳᠠᠭ᠎ᠠ | ᠬᠢᠵᠦ ᠶᠡᠭᠦᠯᠡᠳᠡᠭ᠃ | ︵5︶ ᠳᠠᠪᠬᠤᠷ ᠡᠷᠳᠡᠮ᠄ ᠳᠠᠳᠠᠭ᠎ᠠ ᠡᠷᠳᠡᠮ ᠬᠢᠨ᠎ᠠ᠃ | ᠲᠦᠷᠪᠡ ᠤᠳᠬᠤᠭ᠎ᠠ ᠡᠷᠳᠡᠮ ᠪᠠ ᠬᠢᠬᠦ ᠶᠠᠪᠤᠴᠠ | ᠤᠳᠬᠤᠭ᠎ᠠ ᠡᠷᠳᠡᠮ ᠢ ᠦᠵᠦᠮᠦᠴᠢᠨ ᠪᠦᠬᠡᠴᠤᠳ ᠦᠷᠭᠡᠨ ᠪᠦᠭᠡᠳ ᠳᠠᠳᠮᠠᠭᠠᠢ ᠬᠡᠷᠡᠭᠯᠡᠳᠡᠭ ᠪᠦᠬᠡ ᠶᠢᠨ | ᠡᠷᠳᠡᠮ ᠤᠨ ᠭᠤᠤᠯ ᠬᠢᠴᠡ ᠪᠤᠯᠬᠤ ᠶᠤᠮ᠂ ᠮᠦᠨᠴᠦ ᠤᠯᠠᠨ ᠵᠦᠢᠯ ᠢᠶᠠᠷ ᠤᠯᠠᠷᠢᠭᠤᠯᠤᠨ ᠬᠡᠷᠡᠭᠯᠡᠵᠦ ᠪᠤᠯᠳᠠᠭ᠃ | | ︵1︶ ᠭᠤᠤᠯᠳᠠᠭᠤ ᠪᠡᠶ᠎ᠡ ᠳᠡᠭᠡᠨ ᠳᠠᠩᠴᠡᠭᠦᠤ ᠬᠦᠴᠦᠳᠠᠢ᠂ ᠬᠤᠷᠳᠤᠨ ᠱᠠᠯᠠᠮᠠᠭᠠᠢ ᠬᠦᠳᠡᠯᠭᠡᠭᠡᠨ ᠲᠠᠢ ᠶᠠᠮᠠᠷ ᠴᠤ | ᠬᠦᠮᠦᠨ ᠳᠤ ᠲᠤᠬᠢᠷᠠᠳᠠᠭ᠃ | ︵2︶᠂ ᠪᠠᠷᠢᠴᠠ ᠪᠠᠷᠢᠬᠤ᠄ ᠬᠠᠳᠠᠵᠦ ︵ᠬᠠ ᠠᠴᠠ︶ ᠪᠠᠷᠢᠬᠤ᠂ ᠪᠦᠰᠡᠳᠡᠵᠦ ᠪᠠᠷᠢᠬᠤ᠂ ᠬᠦᠵᠦᠭᠦᠪᠴᠢᠯᠡᠵᠦ ᠪᠠᠷᠢᠬᠤ᠂ | ᠭᠠᠷ ᠳᠡᠪᠡᠷᠢᠵᠦ ᠪᠠᠷᠢᠬᠤ᠂ ᠳᠠᠯᠠᠪᠴᠢᠯᠠᠵᠦ ᠪᠠᠷᠢᠬᠤ᠂ ᠰᠤᠭᠤᠪᠴᠢᠯᠠᠵᠦ ᠪᠠᠷᠢᠬᠤ᠂ ᠵᠦᠷᠢᠭᠦᠤ ᠳᠡᠪᠡᠷᠢᠵᠦ ᠪᠠᠷᠢᠬᠤ᠂ | ᠵᠠᠭᠠᠮᠳᠠᠵᠦ ᠪᠠᠷᠢᠬᠤ᠂ ᠳᠠᠯ᠎ᠠ ᠪᠤᠯᠢᠶᠠᠵᠦ ᠪᠠᠷᠢᠬᠤ ᠵᠡᠷᠭᠡ ᠪᠠᠶᠢᠳᠠᠭ᠃ | ︵3︶ ᠡᠷᠳᠡᠮ ᠬᠢᠬᠦ᠄ ᠬᠠᠳᠠᠵᠦ ᠪᠠᠷᠢᠪᠠᠯ ᠳᠡᠭᠡᠭᠰᠢ ᠡᠷᠭᠦᠵᠦ᠂ ᠰᠠᠭᠤᠬᠤ ᠬᠦᠴᠦᠨ ᠳᠤᠨᠢ ᠳᠠᠷᠤᠵᠦ ᠤᠳᠬᠤᠬᠤ᠂ | ᠪᠦᠰᠡᠳᠡᠵᠦ ᠪᠠᠷᠢᠪᠠᠯ ᠭᠠᠷ ᠢ ᠨᠢ ᠠᠯᠳᠠᠭᠤᠯᠤᠨ ᠳᠠᠳᠠᠵᠦ ᠪᠤᠴᠠᠭᠤᠯᠤᠨ ᠤᠳᠬᠤᠬᠤ᠂ ᠬᠦᠵᠦᠭᠦᠪᠴᠢᠯᠡᠵᠦ ᠪᠠᠷᠢᠪᠠᠯ | ᠳᠠᠳᠠᠵᠦ ᠪᠠᠶᠢᠭᠠᠳ ᠲᠦᠯᠬᠢᠬᠦ ᠳᠠᠰᠢᠷᠠᠮ ᠳᠤ ᠤᠳᠬᠤᠬᠤ᠂ ᠭᠠᠷ ᠳᠡᠪᠡᠷᠢᠵᠦ ᠪᠠᠷᠢᠪᠠᠯ ᠡᠯᠢᠭᠡᠯᠡᠵᠦ ᠪᠠᠶᠢᠭᠠᠳ | ᠤᠳᠬᠤᠬᠤ᠂ ᠳᠠᠯᠠᠪᠴᠢᠯᠠᠵᠦ ᠪᠠᠷᠢᠪᠠᠯ ᠳᠠᠳᠠᠵᠦ ᠴᠦᠮᠦᠷᠢᠵᠦ ᠢᠷᠡᠭᠰᠡᠨ ᠬᠦᠯ ᠢ ᠨᠢ ᠤᠳᠬᠤᠬᠤ᠂ ᠰᠤᠭᠤᠪᠴᠢᠯᠠᠵᠦ | ᠪᠠᠷᠢᠪᠠᠯ ᠭᠠᠷ ᠢᠶᠠᠷ ᠬᠦᠴᠦᠯᠡᠨ ᠳᠠᠷᠤᠵᠦ ᠤᠳᠬᠤᠭᠠᠳ ᠪᠠᠶ᠎ᠡ ᠪᠠᠷ ᠢᠶᠠᠨ ᠳᠠᠷᠤᠨ᠎ᠠ᠃ ᠵᠦᠷᠢᠭᠦᠤ ᠳᠡᠪᠡᠷᠢᠵᠦ ᠪᠠᠷᠢᠪᠠᠯ | ᠳᠠᠭᠠᠷᠢᠭᠰᠠᠨ ᠬᠦᠴᠦᠨ ᠢᠶᠠᠷ ᠬᠤᠷᠳᠤᠨ ᠤᠳᠬᠤᠵᠦ ᠠᠰᠯᠠᠨ ᠲᠦᠯᠬᠢᠨ᠎ᠡ᠂ ᠵᠠᠭᠠᠮᠳᠠᠵᠦ ᠪᠠᠷᠢᠪᠠᠯ ᠲᠤᠭᠳᠤᠷᠴᠤ | ᠤᠳᠬᠤᠨ᠎ᠠ᠂ ᠰᠤᠯᠠᠳᠠᠪᠠᠯ ᠳᠠᠭᠠᠵᠦ ᠲᠦᠯᠬᠢᠨ᠎ᠡ᠂ ᠳᠠᠯ᠎ᠠ ᠪᠤᠯᠢᠶᠠᠵᠦ ᠪᠠᠷᠢᠪᠠᠯ ᠲᠤᠬᠤᠢ ᠪᠠᠨ ᠴᠡᠭᠡᠵᠢᠨ ᠳᠤ | ᠳᠠᠭᠠᠷᠠᠭᠤᠯᠤᠨ ᠭᠦᠰᠢᠵᠦ ᠠᠯᠬᠤᠭᠤᠯᠤᠨ ᠤᠳᠬᠤᠨ᠎ᠠ᠃ | ︵4︶ ᠬᠠᠷᠢᠭᠤ ᠡᠷᠳᠡᠮ᠄ ᠬᠠᠳᠠᠭᠰᠠᠨ ᠤᠳᠬᠤᠭ᠎ᠠ ᠶᠢ ᠤᠳᠬᠤᠭᠳᠠᠭᠰᠠᠨ ᠬᠦᠯ ᠢᠶᠠᠨ ᠵᠢᠭᠢᠵᠦ᠂ ᠡᠰᠡᠷᠭᠦ | ᠡᠳᠡᠭᠡᠳ ᠤᠨ ᠵᠤᠭᠰᠤᠭᠰᠠᠨ ᠬᠦᠯ ᠢ ᠴᠤᠬᠢᠨ᠎ᠠ᠂ ᠪᠦᠰᠡᠳᠡᠭᠰᠡᠨ ᠤᠳᠬᠤᠭ᠎ᠠ ᠶᠢ ᠶᠡᠭᠦᠯᠡᠵᠦ ᠪᠤᠯᠤᠨ᠎ᠠ᠂ | ᠬᠦᠵᠦᠭᠦᠪᠴᠢᠯᠡᠭᠰᠡᠨ ᠤᠳᠬᠤᠭ᠎ᠠ ᠶᠢ ᠰᠤᠯᠠ ᠬᠦᠯ ᠢᠶᠠᠨ ᠬᠦᠳᠡᠯᠭᠡᠬᠦ ᠦᠭᠡᠢ ᠪᠠᠶᠢᠵᠦ᠂ ᠲᠦᠯᠬᠢᠬᠦ ᠶᠢᠨ ᠳᠠᠭᠠᠤ | ᠪᠤᠰᠴᠤ ᠶᠡᠭᠦᠯᠡᠵᠦ ᠪᠤᠯᠤᠨ᠎ᠠ᠂ ᠭᠠᠷ ᠳᠡᠪᠡᠷᠢᠭᠰᠡᠨ ᠤᠳᠬᠤᠭ᠎ᠠ ᠶᠢ ᠶᠡᠭᠦᠯᠡᠵᠦ ᠪᠤᠯᠤᠨ᠎ᠠ᠂ ᠳᠠᠯᠠᠪᠴᠢᠯᠠᠵᠦ ᠪᠠᠷᠢᠭᠰᠠᠨ | ᠤᠳᠬᠤᠭ᠎ᠠ ᠶᠢ ᠴᠡᠭᠡᠵᠢ ᠪᠠᠨ ᠪᠤᠰᠬᠠᠬᠤ ᠲᠠᠢ ᠵᠡᠷᠭᠡ ᠶᠡᠭᠦᠯᠡᠨ᠎ᠡ᠂ ᠰᠤᠯᠠ ᠭᠠᠷ ᠢᠶᠠᠷ ᠰᠤᠭᠤ ᠠᠴᠠ ᠨᠢ ᠠᠯᠠᠭᠠᠳᠠᠵᠦ | ᠦᠭᠭᠦᠨ᠎ᠡ᠂ ᠰᠤᠭᠤᠪᠴᠢᠯᠠᠵᠦ ᠪᠠᠷᠢᠭᠰᠠᠨ ᠤᠳᠬᠤᠭ᠎ᠠ ᠶᠢ ᠤᠳᠬᠤᠭᠳᠠᠭᠰᠠᠨ ᠬᠦᠯ ᠢᠶᠠᠨ ᠬᠤᠷᠳᠤᠨ ᠠᠰ ᠢᠰᠭᠦᠯᠵᠦ | ᠨᠤᠮᠳᠠᠵᠦ ᠳᠠᠷᠤᠨ᠎ᠠ᠂ ᠵᠦᠷᠢᠭᠦᠤ ᠳᠡᠪᠡᠷᠢᠭᠰᠡᠨ ᠤᠳᠬᠤᠭ᠎ᠠ ᠶᠢ ᠴᠡᠭᠡᠵᠢ ᠪᠠᠨ ᠡᠷᠭᠢᠨ ᠶᠡᠭᠦᠯᠡᠵᠦ ᠪᠤᠯᠤᠨ᠎ᠠ᠃ | ᠳᠠᠪᠤ ᠠᠴᠢᠶ᠎ᠠ ᠡᠷᠳᠡᠮ ᠪᠠ ᠬᠢᠬᠦ ᠶᠠᠪᠤᠴᠠ | ᠠᠴᠢᠶ᠎ᠠ ᠡᠷᠳᠡᠮ ᠪᠤᠯ ᠦᠵᠦᠮᠦᠴᠢᠨ ᠪᠦᠬᠡᠴᠤᠳ ᠤᠨ ᠦᠯᠡᠮᠵᠢ ᠬᠡᠷᠡᠭᠯᠡᠳᠡᠭ ᠦᠨᠳᠤᠰᠤᠨ ᠮᠡᠷᠭᠡᠵᠢᠯ ᠤᠨ ᠨᠢᠭᠡ | ᠪᠤᠯᠤᠨ᠎ᠠ᠂ ᠡᠨᠡ ᠨᠢ ᠮᠦᠨ ᠤᠯᠠᠨ ᠵᠦᠢᠯ ᠢᠶᠠᠷ ᠤᠯᠠᠷᠢᠵᠦ ᠬᠤᠪᠢᠷᠠᠵᠦ ᠪᠤᠯᠳᠠᠭ ᠶᠤᠮ᠂ ᠠᠴᠢᠶ᠎ᠠ ᠶᠢ ᠬᠢᠬᠦ ᠳᠤ | ᠪᠠᠰᠠ ᠳᠡᠭᠡᠷ᠎ᠡ ᠠᠴᠢᠬᠤ᠂ ᠲᠤᠤᠷ᠎ᠠ ᠠᠴᠢᠬᠤ ᠭᠡᠵᠦ ᠢᠯᠭᠠᠳᠠᠭ ᠪᠦᠭᠡᠳ ᠤᠯᠠᠨ ᠪᠠᠷᠢᠴᠠ ᠲᠠᠢ ᠪᠠᠶᠢᠳᠠᠭ ᠶᠤᠮ᠃ | | ︵1︶ ᠲᠦᠷᠪᠡᠨ ᠮᠦᠴᠡ ᠶᠢᠨ ᠴᠢᠳᠠᠯ ᠬᠦᠴᠦ ᠲᠠᠢ ᠪᠦᠭᠡᠳ ᠬᠦᠳᠡᠯᠭᠡᠭᠡᠨ ᠰᠢᠭᠤᠷᠮᠠᠭ ᠬᠦᠮᠦᠨ ᠳᠤ ᠲᠤᠬᠢᠷᠠᠨ᠎ᠠ᠃ | | ︵2︶ ᠪᠠᠷᠢᠴᠠ ᠪᠠᠷᠢᠬᠤ᠄ ᠳᠠᠯᠠᠪᠴᠢᠯᠠᠵᠦ ︵ᠲᠦᠷᠪᠡᠯᠵᠢᠯᠡᠵᠦ︶ ᠪᠠᠷᠢᠬᠤ᠂ ᠪᠦᠰᠡᠳᠡᠵᠦ ᠪᠠᠷᠢᠬᠤ᠂ ᠵᠦᠷᠢᠭᠦᠤ | ᠳᠡᠪᠡᠷᠢᠵᠦ ᠪᠠᠷᠢᠬᠤ᠂ ᠬᠦᠵᠦᠭᠦᠪᠴᠢᠯᠡᠵᠦ ᠪᠠᠷᠢᠬᠤ᠂ ᠰᠤᠭᠤᠪᠴᠢᠯᠠᠵᠦ ᠪᠠᠷᠢᠬᠤ᠂ ᠬᠦᠰᠢᠵᠦ ᠪᠠᠷᠢᠬᠤ᠂ ᠰᠤᠭᠤ | ᠡᠯᠭᠦᠵᠦ ᠪᠠᠷᠢᠬᠤ᠂ ᠭᠠᠷ ᠳᠡᠪᠡᠷᠢᠵᠦ ᠪᠠᠷᠢᠬᠤ᠂ ᠵᠠᠭᠠᠮᠳᠠᠵᠦ ᠪᠠᠷᠢᠬᠤ᠂ ᠳᠡᠭᠡᠭᠦᠷ ᠪᠠᠷᠢᠬᠤ ᠵᠡᠷᠭᠡ ᠪᠠᠶᠢᠳᠠᠭ᠃ | | ︵3︶ ᠡᠷᠳᠡᠮ ᠬᠢᠬᠦ᠄ ᠳᠠᠯᠠᠪᠴᠢᠯᠠᠵᠦ ᠪᠠᠷᠢᠪᠠᠯ ᠳᠠᠰᠢᠶ᠎ᠠ ᠪᠠᠷ ᠢᠶᠠᠨ ᠳᠠᠪᠰᠢᠨ ᠤᠷᠤᠵᠦ ᠡᠪᠦᠳᠦᠭ ᠤᠨ ᠦᠶ᠎ᠡ ᠶᠢᠨ | ᠳᠡᠭᠡᠭᠦᠷ ᠳᠠᠯᠪᠢᠵᠦ ᠠᠴᠢᠨ᠎ᠠ᠂ ᠪᠦᠰᠡᠳᠡᠵᠦ ᠪᠠᠷᠢᠪᠠᠯ ᠭᠠᠷ ᠤᠨ ᠭᠦᠴᠦᠨ ᠢᠶᠠᠨ ᠲᠦᠪᠯᠡᠷᠡᠭᠦᠯᠦᠨ ᠲᠤᠭᠳᠤᠷᠴᠤ᠂ | ᠡᠪᠦᠳᠦᠭ ᠠᠴᠠ ᠳᠡᠭᠡᠭᠦᠷ ᠳᠠᠯᠪᠢᠵᠦ ᠠᠴᠢᠨ ᠴᠡᠭᠡᠵᠢ ᠪᠠᠨ ᠭᠦᠢᠴᠡᠳ ᠡᠷᠭᠢᠨ᠎ᠡ᠂ ᠵᠦᠷᠢᠭᠦᠤ ᠳᠡᠪᠡᠷᠢᠪᠡᠯ ᠡᠰᠡᠷᠭᠦ | ᠡᠳᠡᠭᠡᠳ ᠢᠶᠠᠨ ᠰᠤᠴᠢᠭᠠᠭᠰᠠᠨ ᠢᠶᠠᠨ ᠡᠪᠦᠳᠦᠭ ᠤᠨ ᠦᠶ᠎ᠡ ᠪᠠᠷ ᠠᠴᠢᠵᠦ ᠪᠤᠯᠤᠨ᠎ᠠ᠂ ᠪᠠᠰᠠ ᠰᠤᠭᠤ ᠶᠢᠨ ᠲᠤᠭᠤᠤᠷ | ᠪᠠᠷᠢᠭᠰᠠᠨ ᠭᠠᠷ ᠢ ᠳᠠᠰᠢᠶᠠᠨ ᠲᠤᠯᠤᠭᠠᠢ ᠶᠢᠨ ᠠᠷᠤ ᠠᠴᠠ ᠪᠤᠶᠤ ᠳᠡᠭᠡᠭᠰᠢ ᠪᠠᠨ ᠰᠣᠭᠤ ᠶᠢ ᠡᠯᠭᠦᠮᠡᠭᠴᠡ ᠠᠴᠢᠵᠦ | ᠪᠤᠯᠳᠠᠭ᠂ ᠰᠤᠭᠤᠪᠴᠢᠯᠠᠵᠦ ᠪᠠᠷᠢᠪᠠᠯ ᠤᠬᠤᠷᠢᠵᠦ ᠳᠠᠳᠠᠵᠦ ᠵᠠᠶᠢᠯᠠᠭᠠᠳ ᠤᠷᠤᠭᠰᠢ ᠪᠠᠨ ᠳᠠᠪᠰᠢᠨ ᠡᠪᠦᠳᠦᠭ ᠳᠡᠭᠡᠭᠦᠷ | ᠳᠠᠯᠪᠢᠵᠦ ᠠᠴᠢᠨ᠎ᠠ᠂ ᠬᠦᠵᠦᠭᠦᠪᠴᠢᠯᠡᠵᠦ ᠪᠠᠷᠢᠪᠠᠯ ᠬᠤᠶᠠᠷ ᠭᠠᠷ ᠤᠨ ᠪᠠᠷᠢᠴᠠ ᠪᠠᠷ ᠴᠡᠭᠡᠵᠢ ᠶᠢ ᠨᠢ ᠬᠦᠳᠡᠯᠭᠡᠬᠦ | ᠦᠭᠡᠢ ᠪᠤᠯᠭᠠᠨ᠂ ᠡᠪᠦᠳᠦᠭ ᠤᠨ ᠳᠡᠭᠡᠭᠦᠷ ᠲᠠᠯᠪᠢᠵᠦ ᠠᠴᠢᠨ᠎ᠠ᠂ ᠰᠣᠭᠤ ᠡᠯᠭᠦᠵᠦ ᠪᠠᠷᠢᠪᠠᠯ ᠴᠡᠭᠡᠵᠢ ᠪᠠᠨ ᠵᠠᠶᠢᠯᠠᠨ᠂ | ᠭᠠᠳᠠᠷ ᠳᠠᠯ᠎ᠠ ᠶᠢᠨ ᠬᠦᠯ ᠢᠶᠠᠨ ᠠᠷᠤᠨᠰᠢ ᠪᠠᠨ ᠪᠠᠭ᠎ᠠ ᠠᠯᠬᠤᠭᠠᠳ ᠡᠪᠦᠳᠦᠭ ᠪᠤᠶᠤ ᠲᠡᠭᠦᠨ ᠠᠴᠠ ᠳᠡᠭᠡᠭᠦᠷ ᠰᠢᠭ | ᠳᠠᠯᠪᠢᠵᠦ ᠠᠴᠢᠨ᠎ᠠ᠂ ᠬᠦᠰᠢᠵᠦ ᠪᠠᠷᠢᠪᠠᠯ ᠳᠠᠳᠠᠭᠰᠠᠨ ᠢᠶᠠᠨ ᠴᠡᠭᠡᠵᠢ ᠪᠠᠨ ᠭᠦᠢᠴᠡᠳ ᠡᠷᠭᠢᠨ ᠡᠪᠦᠳᠦᠭ ᠳᠡᠭᠡᠭᠦᠷ | ᠳᠠᠯᠪᠢᠵᠦ ᠠᠴᠢᠨ᠎ᠠ᠂ ᠭᠠᠷ ᠳᠡᠪᠡᠷᠢᠵᠦ ᠪᠠᠷᠢᠪᠠᠯ ᠳᠡᠭᠡᠭᠰᠢ ᠪᠠᠨ ᠰᠡᠵᠢᠵᠦ ᠬᠠᠶᠠᠭᠠᠳ ᠭᠠᠳᠠᠷ ᠳᠠᠯ᠎ᠠ ᠶᠢᠨ ᠬᠦᠯ ᠢᠶᠠᠨ | ᠠᠷᠤᠨᠰᠢ ᠪᠠᠨ ᠠᠯᠬᠤᠵᠦ ᠲᠣᠷ᠎ᠠ ᠳᠠᠯᠪᠢᠵᠦ ᠠᠴᠢᠨ᠎ᠠ᠂ ᠳᠡᠭᠡᠭᠦᠷ ᠪᠠᠷᠢᠪᠠᠯ ᠳᠠᠳᠠᠬᠤ ᠬᠦᠴᠦᠨ ᠢᠶᠠᠷ ᠳᠠᠰᠢᠶᠠᠨ | ᠳᠡᠭᠡᠭᠦᠷ ᠳᠠᠮᠨᠠᠭᠤᠯᠵᠦ ᠠᠴᠢᠨ᠎ᠠ᠃ | ︵4︶ ᠬᠠᠷᠢᠭᠤ ᠡᠷᠳᠡᠮ᠄ ᠳᠠᠯᠠᠪᠴᠢᠯᠠᠵᠦ ᠪᠠᠷᠢᠭᠠᠳ ᠠᠴᠢᠪᠠᠯ ᠲᠤᠲᠤᠷ᠎ᠠ ᠳᠠᠯ᠎ᠠ ᠶᠢᠨ ᠬᠦᠯ ᠢᠶᠠᠨ ᠠᠷᠤ ᠪᠠᠷ ᠨᠢ | ᠶᠠᠪᠤᠭᠤᠯᠵᠦ ᠪᠠᠶᠢᠭ᠎ᠠ ᠬᠦᠯ ᠤᠨ ᠳᠠᠬᠢᠮ ᠤᠨ ᠳᠡᠭᠡᠳᠦ ᠳᠠᠯ᠎ᠠ ᠪᠠᠷ ᠳᠠᠳᠠᠵᠦ ᠳᠠᠷᠤᠨ᠎ᠠ᠂ ᠡᠭᠦᠨ ᠢ ︿ᠠᠴᠢᠶ᠎ᠠ ᠬᠠᠮᠤᠬᠤ | ﹀ ᠭᠡᠳᠡᠭ᠂ ᠪᠠᠰᠠ ᠲᠤᠳᠤᠭᠰᠢ ᠤᠷᠤᠵᠦ ᠵᠤᠭᠰᠤᠵᠦ ᠪᠠᠶᠢᠭ᠎ᠠ ᠬᠦᠯ ᠤᠨ ᠰᠡᠭᠡᠷ ᠳᠡᠭᠡᠭᠦᠷ ᠲᠤᠳᠤᠷ᠎ᠠ ᠳᠠᠯ᠎ᠠ ᠶᠢᠨ | ᠬᠦᠯ ᠢᠶᠠᠷ ᠢᠶᠠᠨ ᠳᠡᠭᠡᠭᠡᠯᠡᠨᠡ᠂ ᠡᠭᠦᠨ ᠢ ︿ᠠᠴᠢᠶ᠎ᠠ ᠴᠢᠭᠳᠠᠯᠠᠬᠤ﹀ ᠭᠡᠳᠡᠭ᠂ ᠪᠠᠰᠠ ᠪᠠᠶ᠎ᠡ ᠪᠠᠨ ᠲᠤᠤᠷ᠎ᠠ ᠰᠢᠭ᠋ | ᠪᠠᠶᠢᠵᠦ ᠠᠴᠢᠭᠤᠯᠤᠭᠠᠳ ᠠᠴᠢᠬᠳᠠᠭᠰᠠᠨ ᠬᠦᠯ ᠢᠶᠠᠨ ᠬᠤᠶᠢᠰᠢ ᠵᠢᠭᠢᠵᠦ ᠪᠠᠶ᠎ᠡ ᠰᠤᠯᠠᠬᠠᠨ ᠪᠤᠯᠭᠠᠵᠦ ᠰᠤᠯᠠ | ᠭᠠᠷ ᠢᠶᠠᠨ ᠵᠠᠭᠠᠮ᠎ᠠ ᠠᠴᠠ ᠬᠦᠮᠦᠷᠢᠵᠦ ᠪᠠᠷᠢᠭᠠᠳ ᠤᠷᠤᠭᠰᠢ ᠪᠠᠨ ᠱᠠᠭᠠᠨ᠎ᠠ᠂ ᠡᠭᠦᠨ ᠢ ︽ᠠᠴᠢᠶ᠎ᠠ ᠱᠠᠭᠠᠬᠤ︾ | ᠭᠡᠳᠡᠭ᠃ ᠪᠦᠰᠡᠳᠡᠵᠦ ᠪᠠᠷᠢᠭᠠᠳ ᠠᠴᠢᠪᠠᠯ ᠬᠠᠮᠤᠵᠦ ᠪᠤᠯᠤᠨ᠎ᠠ᠂ ᠴᠢᠭᠳᠠᠯᠠᠵᠦ ᠪᠤᠯᠤᠨ᠎ᠠ᠂ ᠪᠠᠰᠠ ᠪᠠᠶ᠎ᠠ ᠶᠢᠨ | ᠬᠦᠨᠳᠦ ᠶᠢ ᠨᠢ ᠴᠡᠭᠡᠵᠢᠨ ᠳᠡᠭᠡᠨ ᠢᠷᠡᠭᠦᠯᠵᠦ ᠬᠤᠶᠠᠷ ᠬᠦᠯ ᠢ ᠵᠠᠶᠢᠳᠠᠩ ᠮᠤᠷᠢᠨ ᠳᠡᠭᠡᠷ᠎ᠡ ᠦᠰᠦᠷᠭᠦ ᠮᠡᠳᠦ | ᠬᠤᠶᠢᠰᠢ ᠪᠠᠨ ᠵᠢᠭᠢᠵᠦ ᠦᠰᠦᠷᠦᠭᠡᠳ ᠠᠴᠢᠭᠰᠠᠨ ᠬᠦᠯ ᠳᠤ ᠤᠨᠤᠭᠳᠠᠯ ᠦᠭᠡᠢ ᠦᠩᠭᠡᠷᠡᠵᠦ ᠭᠠᠵᠠᠷ ᠭᠢᠰᠬᠢᠪᠡᠯ | ᠠᠴᠢᠭᠰᠠᠨ ᠬᠦᠮᠦᠨ ᠨᠢ ᠬᠤᠭᠤᠰᠳᠠᠵᠦ ᠠᠶᠠᠨᠳᠠᠭᠠᠨ ᠤᠶᠢᠴᠢᠳᠠᠭ᠂ ᠡᠭᠦᠨ ᠢ ︽ᠠᠴᠢᠶ᠎ᠠ ᠭᠦᠪᠢᠵᠦ ᠳᠠᠷᠤᠬᠤ︾ | ᠭᠡᠳᠡᠭ ᠶᠤᠮ᠃ | ᠵᠢᠷᠭᠤᠭ᠎ᠠ ᠴᠤᠬᠢᠶ᠎ᠠ ᠡᠷᠳᠡᠮ ᠪᠠ ᠬᠢᠬᠦ ᠶᠠᠪᠤᠴᠠ | ᠴᠤᠬᠢᠭ᠎ᠠ ᠡᠷᠳᠡᠮ ᠪᠤᠯ ᠦᠵᠦᠮᠦᠴᠢᠨ ᠪᠦᠬᠡᠴᠤᠳ ᠤᠨ ᠭᠤᠤᠯ ᠬᠡᠷᠡᠭᠯᠡᠳᠡᠭ ᠦᠨᠳᠤᠰᠤᠨ ᠡᠷᠳᠡᠮ ᠤᠨ | ᠨᠢᠭᠡ ᠪᠤᠯᠬᠤ ᠪᠦᠭᠡᠳ ᠤᠯᠠᠨ ᠶᠠᠩᠵᠦ ᠶᠢᠨ ᠪᠠᠷᠢᠴᠠ ᠲᠠᠢ᠂ ᠮᠦᠨᠴᠦ ᠤᠯᠠᠷᠢᠭᠤᠯᠤᠨ ᠬᠤᠪᠢᠷᠠᠭᠤᠯᠤ ᠬᠠᠷᠢᠭᠤ ᠮᠡᠭᠡ | ᠬᠢᠴᠡ ᠴᠤ ᠤᠯᠠᠨ ᠪᠠᠶᠢᠳᠠᠭ ᠶᠤᠮ᠃ | ︵1︶ ᠪᠦᠬᠦ ᠪᠠᠶ᠎ᠡ ᠪᠤᠯᠤᠨ ᠭᠠᠷ ᠬᠦᠯ ᠤᠨ ᠦᠵᠦᠭᠦᠷ ᠲᠡᠭᠡᠨ ᠴᠢᠳᠠᠯ ᠲᠠᠢ ᠬᠦᠮᠦᠰ ᠲᠤ ᠲᠤᠬᠢᠷᠠᠨ᠎ᠠ᠂ | ︵2︶ ᠪᠠᠷᠢᠴᠠ ᠪᠠᠷᠢᠬᠤ᠄ ᠬᠠᠳᠠᠵᠦ ︵ᠬᠠ ᠠᠴᠠ︶ ᠪᠠᠷᠢᠬᠤ᠂ ᠪᠦᠰᠡᠳᠡᠵᠦ ᠪᠠᠷᠢᠬᠤ᠂ ᠳᠠᠯᠠᠪᠴᠢᠯᠠᠵᠦ ︵ | ᠲᠦᠷᠪᠡᠯᠵᠢᠯᠡᠵᠦ︶ ᠪᠠᠷᠢᠬᠤ᠂ ᠵᠠᠭᠠᠮᠳᠠᠵᠦ ᠪᠠᠷᠢᠬᠤ᠂ ᠵᠦᠷᠢᠭᠦᠤ ᠳᠡᠪᠡᠷᠢᠵᠦ ᠪᠠᠷᠢᠬᠤ᠂ ᠭᠠᠷ ᠳᠡᠪᠡᠷᠢᠵᠦ ᠪᠠᠷᠢᠬᠤ᠂ | ᠰᠤᠭᠤᠪᠴᠢᠯᠠᠵᠦ ᠪᠠᠷᠢᠬᠤ᠂ ᠰᠡᠨᠵᠢᠯᠡᠵᠦ ᠪᠠᠷᠢᠬᠤ᠂ ᠬᠠᠨᠴᠤᠶᠢᠳᠠᠵᠦ ᠪᠠᠷᠢᠬᠤ᠂ ᠢᠷᠠᠵᠦ ᠪᠠᠷᠢᠬᠤ ᠵᠡᠷᠭᠡ ᠪᠠᠶᠢᠳᠠᠭ᠃ | | ︵3︶ ᠡᠷᠳᠡᠮ ᠬᠢᠬᠦ᠄ ᠬᠠᠳᠠᠵᠦ ᠪᠠᠷᠢᠪᠠᠯ ᠳᠠᠳᠠᠵᠦ ᠴᠤᠬᠢᠬᠤ᠂ ᠳᠠᠭᠠᠭᠠᠯᠭᠠᠵᠦ ᠴᠤᠬᠢᠬᠤ᠂ ᠪᠦᠳᠦᠷᠢᠭᠦᠯᠵᠦ ᠴᠤᠬᠢᠬᠤ ᠶᠢ | ᠪᠦᠷ ᠬᠢᠵᠦ ᠪᠤᠯᠤᠨ᠎ᠠ᠂ ᠪᠦᠰᠡᠳᠡᠵᠦ ᠪᠠᠷᠢᠪᠠᠯ ᠡᠰᠡᠷᠭᠦ ᠡᠳᠡᠭᠡᠳ ᠤᠨ ᠪᠠᠷᠢᠴᠠ ᠶᠢ ᠲᠤᠬᠤᠢ ᠪᠤᠶᠤ ᠰᠣᠭᠤ ᠠᠴᠠ ᠨᠢ | ᠠᠯᠠᠭᠠᠳᠠᠵᠦ ᠠᠯᠳᠠᠭᠤᠯᠤᠨ᠂ ᠪᠡᠶ᠎ᠡ ᠪᠠᠨ ᠲᠤᠭᠤᠷᠢᠭᠤᠯᠤᠨ ᠳᠠᠳᠠᠵᠦ ᠴᠤᠬᠢᠨ᠎ᠠ᠂ ᠳᠠᠭᠠᠭᠠᠯᠭᠠᠬᠤ ᠪᠤᠶᠤ | ᠪᠦᠳᠦᠷᠢᠭᠦᠯᠵᠦ ᠴᠤᠬᠢᠭᠰᠠᠨ ᠴᠤ ᠪᠤᠯᠤᠨ᠎ᠠ᠃ | ︵4︶ ᠬᠠᠷᠢᠭᠤ ᠡᠷᠳᠡᠮ᠄ ᠬᠠᠳᠠᠵᠦ ᠪᠠᠷᠢᠭᠠᠳ ᠴᠤᠬᠢᠪᠠᠯ ᠡᠯᠭᠦᠭᠡ ᠤᠳᠬᠤᠭ᠎ᠠ ᠬᠢᠵᠦ ᠪᠤᠯᠤᠨ᠎ᠠ᠂ ᠨᠦᠮᠦᠷᠢᠨ | ᠳᠠᠷᠤᠵᠦ ᠪᠤᠯᠤᠨ᠎ᠠ᠂ ᠰᠤᠭᠤᠯᠵᠦ ᠴᠤᠬᠢᠵᠦ ᠪᠤᠯᠤᠨ᠎ᠠ᠂ ᠡᠯᠭᠦᠵᠦ ᠭᠠᠷᠭᠠᠭᠠᠳ ᠭᠠᠨᠵᠤᠭᠠᠯᠠᠵᠦ ᠪᠤᠯᠤᠨ᠎ᠠ᠂ ᠪᠦᠰᠡᠳᠡᠵᠦ | ᠪᠠᠷᠢᠭᠠᠳ ᠴᠤᠬᠢᠪᠠᠯ ᠱᠠᠭᠠᠮᠠᠯ ᠬᠢᠵᠦ ᠪᠤᠯᠤᠨ᠎ᠠ᠂ ᠲᠤᠰᠴᠤ ᠡᠯᠭᠦᠵᠦ ᠪᠤᠯᠤᠨ᠎ᠠ᠂ ᠰᠤᠯᠢᠵᠦ ᠴᠤᠬᠢᠵᠦ ᠪᠤᠯᠤᠨ᠎ᠠ᠂ | ᠠᠯᠬᠤᠵᠦ ᠭᠠᠷᠤᠭᠠᠳ ᠠᠴᠢᠵᠦ ᠪᠤᠯᠤᠨ᠎ᠠ᠃ |