ᠬᠤᠪᠢᠯᠠᠢ ᠶᠢᠨ ᠪᠠᠭᠤᠴᠠ
ᠨᠡᠶᠢᠲᠡᠯᠡᠭᠰᠡᠨ ᠴᠠᠭ᠄
2017/4/24
      ᠬᠤᠪᠢᠯᠠᠢ ᠳᠤ ᠲᠠᠭᠠᠷᠠᠭᠰᠠᠨ ᠰᠡᠳᠦᠪ      1251ᠣᠨ ᠤ ᠠᠬ᠎ᠠ ᠶᠢᠨ ᠬᠢᠨᠢ ᠲᠥᠷᠥ ᠵᠢᠩᠬᠢᠨᠢ ᠪᠠᠷ ᠪᠠᠶᠢᠭᠤᠯᠤᠭᠳᠠᠮᠠᠭᠴᠠ ᠬᠤᠪᠢᠯᠠᠢ ᠨᠢ ᠮᠣᠩᠭᠤᠯ ᠤᠨ ᠤᠤᠭᠠᠯ ᠨᠤᠲᠤᠭ ᠠᠴᠠ ᠡᠮᠥᠨᠡᠰᠢᠬᠢ ᠦᠷᠭᠡᠨ ᠠᠭᠤᠳᠠᠮ ᠵᠡᠬᠦᠨ ᠣᠷᠣᠨ ᠶᠢ ᠬᠠᠮᠢᠶᠠᠷᠬᠤ ᠪᠠᠷ ᠲᠣᠮᠢᠯᠠᠭᠳᠠᠵᠠᠢ᠃ ᠲᠠᠷᠠᠭ᠎ᠠ ᠰᠠᠷ᠎ᠠ ᠨᠢ ᠬᠤᠪᠢᠯᠠᠢ ᠲᠠᠷᠥᠶᠢᠬᠠᠨ ᠬᠢᠲᠠᠳ ᠤᠨ ᠤᠤᠭᠠᠯ ᠨᠤᠲᠤᠭ ᠠᠴᠠ ᠨᠡᠯᠢᠶᠡᠳ ᠣᠶᠢᠷᠠᠬᠠᠨ ᠣᠷᠣᠰᠢᠬᠤ ᠣᠳᠣ ᠶᠢᠨ ᠥᠪᠥᠷ ᠮᠣᠩᠭᠤᠯ ᠤᠨ ᠲᠠᠯ᠎ᠠ ᠨᠤᠲᠤᠭ ᠢᠶᠠᠷ ᠪᠠᠭᠤᠳᠠᠯᠯᠠᠵᠠᠢ᠃ ᠲᠡᠷᠨ ᠨᠢ ︿ᠠᠯᠳᠠᠨ ᠯᠢᠩᠬᠸ᠎ᠠ ᠶᠢᠨ ᠲᠠᠯ᠎ᠠ﹀ ᠭᠡᠭᠳᠡᠳᠡᠭ ᠮᠣᠩᠭᠤᠯ ᠤᠨ ᠦᠨᠳᠦᠷᠯᠢᠭ ᠤᠨ ᠵᠡᠬᠦᠨ ᠡᠮᠥᠨᠡᠳᠣ ᠵᠠᠬ᠎ᠠ ᠪᠠᠶᠢᠵᠠᠢ᠃       ᠬᠤᠪᠢᠯᠠᠢ ᠳᠤ ᠠᠪᠴᠥ ᠬᠡᠯᠡᠪᠡᠯ ᠮᠣᠩᠭᠤᠯ ᠤᠨ ᠵᠡᠭᠦᠨ ᠤ ᠰᠡᠳᠦᠪ ᠨᠡᠯᠢᠶᠡᠳ ᠶᠠᠷᠪᠢᠭᠲᠠᠢ ᠪᠠᠶᠢᠭᠰᠠᠨ ᠪᠠᠶᠢᠨ᠎ᠠ ᠂ ᠶᠡᠷᠥᠩᠬᠡᠢ ᠳᠤ ᠨᠢ ᠬᠠᠷᠠᠭᠠᠯᠵᠠᠬᠤ ᠬᠠᠷᠠᠯᠲᠠ ᠶᠡᠭᠡ ᠴᠤ ᠣᠯᠠᠨ ᠪᠠᠶᠢᠪᠠ᠃ ᠶᠠᠭᠤᠨ ᠲᠦᠷᠦᠭᠦᠨ ᠳᠤ ᠬᠢᠲᠠᠳ ᠤᠨ ᠡᠮᠥᠨᠡᠳᠥ ᠶᠢᠨ ᠶᠡᠭᠡ ᠤᠯᠤᠰ ᠪᠣᠯᠬᠤ ᠡᠮᠦᠨᠡᠳᠣ ᠰᠦᠩ ᠪᠤᠯᠤᠨ ᠶᠦᠨᠨᠠᠨ ᠤ ᠦᠨᠳᠦᠷᠯᠢᠭ ᠤᠨ ᠳ᠋ᠠᠯᠢ ᠤᠯᠤᠰ᠂ ᠲᠡᠭᠦᠨ ᠤ ᠬᠠᠪᠢ ᠶᠢᠨ ︿ᠴᠢᠶᠠᠩ﹀ ᠬᠡᠮᠡᠭᠳᠡᠬᠦ ᠪᠦᠯᠦᠭᠯᠡᠯ ᠤᠳ ᠪᠠᠶᠢᠪᠠ᠃ ᠶᠦᠨᠨᠠᠨ ᠤ ᠵᠡᠬᠦᠨ ᠳᠤ ᠬᠢᠲᠠᠳ ᠢᠶᠠᠷ ᠯᠦᠸᠧ ᠱᠢ ᠬᠦᠢ ᠭᠦᠸᠧ (罗氏鬼国︶ᠬᠡᠮᠡᠨ ᠪᠢᠴᠢᠭᠳᠡᠳᠡᠭ ᠦᠨᠳᠦᠷᠯᠢᠭ ᠤᠷᠤᠨ ᠪᠠᠶᠢᠪᠠ᠃ ᠡᠨᠡ ᠎ ᠨᠢ ᠮᠣᠩᠭᠤᠯ ᠢᠶᠠᠷ ᠪᠣᠯ ︿ᠴᠢᠳᠭᠦᠷ﹀ ᠪᠤᠶᠤ ︿ᠴᠢᠳᠭᠦᠷ ᠤᠨ ᠤᠯᠤᠰ﹀ ᠬᠡᠮᠡᠬᠦ ᠤᠳᠬ᠎ᠠ ᠲᠠᠢ ᠶᠤᠮ᠃ ᠶᠡᠭᠡ ᠲᠦᠯᠦᠪ ᠪᠠᠶᠢᠷᠢᠰᠢᠯ ᠨᠢ ᠣᠳᠣ ᠶᠢᠨ ᠭᠦᠢᠵᠸᠥ ᠮᠤᠵᠢ ᠪᠤᠯᠤᠨ᠎ᠡ᠃ ᠮᠢᠩ ᠭᠦᠷᠦᠨ ᠤ ᠬᠢᠲᠠᠳ ᠨᠢ ᠨᠤᠲᠤᠭ ᠤᠤᠭᠠᠯᠵᠢᠭᠤᠯᠬᠤ ᠳᠤ ᠪᠠᠨ ᠤᠭ ᠨᠡᠷ᠎ᠡ ᠶᠢ ︿ᠭᠦᠢᠵᠸᠥ﹀ (贵州)ᠬᠡᠮᠡᠨ ᠭᠤᠸ᠎ᠠ ᠰᠠᠶᠢᠬᠠᠨᠴᠢᠯᠠᠵᠠᠢ᠃       ᠪᠠᠰᠠ ᠸᠧᠶᠧᠲᠨᠠᠮ ᠤᠨ ᠶᠡᠭᠡ ᠸᠧᠶᠧᠲ ᠤᠯᠤᠰ(大越国︶᠎ ᠨᠢ ᠴᠧᠨ ᠤ ᠲᠥᠷᠥ ︵陈朝)ᠪᠠᠶᠢᠪᠠ᠃ ᠡᠭᠦᠨ ᠠᠴᠠ ᠭᠠᠳᠠᠨ᠎ᠠ ᠶᠦᠨᠨᠡᠨ ᠤ ᠦᠨᠳᠦᠷᠯᠢᠭ ᠤᠨ ᠡᠮᠥᠨ᠎ᠡ ᠨᠢ ᠣᠳᠣ ᠶᠢᠨ ᠮᠢᠶᠠᠮᠠᠷ ᠤᠨ ᠬᠤᠶᠢᠳᠣ ᠬᠡᠰᠡᠭ ᠤᠨ ᠪᠢᠷᠮᠡ ᠤᠯᠤᠰ (缅国)ᠪᠣᠯᠣᠨ ᠸᠧᠶᠧᠲᠨᠠᠮ ᠤᠨ ᠡᠮᠥᠨᠡᠳᠥ ᠬᠡᠰᠡᠭ ᠤᠨ ᠴᠠᠮᠫᠠ ᠸᠠᠩᠳᠤ ᠤᠯᠤᠰ(占城王国)ᠵᠡᠷᠬᠡ ᠨᠢ ᠲᠡᠭᠦᠨ ᠤ ᠬᠠᠷᠠᠭᠠᠨ ᠳᠤ ᠣᠷᠣᠭᠰᠠᠨ ᠪᠠᠶᠢᠵᠦ ᠪᠣᠯᠵᠣᠰᠢ ᠦᠭᠡᠢ᠃ ᠦᠭᠡᠳᠡᠢ ᠶᠢᠨ ᠴᠠᠭ ᠡᠷᠡᠨ ᠠᠴᠠ ᠡᠬᠢᠯᠡᠨ ᠴᠡᠷᠢᠭ ᠰᠠᠭᠤᠵᠦ ᠮᠣᠩᠭᠤᠯ ᠯᠤᠭ᠎ᠠ ᠲᠤᠳᠤᠷᠬᠠᠢ ᠵᠠᠶᠢᠲᠠᠢ ᠬᠦᠨᠳᠡᠶᠢᠪᠳᠣᠷ ᠪᠦᠳᠡᠬᠢ ᠬᠠᠷᠢᠯᠴᠠᠭ᠎ᠠ ᠲᠠᠢ ᠪᠠᠶᠢᠭᠰᠠᠨ ᠦᠽᠽᠠᠩ(乌斯藏)ᠪᠤᠶᠤ ᠲᠥᠪᠡᠳ ᠵᠡᠷᠬᠡ ᠶᠢᠨ ᠬᠠᠷᠢᠶᠠᠯᠠᠯ ᠢ ᠲᠤᠳᠤᠷᠬᠠᠢ ᠪᠤᠯᠭᠠᠬᠤ ᠴᠢᠬᠤᠯᠲᠠᠢ ᠪᠠᠶᠢᠪᠠ᠃       ᠡᠭᠦᠨ ᠠᠴᠠ ᠭᠠᠳᠠᠨ᠎ᠠ ᠲᠤᠬᠠᠢ ᠵᠢᠨ‌ᠭᠤᠣᠯᠢ ᠤᠯᠤᠰ ︵高丽)ᠬᠤᠪᠢᠯᠠᠢ ᠶᠢᠨ ᠡᠵᠡᠮᠰᠢᠯ ᠤᠨ ᠬᠠᠷᠢᠶᠠᠨ ᠳᠤ ᠪᠠᠶᠢᠭᠰᠠᠨ ᠡᠰᠡᠬᠦ ᠨᠢ ᠲᠤᠳᠤᠷᠬᠠᠢ ᠪᠢᠰᠢ ᠪᠠᠶᠢᠨ᠎ᠠ᠃ ᠨᠡᠩ ᠴᠤ ᠶᠠᠫᠥᠨ ᠤᠯᠤᠰ ᠤᠨ ᠲᠠᠯ᠎ᠠ ᠪᠠᠷ ᠬᠡᠷᠬᠢᠨ ᠪᠣᠳᠣᠯᠬᠢᠯᠠᠵᠦ ᠪᠠᠶᠢᠭᠰᠠᠨ ᠲᠤᠬᠠᠢ ᠦᠴᠦᠬᠡᠨ ᠴᠤ ᠰᠦᠪᠡᠭᠴᠢ ᠣᠯᠳᠠᠬᠤ ᠦᠭᠡᠢ ᠪᠠᠶᠢᠨ᠎ᠠ᠃       ᠭᠡᠪᠡᠴᠥ ᠶᠠᠭᠠᠬᠢᠵᠦ ᠪᠣᠳᠣᠭᠰᠠᠨ ᠴᠤ ᠲᠡᠳᠡᠨᠥᠰ ᠤᠨ ᠬᠠᠮᠤᠭ ᠤᠨ ᠭᠤᠣᠯ ᠬᠠᠷᠠᠯᠲᠠ ᠨᠢ ᠡᠮᠥᠨᠡᠳᠤ ᠰᠦᠩ ᠤᠯᠤᠰ ᠪᠠᠶᠢᠭᠰᠠᠨ ᠪᠠᠶᠢᠵᠦ ᠲᠠᠭᠠᠷᠠᠨ᠎ᠠ᠃ ᠲᠡᠷᠨ ᠨᠢ ᠵᠦᠪᠬᠡᠨ ᠵᠠᠰᠠᠭ ᠠᠴᠠ ᠲᠠᠩᠰᠠᠯᠠᠭᠰᠠᠨ ᠠᠯᠪᠠᠨ ᠶᠣᠰᠣᠨ ᠤ ᠬᠦᠮᠦᠨ ᠠᠮᠠ ᠵᠢᠨ‌‍ᠲ᠋ᠤᠭ᠎ᠠ ᠶᠢ ᠨᠢ ᠦᠵᠡᠭᠰᠡᠨ ᠴᠤ2800 ᠲᠦᠮᠡᠨ ᠬᠦᠮᠦᠨ ᠲᠠᠢ ᠶᠡᠭᠡ ᠤᠯᠤᠰ ᠪᠠᠶᠢᠪᠠ᠃ ︿ᠠᠯᠪᠠᠨ ᠶᠣᠰᠣᠨ﹀᠎ ᠤ ᠬᠡᠵᠦ ᠬᠡᠯᠡᠵᠦ ᠪᠠᠶᠢᠭ᠎ᠠ ᠶᠢᠨ ᠤᠴᠢᠷ ᠨᠢ ᠪᠦᠷᠢᠳᠬᠡᠯ ᠳᠤ ᠪᠠᠭᠲᠠᠭ᠎ᠠ ᠦᠭᠡᠢ ᠬᠦᠮᠦᠰ ᠴᠤ ᠶᠡᠭᠡ ᠪᠠᠶᠢᠭᠰᠠᠨ ᠭᠡᠳᠡᠭ ᠲᠠᠨᠢᠯᠲᠠ ᠲᠠᠢ ᠬᠤᠯᠪᠤᠭ᠎ᠠ ᠲᠠᠢ᠃ ᠲᠣᠬᠠᠢ ᠶᠢᠨ ᠦᠶᠡᠰ ︿ᠯᠢᠨ ᠠᠨ﹀ (临安)ᠬᠡᠮᠡᠨ ᠨᠡᠷᠡᠯᠡᠭᠳᠡᠵᠦ ᠪᠠᠶᠢᠭᠰᠠᠨ ᠨᠡᠶᠢᠰᠯᠡᠯ ᠬᠠᠩᠵᠸᠣ ᠬᠤᠲᠠ ᠨᠢ ᠪᠠᠶᠠᠨ ᠴᠢᠨᠡᠭᠡᠯᠢᠭ ᠪᠦᠭᠡᠳ‌‍ᠰᠤᠶᠤᠯ ᠤᠨ ᠬᠡᠪᠴᠢᠶ᠎ᠠ᠂ ᠲᠦᠪᠰᠢᠨ ᠢᠶᠠᠷ ᠵᠶ᠋ᠡᠨ‌ᠠᠽᠢᠶ᠎ᠠ ᠡᠸᠦ᠋ᠷᠦᠫᠡ ᠳᠤ ᠪᠠᠨ ᠣᠷᠣᠶᠢᠯᠠᠵᠦ ᠪᠠᠶᠢᠭᠰᠠᠨ ᠰᠢᠨᠵᠢᠲᠠᠢ᠃ ᠬᠦᠮᠦᠰ ᠲᠤᠬᠠᠢ ᠶᠢᠨ ᠴᠠᠭ ᠤᠨ ᠡᠸᠦ᠋ᠷᠦᠫᠡ ᠤᠷᠤᠨ ᠨᠢ ᠮᠣᠩᠭᠤᠯᠴᠣᠳ ᠲᠤ ᠰᠡᠳᠬᠢᠯ ᠲᠠᠲᠠᠮ᠎ᠠ ᠰᠢᠳᠢᠳᠥ ᠤᠷᠤᠨ ᠪᠠᠶᠢᠭᠰᠠᠨ ᠦᠦ ᠬᠡᠵᠦ ᠡᠷᠡᠬᠡᠯᠵᠡᠳᠡᠭ ᠪᠣᠯ‌ᠡᠰᠡᠷᠬᠦ ᠪᠠᠷ ᠵᠢᠶᠠᠩᠨᠠᠨ ᠤ ᠪᠠᠶᠠᠨ ᠴᠢᠨᠡᠬᠡᠯᠢᠭ ᠨᠢ ᠮᠠᠳᠠᠭ ᠦᠭᠡᠢ ᠮᠣᠩᠭᠤᠯᠴᠣᠳ ᠤᠨ ᠬᠦᠰᠡᠯ ᠪᠠᠶᠢᠭᠰᠠᠨ ᠪᠠᠶᠢᠨ᠎ᠠ᠃       ᠲᠡᠷᠨ ᠦᠶ᠎ᠡ ᠮᠣᠩᠭᠤᠯᠴᠣᠳ ᠲᠠᠰᠤᠭ ᠪᠣᠰᠤᠭ ᠬᠡᠳᠥ ᠤᠳᠠᠭ᠎ᠠ ᠡᠮᠥᠨᠡᠳᠤ ᠰᠦᠩ ᠤᠷᠤᠭᠤ ᠲᠤᠪᠳᠤᠯᠤᠭᠰᠠᠨ ᠪᠠᠶᠢᠪᠠ᠃ ᠬᠤᠪᠢᠯᠠᠢ ᠳᠤ ᠠᠪᠴᠥ ᠬᠡᠯᠡᠪᠡᠯ ᠡᠮᠥᠨᠡᠳᠣ ᠰᠦᠩ ᠢ ᠪᠠᠶᠢᠯᠳᠤᠨ ᠲᠠᠭᠠᠭᠤᠯᠬᠤ ᠨᠢ ᠬᠠᠮᠤᠭ ᠴᠢᠬᠤᠯᠡ ᠠᠰᠠᠭᠤᠳᠠᠯ ᠪᠠᠶᠢᠪᠠ᠃      ᠭᠡᠪᠡᠴᠥ ᠲᠡᠭᠡᠷ᠎ᠡ ᠦᠭᠦᠯᠡᠭᠰᠡᠨᠴᠢᠯᠡᠨ ᠡᠮᠥᠨᠡᠳᠣ ᠰᠦᠩ ‍ᠦᠨ‌ᠵᠢᠶᠠᠩᠨᠠᠨ ᠤᠷᠤᠨ ᠨᠢ ᠭᠤᠣᠯ ᠮᠦᠷᠡᠨ᠂ ᠨᠠᠭᠤᠷ ᠪᠦᠷᠢᠳᠣ ᠶᠢᠨ ᠤᠷᠤᠨ ᠪᠠᠶᠢᠪᠠ᠃ ᠠᠬᠢᠭᠠᠳ ᠬᠤᠸᠠᠪᠸᠢ ᠪᠣᠯᠣᠨ ᠵᠢᠶᠠᠩᠨᠠᠨ ᠤ ᠬᠤᠭᠤᠷᠤᠨᠳᠤ ᠪᠠᠷᠤᠭ ᠯᠠ ᠬᠦᠮᠦᠨ ᠰᠠᠭᠤᠷᠢᠰᠢᠭᠰᠠᠨ ᠦᠭᠡᠢ ︿ᠬᠤᠭᠤᠰᠣᠨ ᠤᠷᠤᠨ ᠵᠠᠢ ᠶᠢᠨ ᠬᠠᠯᠬᠠᠪᠴᠢ﹀(空白壁障)ᠶᠡᠭᠡ ᠪᠠᠶᠢᠭᠰᠠᠨ ᠪᠠᠶᠢᠨ᠎ᠠ᠃ ᠲᠡᠶᠢᠮᠥ ᠴᠤ ᠤᠴᠢᠷ ᠠᠴᠠ ᠬᠤᠸᠠᠪᠸᠢ ᠠᠴᠠ ᠵᠢᠶᠠᠩᠨᠠᠨ ᠤᠷᠤᠭᠤ ᠰᠢᠭᠤᠳ ᠴᠤᠬᠢᠯᠲᠠ ᠬᠢᠬᠦ ᠡᠪᠯᠢᠭ‌ᠨᠦ᠋ᠬᠦᠴᠡᠯ ᠲᠠᠭᠠᠷᠠᠥᠬᠠᠨ ᠪᠠᠶᠢᠯ᠎ᠠ᠃      ᠡᠯᠡᠷ ᠪᠠᠯᠠᠷ ᠲᠣᠷᠣᠨᠠᠳᠠᠬᠢᠨ      ᠬᠠᠷᠠᠴᠠ ᠪᠠᠨ ︿ᠲᠤᠳᠤᠭᠠᠳᠣ﹀ ᠤᠷᠤᠭᠤ ᠨᠢ ᠰᠢᠯᠵᠢᠬᠦᠯᠪᠡᠯ ᠪᠠᠰᠠ ᠴᠤ ᠤᠯᠠᠨ ᠠᠰᠠᠭᠤᠳᠠᠯ ᠣᠷᠣᠰᠢᠵᠦ ᠪᠣᠢ ᠶᠢ ᠠᠩᠵᠠᠭᠠᠷᠠᠬᠤ ᠪᠣᠯᠣᠨ᠎ᠡ᠃ ᠶᠠᠭᠤᠨ ᠤ ᠡᠮᠥᠨ᠎ᠡ ᠬᠤᠪᠢᠯᠠᠢ ᠶᠢᠨ ᠲᠤᠭ ᠤᠨ ᠲᠤᠤᠷ᠎ᠠ ᠬᠤᠪᠢᠶᠠᠷᠢᠯᠠᠭᠳᠠᠭᠰᠠᠨ ᠮᠣᠩᠭᠤᠯᠴᠣᠳ ᠤᠨ ᠴᠠᠭᠠᠨᠠᠬᠢ ᠪᠠᠶᠢᠳᠠᠯ ᠨᠢ ᠨᠢᠭᠡ ᠨᠢ ᠨᠦᠭᠦᠭᠡ‌ᠡᠴᠡ ᠪᠠᠨ ᠢᠯᠡᠬᠦᠦ ᠪᠣᠳᠣᠯᠢᠶᠠᠨᠲᠡᠢ ᠪᠠᠶᠢᠪᠠ᠃     ᠲᠣᠬᠠᠢ ᠶᠢᠨ ᠦᠶ᠎ᠡ ᠮᠣᠩᠭᠤᠯ ᠬᠠᠭᠠᠨᠳᠣ ᠤᠯᠤᠰ ᠪᠠᠶᠢᠭᠤᠯᠤᠭᠳᠠᠭᠠᠳ ᠨᠢᠭᠡᠨᠳᠠ45 ᠵᠢᠯ ᠦᠩᠭᠡᠷᠡᠵᠦ᠂ ᠴᠢᠩᠭᠢᠰ ᠬᠠᠭᠠᠨ ᠤ ᠦᠶ᠎ᠡ ᠶᠢᠨ ᠠᠯᠳᠠᠨ ᠤᠯᠤᠰ ᠤᠨ ᠵᠦᠩᠳᠤ ᠨᠡᠶᠢᠰᠯᠡᠯ ︵ᠣᠳᠣ ᠶᠢᠨ ᠪᠡᠭᠡᠵᠢᠭ ᠤᠨ ᠪᠠᠷᠠᠭᠤᠨ ᠡᠮᠥᠨ᠎ᠡ︶᠎ ᠨᠢ ᠮᠣᠩᠭᠤᠯᠴᠣᠳ ᠤᠨ ᠭᠠᠷ ᠲᠤ ᠣᠷᠣᠭᠠᠳ ᠨᠢᠭᠡᠨᠳᠠ36 ᠵᠢᠯ ᠦᠩᠭᠡᠷᠡᠪᠡ᠃ ᠡᠭᠦᠨ ᠠᠴᠠ ᠭᠠᠳᠠᠨ᠎ᠠ ᠦᠭᠡᠳᠡᠢ ᠶᠢᠨ ᠴᠠᠭ ᠡᠷᠡᠨ ᠤ ᠠᠯᠳᠠᠨ ᠤᠯᠤᠰ ᠨᠢ ᠬᠠᠳᠣᠨ ᠭᠤᠣᠯ ᠤᠨ ᠡᠮᠥᠨ᠎ᠡ‌ᠮᠦ᠋ᠬᠦᠵᠦ᠂ ᠲᠠᠶᠢᠨ ᠤ ᠲᠠᠷᠠᠭ᠎ᠠ ᠬᠠᠳᠣᠨ ᠭᠤᠣᠯ ᠤᠨ ᠬᠤᠶᠢᠳᠣᠬᠢ ᠤᠷᠤᠨ ᠢ ᠴᠤ ᠪᠠᠭᠲᠠᠭᠠᠨ ᠵᠢᠩᠬᠢᠨᠢ ᠪᠠᠷ ᠡᠷᠥᠬᠡ ᠠᠮᠠ ᠶᠢ ᠨᠢ ᠲᠠᠩᠰᠠᠯᠠᠵᠦ ᠲᠡᠮᠳᠡᠭᠯᠡᠬᠡᠳ ᠨᠢᠭᠡᠨᠳᠠ16 ᠵᠢᠯ ᠤᠨ ᠨᠢᠭᠤᠷ ᠦᠵᠡᠪᠡ᠃     ᠬᠡᠳᠥᠨ ᠱᠠᠳᠣ ᠦᠶ᠎ᠡ ᠶᠢ ᠥᠩᠬᠡᠷᠡᠵᠦ ᠬᠤᠷᠠᠮᠳᠤᠭᠰᠠᠨ ᠡᠷᠬᠡ ᠮᠡᠳᠡᠯ᠂ ᠡᠷᠬᠡ ᠠᠰᠢᠭ ᠪᠤᠯᠤᠨ ᠲᠦᠪᠡᠭ ᠪᠤᠳᠤᠯᠢᠶᠠᠨ ᠲᠠᠢ ᠬᠦᠮᠦᠰ ᠤᠨ ᠪᠠ ᠮᠦᠩᠭᠦᠨ ᠤ ᠬᠠᠷᠢᠯᠴᠠᠭ᠎ᠠ ᠵᠡᠷᠬᠡ ᠨᠢ ᠲᠢᠭᠯᠢᠭᠳᠡᠭᠡ ᠦᠭᠡᠢ᠂ ᠡᠯᠡᠷ ᠪᠠᠯᠠᠷ ᠪᠠᠶᠢᠳᠠᠯ ᠢᠶᠠᠷ ᠵᠶ᠋ᠠᠨ‌ᠬᠤᠪᠢᠯᠠᠢ ᠶᠢᠨ ᠡᠮᠥᠨ᠎ᠡ ᠣᠷᠬᠢᠭᠳᠠᠨ ᠲᠡᠯᠭᠡᠭᠳᠡᠪᠡ᠃     ᠴᠢᠩᠭᠢᠰ ᠬᠠᠭᠠᠨ ᠤ ᠦᠶ᠎ᠡ ᠠᠴᠠ ᠡᠬᠢᠯᠡᠬᠡᠳ᠂ ᠮᠣᠩᠭᠤᠯ ᠤᠨ ᠵᠡᠬᠦᠨ ᠭᠠᠷ ᠤᠨ ᠤᠷᠬᠢᠯ ᠳᠤ ᠲᠡᠭᠦᠦᠨᠡᠷ ᠤᠨ ᠬᠢᠨᠢ ᠤᠭᠰᠠᠭ᠎ᠠ ᠪᠤᠯᠤᠨ ᠬᠠᠨᠳᠤ ᠤᠯᠤᠰ ᠪᠠᠶᠢᠭᠰᠠᠨ ᠪᠠᠶᠢᠳᠠᠭ᠃ ᠬᠠᠰᠠᠷ᠂ ᠬᠠᠴᠢᠭᠤᠨ ᠪᠤᠯᠤᠨ ᠲᠡᠮᠥᠬᠡ ᠣᠳᠴᠢᠬᠡᠨ ᠤ ᠦᠷ᠎ᠡ ᠠᠴᠢ ᠶᠢᠨ ᠡᠵᠡᠮᠳᠥᠯ ᠤᠨ ᠤᠷᠤᠨ ᠪᠠᠶᠢᠭᠰᠠᠨ ᠶᠤᠮ᠃     ᠡᠬᠢᠨ ᠳᠤ ᠪᠠᠨ ᠬᠠᠰᠠᠷ ᠲᠤ ᠰᠣᠶᠣᠷᠬᠠᠭᠰᠠᠨ ᠨᠢᠭᠡᠨ ᠮᠢᠩᠭᠠᠳᠣ᠂ ᠬᠠᠴᠢᠭᠤᠨ ᠤ ᠭᠤᠷᠪᠠᠨ ᠮᠢᠩᠭᠠᠳᠥ᠂ ᠤᠳᠴᠢᠬᠡᠨ ᠤ ᠨᠠᠢᠮᠠᠨ ᠮᠢᠩᠭᠠᠳᠣ ᠪᠠᠶᠢᠪᠠ᠃ ᠡᠨᠡ ᠨᠢ ᠬᠠᠭᠠᠨᠳᠣ ᠤᠯᠤᠰ ᠪᠠᠶᠢᠭᠤᠯᠣᠭᠳᠠᠬᠤ ᠦᠶᠡᠰ ᠤᠨ ᠲᠤᠭ᠎ᠠ ᠪᠠᠶᠢᠪᠠ᠃ ᠮᠡᠳᠡᠭᠡᠵᠢ ᠠᠶᠠᠨᠳᠠᠭᠠᠨ ᠤ ᠦᠰᠦᠯᠲᠡ ᠪᠠ ᠮᠣᠩᠭᠤᠯ ᠤᠨ ᠲᠤᠰ ᠪᠡᠶ᠎ᠡ ᠶᠢᠨ ᠬᠢᠨᠢ ᠦᠷᠭᠡᠵᠢᠯ ᠢ ᠲᠠᠭᠠᠯᠳᠤᠭᠰᠠᠨ ᠡᠯ᠎ᠡ ᠬᠠᠨᠳᠤ ᠤᠯᠤᠰ ᠤᠨ ᠦᠷᠬᠡᠵᠢᠯ ᠨᠢ ᠬᠠᠷᠢᠶᠠᠨ ᠤ ᠢᠷᠭᠡᠳ ᠤᠨ ᠬᠢᠨᠢ ᠲᠤᠭ᠎ᠠ ᠶᠢ ᠨᠢ ᠡᠷᠡᠰ ᠨᠡᠮᠡᠭᠳᠡᠭᠦᠯᠵᠡᠢ᠃     ᠲᠡᠳᠡᠨᠥᠰ ᠤᠨ ᠨᠡᠭᠦᠳᠡᠯᠯᠡᠯ ᠤᠨ ᠭᠤᠣᠯ ᠣᠷᠣᠨ ᠵᠠᠢ ᠨᠢ ᠮᠣᠩᠭᠤᠯ ᠤᠨ ᠦᠨᠳᠦᠷᠯᠢᠭ ᠤᠨ ᠵᠡᠭᠦᠨ ᠬᠡᠰᠡᠭ ᠪᠣᠯᠬᠤ ᠬᠢᠩᠭᠠᠨ ᠳᠠᠪᠠᠭ᠎ᠠ ᠶᠢᠨ ᠤᠷᠴᠢᠮ ᠪᠠᠶᠢᠭᠰᠠᠨ ᠶᠤᠮ᠃ ᠴᠢᠩᠭᠢᠰ ᠬᠠᠭᠠᠨ ᠤ ᠪᠠᠶᠢᠭᠤᠯᠣᠭᠰᠠᠨ ᠮᠣᠩᠭᠤᠯ ᠬᠠᠭᠠᠨᠳᠣ ᠤᠯᠤᠰ ᠲᠤ ᠠᠪᠴᠥ ᠦᠵᠡᠪᠡᠯ ᠡᠨᠡ ᠨᠢ ᠵᠡᠭᠦᠨᠰᠢ ᠪᠤᠶᠤ ᠡᠮᠥᠨ᠎ᠡ᠂ ᠲᠣᠷᠣᠨᠠᠰᠢ ᠴᠢᠭᠯᠡᠯ ᠳᠤ ᠤᠷᠤᠰᠢᠬᠤ ᠣᠴᠢᠷ ᠡᠨᠡ ᠭᠤᠷᠪᠠᠨ ᠲᠡᠭᠦᠦ ᠶᠢᠨ ᠬᠠᠨᠳᠤ ᠤᠯᠤᠰ ᠢ ᠨᠡᠶᠢᠳᠠ ᠳᠤ ᠨᠢ ︿ᠵᠡᠭᠦᠨ ᠭᠠᠷ ᠤᠨ ᠸᠠᠩ ᠨᠠᠷ﹀ ᠡᠰᠡᠬᠦᠯ᠎ᠡ ︿ᠵᠡᠭᠦᠨ ᠭᠠᠷ ᠤᠨ ᠭᠤᠷᠪᠠᠨ ᠸᠠᠩ﹀ ᠭᠡᠳᠡᠭ ᠪᠠᠶᠢᠪᠠ᠃     ᠬᠠᠷᠢᠴᠠᠩᠭᠤᠢ ᠪᠠᠷ ᠪᠠᠷᠠᠭᠤᠨ ᠭᠠᠷ ᠤᠨ ᠸᠠᠩ ᠤᠳ ᠪᠣᠶᠣ ︿ᠪᠠᠷᠠᠭᠤᠨ ᠭᠠᠷ ᠤᠨ ᠭᠤᠷᠪᠠᠨ ᠸᠠᠩ﹀᠎ ᠨᠢ ᠴᠢᠩᠭᠢᠰ ᠬᠠᠭᠠᠨ ᠤ ᠵᠦᠴᠢ᠂ ᠴᠠᠭᠠᠲᠠᠢ᠂ ᠦᠭᠡᠳᠡᠢ ᠭᠤᠷᠪᠠᠨ ᠬᠥᠣ ᠶᠢᠨ ᠬᠢᠨᠢ ᠬᠠᠨᠳᠤ ᠤᠯᠤᠰ ᠪᠠᠶᠢᠪᠠ᠃ ᠡᠬᠢᠨ ᠳᠤ ᠪᠠᠨ ᠲᠡᠳᠡᠨᠥᠰ ᠠᠯᠲᠠᠢ ᠶᠢᠨ ᠠᠭᠤᠯᠠᠰ ᠠᠴᠠ ᠪᠠᠷᠠᠭᠤᠨᠰᠢᠬᠢ ᠬᠡᠰᠡᠭ ᠲᠤ ᠬᠢᠵᠠᠭᠠᠷᠯᠠᠭᠳᠠᠵᠤ᠂ ᠲᠤᠰᠪᠦᠷᠢ4 ᠮᠢᠩᠭᠠᠳᠣ ᠲᠠᠢ ᠪᠠᠶᠢᠪᠠ᠃ ᠬᠤᠵᠢᠮ ᠨᠢ ᠨᠤᠲᠤᠭ ᠲᠡᠪᠢᠰᠬᠡᠷ ᠨᠢ ᠪᠠᠷᠠᠭᠤᠨᠰᠢ ᠶᠡᠬᠡᠬᠡᠨ ᠲᠡᠯᠡᠵᠡᠢ᠃     ᠮᠦᠩᠬᠡ ᠪᠠ ᠬᠤᠪᠢᠯᠠᠢ ᠶᠢᠨ ᠡᠴᠢᠬᠡ ᠲᠣᠯᠣᠢ ᠨᠢ ᠣᠳᠬᠠᠨ ᠬᠦᠪᠡᠭᠦᠨ ᠤ ᠬᠤᠪᠢᠨ ᠳᠤ ᠭᠠᠯ ᠭᠤᠯᠤᠮᠲᠠ ᠪᠠᠨ ᠰᠠᠬᠢᠵᠦ᠂ ᠴᠢᠩᠭᠢᠰ ᠬᠠᠭᠠᠨ ᠤ ᠬᠠᠮᠳᠣ ᠡᠨᠡᠬᠦ ᠵᠡᠭᠦᠨ ᠪᠠᠷᠠᠭᠤᠨ ᠤ ᠬᠠᠨᠳᠤ ᠤᠯᠤᠰ ᠢ ᠡᠵᠡᠮᠳᠡᠭᠴᠢ ᠲᠥᠪ ᠤᠨ ᠬᠠᠭᠠᠨᠳᠣ ᠤᠯᠤᠰ ᠢᠶᠠᠨ ᠣᠳᠣᠷᠢᠳᠣᠳᠠᠭ ᠪᠠᠶᠢᠵᠠᠢ᠃ ᠲᠡᠭᠦᠨ ᠤ ᠮᠠᠯᠴᠢᠨ ᠪᠠᠶᠢᠯᠳᠣᠭᠴᠢ ᠵᠢᠨ‌‍ᠲ᠋ᠤᠭ᠎ᠠ ᠨᠢ10 ᠲᠦᠮᠡ5 ᠮᠢᠩᠭ᠎ᠠ ᠣᠷᠴᠢᠮ ᠪᠠᠶᠢᠭᠰᠠᠨ ᠪᠠᠶᠢᠨ᠎ᠠ᠃      ᠬᠤᠵᠢᠮ ᠨᠢ ᠮᠣᠩᠭᠤᠯ ᠬᠠᠭᠠᠨᠳᠣ ᠤᠯᠤᠰ ᠨᠢ ᠶᠠᠭ ᠵᠢᠭᠦᠷ ᠵᠶ᠋ᠡᠨ‌‍ᠲ᠋ᠡᠯᠭᠡᠭᠰᠡᠨ ᠲᠤᠭᠤᠷᠤᠤ ᠶᠤᠮᠰᠢᠭ ᠵᠡᠬᠦᠨ᠂ ᠲᠤᠮᠳᠠᠳᠤ᠂ ᠪᠠᠷᠠᠭᠤᠨ ᠬᠡᠰᠡᠨ ᠬᠤᠪᠢᠶᠠᠷᠢ ᠪᠠᠷ ᠦᠷᠦᠨ᠎ᠡ ᠲᠣᠷᠣᠨ᠎ᠠ ᠵᠦᠭ ᠲᠡᠯᠡᠵᠡᠢ᠃ ᠷᠠᠰᠢᠳ᠋ ᠠᠳ᠋ ᠳ᠋ᠢᠨ ᠤ ︿ᠰᠣᠳᠣᠷ ᠤᠨ ᠴᠢᠭᠤᠯᠭᠠᠨ﹀᠎ ᠳᠤ ᠲᠡᠮᠳᠡᠭᠯᠡᠭᠰᠡᠨ ᠢ ᠦᠨᠳᠦᠰᠦᠯᠡᠪᠡᠯ ᠲᠡᠳᠡᠬᠡᠷ ᠮᠠᠯᠴᠢᠨ ᠪᠠᠶᠢᠯᠳᠤᠭᠴᠢᠳ ᠨᠡᠶᠢᠳᠠ ᠳᠤ ᠪᠠᠨ12 ᠲᠦᠮᠡ9 ᠮᠢᠩᠭ᠎ᠠ ᠣᠷᠴᠢᠮ ᠪᠠᠶᠢᠵᠠᠢ᠃ ︿ᠵᠡᠬᠦᠨ ᠭᠠᠷ ᠤᠨ ᠸᠠᠩ﹀ ᠨᠠᠷ ᠢ ᠪᠠᠷᠠᠭᠤᠨ ᠤ ᠭᠤᠷᠪᠠᠨ ᠬᠠᠨᠳᠤ ᠤᠯᠤᠰ ᠲᠠᠢ ᠬᠠᠷᠢᠴᠠᠭᠤᠯᠪᠠᠯ ᠢᠯᠡᠷᠬᠡᠢ ᠨᠢᠭᠡᠨ ᠣᠨᠴᠠᠯᠢᠭ ᠲᠠᠢ ᠪᠠᠶᠢᠳᠠᠭ᠃ ᠲᠡᠷᠨ ᠨᠢ ᠤᠳᠴᠢᠬᠡᠨ ᠤ ᠤᠯᠤᠰ ᠨᠢ ᠨᠡᠩ ᠶᠡᠭᠡ ᠪᠠᠶᠢᠭᠰᠠᠨ ᠪᠦᠭᠡᠳ ᠭᠤᠷᠪᠠᠨ ᠬᠠᠨᠳᠤ ᠤᠯᠤᠰ ᠨᠢ ᠣᠳᠴᠢᠬᠡᠨ ᠤ ᠤᠳᠤᠮ ᠤᠨ ᠬᠢᠨ ᠢᠶᠠᠷ ᠠᠬᠠᠯᠠᠭᠤᠯᠣᠨ ᠬᠠᠮᠳᠣ ᠶᠢᠨ ᠠᠵᠢᠯᠯᠠᠭᠠᠨ ᠳᠤ ᠬᠦᠷᠳᠡᠭ ᠪᠠᠶᠢᠭᠰᠠᠨ ᠬᠡᠷᠡᠭ ᠶᠤᠮ᠃      ᠵᠡᠬᠦᠨ ᠪᠠᠷᠠᠭᠤᠨ ᠬᠤᠶᠠᠷ ᠵᠢᠬᠦᠷ ᠤᠨ ᠬᠠᠨᠳᠤ ᠤᠯᠤᠰ ᠤᠨ ᠮᠠᠯᠴᠢᠨ ᠪᠠᠶᠢᠯᠳᠣᠭᠴᠢ ᠶᠢ ᠲᠤᠰ ᠲᠤᠰ ᠳᠤᠨᠢ ᠪᠦᠷᠢᠳᠬᠡᠵᠦ ᠦᠵᠡᠪᠡᠯ᠂ᠠᠩᠬ᠎ᠠ ᠡᠬᠢᠨ ᠳᠤ ᠪᠠᠨ ᠬᠤᠶᠠᠷ ᠵᠢᠬᠦᠷ ᠨᠢ ᠨᠠᠭᠠᠳᠣ ᠵᠠᠬ᠎ᠠ ᠳᠤ ᠪᠠᠨ ᠪᠦᠷ1ᠲᠦᠮᠡ2 ᠮᠢᠩᠭᠠᠨ ᠪᠠᠶᠢᠯᠳᠤᠭᠴᠢ ᠲᠠᠢ ᠪᠠᠶᠢᠭᠰᠠᠨ ᠪᠠᠶᠢᠨ᠎ᠠ᠃ ᠮᠡᠳᠡᠭᠡᠵᠢ ᠡᠨᠡ ᠨᠢ ᠴᠢᠩᠭᠢᠰ ᠬᠠᠭᠠᠨ‌ᠮᠣᠩᠭᠤᠯ ᠤᠨ ᠵᠡᠬᠦᠨ ᠪᠠᠷᠠᠭᠤᠨ ᠤ ᠬᠦᠴᠦᠨ ᠤ ᠲᠡᠩᠴᠡᠭᠦᠷᠢᠰᠢᠯ ᠢ ᠪᠣᠳᠣᠯᠬᠢᠯᠠᠭᠰᠠᠨ ᠤ ᠦᠷ᠎ᠡ ᠳ᠋ᠦᠩ ᠪᠠᠶᠢᠭᠰᠠᠨ ᠶᠤᠮ᠃ ᠭᠡᠪᠡᠴᠥ ᠨᠠᠷᠢᠨ ᠦᠵᠡᠪᠡᠯ ᠪᠠᠷᠠᠭᠤᠨ ᠤ ᠵᠦᠴᠢ᠂ ᠴᠠᠭᠠᠲᠠᠢ᠂ ᠦᠭᠡᠳᠡᠢ ᠭᠤᠷᠪᠠ ᠶᠢᠨ ᠬᠠᠨᠳᠤ ᠤᠯᠤᠰ ᠨᠢ ᠢᠵᠢᠯᠬᠡᠨ‌‍ᠲ᠋ᠤᠰᠪᠦᠷᠢ 4 ᠮᠢᠩᠭᠠᠳᠣ ᠲᠠᠢ ᠪᠠᠶᠢᠭᠰᠠᠨ ᠪᠣᠯ ᠵᠡᠬᠦᠨ ᠤ ᠭᠤᠷᠪᠠᠨ ᠸᠠᠩ ᠶᠢᠨ ᠬᠢ ᠠᠳᠠᠯᠢ ᠦᠬᠡᠢ ᠪᠠᠶᠢᠵᠠᠢ᠃ ᠣᠳᠴᠢᠬᠡᠨ ᠨᠢ ᠪᠦᠬᠦ ᠬᠦᠮᠦᠰ ᠤᠨ ᠬᠢᠨᠢ2/3᠎ ᠢ ᠨᠢ ᠡᠵᠡᠮᠳᠡᠭᠰᠡᠨ ᠪᠠᠶᠢᠳᠠᠭ᠃ ᠬᠦᠴᠦᠨ ᠤ ᠲᠡᠩᠴᠡᠭᠦᠷᠢ ᠦᠭᠡᠢ ᠪᠠᠶᠢᠳᠠᠯ ᠨᠢ ᠵᠡᠭᠦᠨ ᠪᠠᠷᠠᠭᠤᠨ ᠤ ᠬᠤᠶᠠᠷ ᠵᠢᠬᠦᠷ ᠤᠨ ᠬᠤᠵᠢᠮ ᠤᠨ ᠬᠦᠭᠵᠢᠯ ᠳᠤ ᠶᠡᠬᠡᠬᠡᠨ ᠨᠦᠯᠦᠭᠡᠯᠡᠨ ᠲᠡᠥᠬᠡ ᠶᠢᠨ ᠤᠷᠤᠰᠬᠠᠯ ᠢ ᠦᠬᠡᠷᠡᠴᠢᠯᠡᠵᠡᠢ᠃       1251ᠣᠨ ᠳᠤ ᠮᠣᠩᠭᠤᠯ ᠤᠨ ᠵᠡᠭᠦᠨ ᠬᠡᠰᠡᠭ ᠤᠨ ᠬᠦᠢᠰᠥ ᠪᠣᠯᠣᠭᠰᠠᠨ ᠠᠯᠳᠠᠨ ᠯᠢᠩᠬᠸ᠎ᠠ ᠶᠢᠨ ᠲᠠᠯ᠎ᠠ ᠳᠤ ᠴᠦᠬᠡᠨ ᠲᠠᠭᠠᠯᠲᠠ ᠪᠤᠯᠤᠨ ᠵᠦᠪᠯᠡᠭᠴᠢ ᠶᠢᠨ ᠬᠠᠮᠳᠤ ᠰᠠᠭᠤᠷᠢᠰᠢᠭᠰᠠᠨ ᠬᠤᠪᠢᠯᠠᠢ ᠳᠤ ᠠᠪᠴᠥ ᠬᠡᠯᠡᠪᠡᠯ ᠬᠠᠮᠤᠭ ᠴᠢᠬᠤᠯᠡ ᠲᠤᠳᠤᠭᠠᠳᠤ ᠶᠢᠨ ᠬᠡᠷᠡᠭ ᠨᠢ ᠬᠠᠨᠳᠤ ᠤᠯᠤᠰ ᠤᠨ ᠪᠦᠯᠦᠭᠯᠡᠯ ᠤᠨ ᠬᠠᠮᠤᠭ ᠬᠦᠴᠦᠷᠬᠡᠭ ᠨᠢ ᠪᠣᠯᠣᠭᠰᠠᠨ ᠣᠳᠴᠢᠬᠡᠨ ᠤ ᠬᠠᠷᠢᠶᠠᠳᠣ ᠤᠯᠤᠰ ᠯᠤᠭ᠎ᠠ ᠶᠢᠨ ᠬᠠᠷᠢᠯᠴᠠᠭ᠎ᠠ ᠶᠢ ᠰᠢᠢᠳᠬᠦ ᠠᠰᠠᠭᠤᠳᠠᠯ ᠪᠠᠶᠢᠪᠠ᠃      ᠬᠡᠳᠥᠶᠢᠪᠡᠷ ᠬᠠᠷᠢᠶᠠᠯᠠᠬᠤ ᠬᠠᠷᠢᠶᠠᠯᠠᠭᠳᠠᠬᠤ ᠬᠠᠷᠢᠴᠠᠭ᠎ᠠ ᠪᠣᠢ ᠴᠤ ᠲᠡᠳᠡᠨᠥᠰ ᠰᠢᠳᠣᠷᠭᠤ ᠪᠠᠷ ᠦᠪᠡᠷ ᠲᠠᠢ ᠨᠢ ᠬᠠᠮᠵᠢᠯᠴᠠᠬᠤ ᠡᠰᠡᠬᠦ ᠨᠢ ᠲᠤᠳᠤᠷᠬᠠᠢ ᠪᠣᠰᠤ ᠪᠠᠶᠢᠯ᠎ᠠ᠃ ᠭᠠᠨᠵᠤᠭ᠎ᠠ ᠨᠡᠶᠢᠯᠡᠨ ᠭᠠᠷ ᠬᠤᠯᠪᠣᠵᠦ ᠴᠢᠳᠠᠪᠠᠯ ᠭᠤᠮᠥᠳᠠᠯ ᠠᠯᠳᠠᠷᠠᠨ᠎ᠠ᠃ ᠤᠳᠴᠢᠬᠡᠨ ᠤ ᠤᠭᠰᠠᠭ᠎ᠠ ᠶᠢᠨ ᠴᠢᠭᠯᠡᠯ ᠨᠢ ᠵᠡᠬᠦᠨ ᠤ ᠭᠤᠷᠪᠠᠨ ᠸᠠᠩ ᠤᠨ ᠴᠢᠭᠯᠡᠯ ᠢ ᠲᠤᠭᠳᠠᠭᠠᠬᠤ ᠣᠴᠢᠭ ᠨᠢ ᠶᠤᠮ᠃       ᠲᠤᠬᠠᠢ ᠶᠢᠨ ᠴᠠᠭ ᠭᠤᠷᠪᠠᠨ ᠸᠠᠩ ᠤᠨ ᠬᠦᠴᠦᠨ ᠤ ᠬᠦᠷᠢᠶ᠎ᠡ ᠬᠡᠳᠥᠶᠢᠨᠡᠢ ᠬᠢᠩᠭᠠᠨ ᠳᠠᠪᠠᠭ᠎ᠠ ᠶᠢ ᠲᠠᠪᠠᠨ ᠪᠠᠷᠤᠭ ᠪᠦᠬᠦᠶᠢᠯᠡ ᠮᠠᠨᠵᠤ ᠨᠤᠲᠤᠭ ︵ᠣᠳᠣᠬᠢ ᠬᠢᠲᠠᠳ ᠤᠨ ᠵᠡᠬᠦᠨ ᠬᠤᠶᠢᠳᠣ ᠣᠷᠣᠨ︶᠎ ᠢ ᠬᠠᠮᠣᠷᠣᠭᠰᠠᠨ ᠪᠠᠶᠢᠵᠠᠢ ᠃ ᠲᠡᠳᠡᠨᠥᠰ ᠭᠤᠣᠯᠢ ᠶᠢᠨ ᠬᠤᠶᠢᠳᠣ ᠬᠢᠵᠠᠭᠠᠷ ᠲᠤ ᠴᠤ ᠡᠵᠡᠮᠰᠢᠯ ᠲᠠᠢ ᠪᠠᠶᠢᠵᠦ᠂ ᠶᠠᠨᠵᠢᠩ(燕京)ᠭᠡᠭᠳᠡᠬᠦ ᠵᠦᠩᠳᠣ ᠶᠢᠨ ᠵᠡᠬᠦᠨ ᠲᠡᠭᠦᠷᠬᠡ ᠫᠢᠩᠵᠸᠣ (平洲)ᠬᠠᠪᠢᠴᠠᠭ᠎ᠠ ᠪᠤᠯᠤᠨ ᠱᠠᠨᠳᠦ᠋ᠩ (山东)᠎ ᠤᠨ ᠡᠷᠭᠢ ᠲᠠᠭᠠᠭᠤ ᠣᠷᠣᠨ ᠢᠶᠠᠷ ᠴᠤ ᠡᠵᠡᠮᠰᠢᠯ ᠲᠠᠢ ᠪᠠᠶᠢᠵᠠᠢ᠃ ᠦᠬᠡᠷ᠎ᠡ ᠪᠠᠷ ᠬᠡᠯᠡᠪᠡᠯ ᠬᠡᠷᠡᠭ ᠪᠦᠳᠦᠬᠦ ᠡᠰᠡᠬᠦ ᠨᠢ ᠤᠳᠴᠢᠬᠡᠨ ᠤ ᠤᠳᠤᠮ ᠲᠠᠢ ᠲᠣᠬᠢᠷᠠᠵᠦ ᠴᠢᠳᠠᠬᠤ ᠡᠰᠡᠬᠦ ᠠᠴᠠ ᠰᠢᠯᠲᠠᠭᠠᠯᠠᠨ᠎ᠠ᠃      ᠡᠭᠦᠨ ᠠᠴᠠ ᠭᠠᠳᠠᠨ᠎ᠠ ᠵᠡᠬᠦᠨ ᠭᠤᠷᠪᠠᠨ ᠸᠠᠩ ᠤᠨ ᠡᠵᠡᠮᠰᠢᠯ ᠳᠤ ᠮᠣᠩᠭᠤᠯ ᠤᠨ ᠵᠡᠬᠦᠨ ᠵᠢᠬᠦᠷ ᠲᠤ ᠬᠦᠴᠦᠷᠬᠡᠭ ᠲᠤ ᠪᠠᠭᠲᠠᠬᠤ ︿ᠲᠠᠪᠣᠨ ᠠᠶᠢᠮᠠᠭ﹀᠎ (五投下)᠎ ᠤᠨ ᠬᠢᠨ ᠬᠡᠭᠳᠡᠳᠡᠭ ᠲᠠᠪᠥᠨ ᠴᠡᠷᠢᠭ ᠲᠠᠶᠢᠨ ᠤ ᠪᠦᠯᠦᠭᠯᠡᠯ ᠪᠠᠶᠢᠵᠠᠢ᠃ ᠲᠡᠳᠡᠨᠥᠰ ᠤᠨ ᠲᠥᠪ ᠨᠢ ᠵᠠᠯᠠᠶᠢᠷ ᠤᠨ ᠭᠦᠸᠧ ᠸᠠᠩ ᠤᠨ ᠤᠭᠰᠠᠭ᠎ᠠ ᠪᠠᠶᠢᠭᠰᠠᠨ ᠶᠤᠮ᠃ ᠴᠢᠩᠭᠢᠰ ᠬᠠᠭᠠᠨ ᠪᠠᠷᠠᠭᠤᠨᠰᠢ ᠲᠠᠶᠢᠯᠠᠬᠤ ᠳᠤ ᠪᠠᠨ ᠬᠢᠲᠠᠳ ᠤᠨ ᠨᠤᠲᠤᠭ ᠤᠨ ᠠᠵᠢᠯ ᠬᠡᠷᠡᠭ ᠢ ᠢᠳᠡᠭᠡᠯᠳᠥ ᠨᠦᠬᠦᠷ ᠵᠠᠯᠠᠶᠢᠷ ᠤᠨ ᠮᠣᠬᠤᠯᠠᠢ ᠲᠤ ᠨᠠᠶᠢᠳᠠᠨ ᠬᠠᠮᠢᠶᠠᠷᠠᠭᠤᠯᠣᠨ᠂ ᠲᠡᠭᠦᠨ ᠳᠤ ︿ᠲᠠᠪᠥᠨ ᠠᠶᠢᠮᠠᠭ﹀᠎ ᠢᠶᠠᠷ ᠭᠤᠣᠯᠠᠯᠠᠭᠰᠠᠨ ᠴᠡᠷᠢᠭ ᠤᠨ ᠬᠦᠴᠦᠨ ᠢ ᠦᠯᠡᠳᠡᠬᠡᠭᠰᠡᠨ ᠪᠠᠶᠢᠨ᠎ᠠ᠃ ︿ᠲᠠᠪᠣᠨ ᠠᠶᠢᠮᠠᠭ﹀᠎ ᠤᠨ ᠦᠯᠡᠳᠡᠭᠰᠡᠨ ᠳᠥᠷᠪᠡ ᠨᠢ ᠴᠢᠩᠬᠢᠰ ᠬᠠᠭᠠᠨ ᠤ ᠭᠤᠣᠯ ᠬᠠᠲᠤᠨ‌‍ᠪᠦ᠋ᠷᠳᠠ ᠶᠢᠨ ᠲᠦᠷᠬᠦᠮ ᠪᠣᠯᠬᠤ ᠬᠤᠩᠬᠢᠷᠠᠳ ᠬᠦᠷᠬᠡᠳ᠂ ᠴᠢᠩᠭᠢᠰ ᠬᠠᠭᠠᠨ ᠤ ᠦᠬᠢᠨ ᠲᠡᠭᠦᠦᠰ ᠪᠤᠯᠤᠨ ᠦᠬᠢᠳ ᠤᠨ ᠬᠢᠨᠢ ᠬᠠᠳᠠᠮ ᠢᠬᠢᠷᠡᠰ᠂ ᠴᠢᠩᠬᠢᠰ ᠬᠠᠭᠠᠨ ᠤ ᠬᠠᠳᠠᠭᠤᠵᠢᠯᠳᠤ ᠲᠠᠶᠢᠨ ᠤ ᠣᠨ ᠰᠠᠷ᠎ᠠ ᠳᠤ᠂ ᠣᠨᠴᠠ ᠬᠡᠷᠡᠶᠢᠳ ᠤᠨ ᠸᠠᠩ ᠬᠠᠨ ᠯᠤᠭ᠎ᠠ ᠶᠢᠨ ᠲᠠᠶᠢᠨ ᠳᠤ ᠬᠤᠰᠢᠭᠤᠴᠢᠯᠠᠭᠰᠠᠨ ᠣᠷᠣᠭᠤᠳ᠂ ᠮᠠᠩᠭᠤᠳ ᠪᠤᠯᠤᠨ᠎ᠡ᠃ ᠲᠡᠳᠡᠨᠥᠰ ᠠᠯᠳᠠᠨ ᠤᠯᠤᠰ ᠯᠤᠭ᠎ᠠ ᠶᠢᠨ ᠲᠠᠶᠢᠨ ᠤ ᠲᠠᠷᠠᠭ᠎ᠠ ᠴᠢᠩᠬᠢᠰ ᠬᠠᠭᠠᠨ ᠤ ᠵᠠᠷᠯᠢᠭ ᠢᠶᠠᠷ ᠮᠣᠬᠤᠯᠠᠢ ᠭᠦᠸᠧ ᠸᠠᠩ ᠤᠨ ᠬᠠᠮᠳᠣ ᠮᠣᠩᠭᠤᠯ ᠤᠨ ᠦᠨᠳᠦᠷᠯᠢᠭ ᠤᠨ ᠵᠡᠬᠦᠨ ᠡᠮᠥᠨ᠎ᠡ ᠬᠡᠰᠡᠭ᠂ ᠬᠤᠸᠠᠪᠸᠢ ᠣᠷᠣᠨ(华北地区)᠎ ᠤ ᠠᠰ ᠬᠤᠶᠢᠳᠣ ᠬᠡᠰᠡᠭ ᠤᠳ ᠢ ᠡᠵᠡᠯᠡᠬᠦ ᠬᠡᠰᠢᠭ ᠬᠦᠷᠳᠡᠨ᠂ ᠨᠡᠭᠦᠳᠡᠯ ᠤᠨ ᠡᠷᠬᠡᠰᠢᠶᠡᠯ ᠤᠨ ᠲᠤᠮᠤᠬᠠᠨ ᠤᠷᠤᠨ ᠲᠣᠭᠲᠠᠭᠠᠵᠠᠢ᠃      ᠨᠡᠩ ᠴᠢᠨᠠᠭᠰᠢ ᠨᠢ ︿ᠲᠠᠪᠣᠨ‌ᠠᠶᠢᠮᠠᠭ﹀᠎ ᠤᠨ ᠲᠣᠣᠷ᠎ᠠ ᠨᠢ ᠮᠣᠩᠭᠤᠯ ᠴᠤ ᠶᠣᠮᠰᠢᠭ᠂ ᠪᠢᠰᠢ ᠴᠤ ᠶᠤᠮᠰᠢᠭ ᠬᠢᠲᠠᠨ ᠤ ᠴᠡᠷᠢᠭ ᠤᠨ ᠪᠦᠯᠦᠭᠯᠡᠯ ᠪᠠᠰᠠ ᠤᠷᠤᠰᠢᠵᠦ ᠪᠠᠶᠢᠪᠠ᠃ ᠲᠡᠭᠦᠨ ᠤ ᠣᠳᠣᠷᠢᠳᠣᠭᠴᠢ ᠨᠢ ᠴᠢᠩᠭᠢᠰ ᠬᠠᠭᠠᠨ ᠤ ᠲᠡᠭᠡᠳᠤ ᠲᠡᠰ ᠤᠨ ᠵᠦᠪᠯᠡᠭᠴᠢ ᠠᠭᠰᠠᠨ ᠴᠡᠷᠢᠭ ᠤᠨ ᠲᠣᠰᠠᠯᠠᠭᠴᠢ ᠶᠧᠯᠢᠥᠢ ᠠᠬᠠᠢ (耶律阿海)᠂ ᠶᠧᠯᠢᠥᠢ ᠲᠤᠥᠬᠠᠢ(耶律秃花)ᠠᠬ᠎ᠠ ᠲᠡᠭᠦᠦᠰ ᠤᠨ ᠤᠳᠤᠮ ᠤᠨ ᠬᠢᠨᠢ ᠪᠠᠶᠢᠵᠠᠢ᠃ ᠶᠧᠯᠢᠥᠢ ᠠᠬᠠᠢ ᠶᠢᠨ ᠤᠭᠰᠠᠭ᠎ᠠ ᠨᠢ ᠰᠠᠮᠠᠷᠺᠠᠨᠳ᠋ ᠪᠣᠯᠣᠨ ᠵᠦᠩᠳᠤ ᠶᠢ᠂ ᠶᠧᠯᠢᠥᠢ ᠲᠤᠤᠬᠠᠢ ᠶᠢᠨ ᠤᠭᠰᠠᠭ᠎ᠠ ᠨᠢ ᠤᠤᠯ ᠤᠨ ᠴᠠᠩ ᠠᠨ ︵长安) ᠪᠣᠯᠬᠤ ᠵᠢᠩ ᠵᠣᠣ (京兆)᠎ ᠶᠢ ᠡᠷᠬᠡᠰᠢᠶᠡᠵᠦ ᠪᠠᠶᠢᠪᠠ᠃ ᠡᠭᠦᠨ ᠠᠴᠠ ᠭᠠᠳᠠᠨ᠎ᠠ ᠬᠢᠳᠠᠨ ᠤ ᠴᠡᠷᠢᠭ ᠤᠨ ᠪᠦᠯᠦᠭᠯᠡᠯ ᠤᠨ ᠬᠡᠳᠣᠨ ᠰᠠᠯᠪᠤᠷᠢ ᠨᠢ ᠬᠢᠲᠠᠳ ᠤᠨ ᠬᠤᠶᠢᠳᠣ ᠬᠡᠰᠡᠭ ᠳ᠋ᠤ᠋‌ᠦᠪᠡᠷᠰᠡᠳ ᠤᠨ ᠰᠠᠭᠤᠷᠢᠨ ᠪᠠ ᠬᠦᠴᠦᠨ ᠤ ᠬᠦᠷᠢᠶ᠎ᠡ ᠲᠠᠢ ᠪᠠᠶᠢᠪᠠ᠃ ᠲᠡᠳᠡᠨᠥᠰ ᠤᠨ ᠲᠤᠮᠳᠡ ᠱᠢ ᠮᠥᠸᠧ ᠮᠢᠩᠭᠠᠨ(石抹明安) ᠪᠠ ᠱᠢ ᠮᠥᠸᠧ ᠶᠢᠰᠥᠨ (石抹也先)᠎ ᠤ ᠡᠭᠦᠰᠬᠡᠭᠰᠡᠨ ᠬᠤᠶᠠᠷ ᠤᠭᠰᠠᠭ᠎ᠠ ᠨᠢ ᠪᠠᠰᠠ ᠨᠡᠯᠢᠶᠡᠳ ᠬᠦᠴᠦᠷᠬᠡᠭ ᠪᠠᠶᠢᠵᠠᠢ᠃       ᠨᠡᠩ ᠲᠣᠣᠷ᠎ᠠ ᠱᠠᠳᠤᠨ ᠳᠤ ᠬᠤᠸᠠᠪᠸᠢ ᠶᠢᠨ ᠡᠯ᠎ᠡ ᠣᠷᠣᠨ ᠢᠶᠠᠷ ᠠᠶᠠᠨᠳᠠᠭᠠᠨ ᠪᠤᠢ ᠪᠤᠯᠤᠭᠰᠠᠨ ᠶᠡᠭᠡ ᠪᠠᠭ᠎ᠠ᠂ ᠶᠠᠩᠵᠤ ᠪᠦᠷᠢ ᠶᠢᠨ ᠭᠠᠵᠠᠷ ᠣᠷᠣᠨ ᠤ ᠣᠯᠠᠨ ᠵᠡᠪᠰᠡᠭᠲᠦ ᠪᠦᠯᠦᠭᠯᠡᠯ ᠤᠳ ᠪᠠᠶᠢᠵᠠᠢ᠃ ᠲᠡᠳᠡᠨᠥᠰ ᠤᠨ ᠶᠡᠬᠡᠩᠬᠢ ᠨᠢ ᠮᠣᠩᠭᠤᠯ ᠤᠨ ᠰᠠᠯᠪᠦᠷᠢ ᠬᠦᠴᠦᠨ ᠨᠦᠭᠦᠳ ᠲᠠᠢ ᠦᠪᠡᠷ ᠦᠪᠡᠷᠰᠡᠳ ᠤᠨ ᠬᠠᠷᠢᠴᠠᠭ᠎ᠠ ᠲᠠᠢ ᠪᠠᠶᠢᠵᠦ᠂ ᠮᠣᠩᠭᠤᠯ ᠤᠨ ᠬᠦᠴᠦᠨ ᠢᠶᠠᠷ ᠲᠦᠰᠢᠭ ᠪᠤᠯᠭᠠᠨ ᠲᠤᠬᠠᠢ ᠶᠢᠨ ᠣᠷᠣᠨ ᠤ ᠢᠷᠭᠡᠳ ᠢᠶᠠᠨ ᠬᠠᠮᠢᠶᠠᠷᠥᠨ ᠡᠵᠡᠮᠳᠡᠬᠦ ︿ᠲᠠᠭᠠᠭᠠᠴᠢᠯᠠᠭᠴᠢ ﹀᠎ ᠶᠢᠨ ᠲᠥᠷᠢ ᠲᠠᠢ ᠪᠠᠶᠢᠵᠠᠢ᠃ ᠢᠯᠠᠩᠭᠤᠶ᠎ᠠ ᠠᠯᠳᠠᠨ ᠤᠯᠤᠰ ᠮᠦᠬᠦᠭᠰᠡᠨ ᠬᠤᠶᠢᠨ᠎ᠠ ᠮᠣᠩᠭᠤᠯ ᠤᠨ ᠲᠥᠷᠥ ᠶᠢᠨ ᠪᠣᠳᠣᠯᠭ᠎ᠠ ᠶᠢᠨ ᠴᠢᠭᠯᠡᠯ ᠲᠠᠭᠠᠭᠤ ᠤᠯᠠᠮ ᠨᠢᠭᠡ ᠠᠯᠬᠤᠮ ᠴᠡᠭᠴᠡᠯᠡᠭᠳᠡᠨ ᠨᠢᠬᠡᠳᠴᠡᠢ᠃ ᠳ᠋ᠦᠩᠫᠢᠩ ᠤᠨ ᠶᠠᠨ ᠣᠪᠣᠭᠳᠣ᠂(东平的严氏) ᠢᠳᠥ ᠶᠢᠨ ᠯᠢ ᠤᠪᠤᠭᠳᠣ(益都的李氏)᠂ ᠵᠢᠨᠠᠨ ᠤ ᠵᠠᠩ ᠣᠪᠣᠭᠳᠣ(济南的张氏)᠂ ᠵᠧᠨᠳᠢᠩ ᠤᠨ ᠱᠢ ᠣᠪᠣᠭᠳᠣ(真定的史氏)᠂ ᠪᠣᠣᠳᠢᠩ ᠤᠨ ᠵᠠᠩ ᠤᠪᠤᠭᠳᠤ(保定的张氏) ᠵᠡᠷᠬᠡ ᠨᠢ ᠲᠡᠳᠡᠨᠥᠰ ᠤᠨ ᠲᠦᠯᠦᠭᠡᠯᠡᠭᠴᠢ ᠬᠦᠴᠦᠨ‌ᠨᠦᠭᠦᠳ ᠶᠤᠮ᠃ ᠡᠳᠡᠭᠡᠷ ᠬᠦᠴᠦᠨ‌ᠨᠦᠭᠦᠳ ᠤᠨ ᠴᠡᠷᠢᠭ ᠤᠨ ᠡᠷᠬᠡᠳᠡᠨ ᠤ ᠦᠩᠬᠡ ᠪᠤᠳᠤᠭ ᠠᠶᠠᠨᠳᠠᠭᠠᠨ ᠨᠡᠮᠡᠭᠳᠡᠵᠦ ᠪᠠᠶᠢᠯ᠎ᠠ᠃      ᠢᠩᠬᠢᠭᠡᠳ ᠮᠣᠩᠭᠤᠯ ᠤᠨ ᠵᠡᠬᠦᠨ ᠬᠡᠰᠡᠭ ᠨᠢ ᠡᠯᠳᠡᠪ ᠬᠦᠴᠦᠨ ᠨᠦᠭᠦᠳ ᠬᠤᠯᠢᠯᠳᠣᠭᠰᠠᠨ ᠡᠯᠡᠷ ᠪᠠᠯᠠᠷ ᠴᠠᠭ ᠤᠨ ᠢᠶᠠᠨ ᠣᠷᠭᠢᠯ ᠦᠶ᠎ᠡ ᠳᠤ ᠪᠠᠶᠢᠪᠠ᠃ ᠮᠣᠩᠭᠤᠯ ᠤᠨ ᠪᠦᠬᠦ ᠬᠢᠵᠠᠭᠠᠷ ᠢ ᠠᠵᠢᠪᠠᠯ ᠡᠶᠢᠮᠥᠷᠬᠦ ᠦᠵᠡᠭᠳᠡᠯ ᠨᠢ ᠨᠢᠭᠡ ᠬᠡᠮᠵᠢᠶᠡᠨ ᠳᠤ ᠲᠦᠭᠡᠮᠡᠯ ᠪᠠᠶᠢᠭᠰᠠᠨ ᠪᠣᠯᠪᠠᠴᠥ ᠵᠡᠬᠦᠨ ᠬᠡᠰᠡᠭ ᠤᠨ ᠵᠠᠮᠪᠠᠷᠠᠭ᠎ᠠ ᠦᠭᠡᠢ ᠪᠠᠶᠢᠳᠠᠯ ᠨᠢ ᠨᠡᠩᠳᠡ ᠬᠡᠴᠡᠬᠦᠦ ᠪᠠᠶᠢᠵᠠᠢ᠃ ᠬᠤᠪᠢᠯᠠᠢ ᠶᠢ ᠠᠩᠬ᠎ᠠ ᠢᠷᠡᠬᠦ ᠳᠤ ᠲᠤᠬᠠᠢ ᠶᠢᠨ ᠣᠷᠣᠨ ᠨᠢᠭᠡ ᠡᠶᠢᠮᠥᠷᠬᠦ ᠰᠢᠨᠵᠢᠳᠡᠢ ᠪᠠᠶᠢᠭᠰᠠᠨ ᠶᠤᠮ᠃       ᠶᠠᠭᠠᠬᠢᠭᠠᠳ ᠠᠯᠲᠠᠨ ᠯᠢᠩᠬᠤ᠎ᠠ ᠶᠢᠨ ᠲᠠᠯ᠎ᠠ (金莲川)ᠬᠡᠵᠦ︖        ᠬᠤᠪᠢᠯᠠᠢ ᠠᠯᠳᠠᠨ ᠯᠢᠩᠬᠸ᠎ᠠ ᠶᠢᠨ ᠲᠠᠯ᠎ᠠ ᠶᠢ ᠰᠤᠩᠭᠤᠨ ᠵᠡᠬᠦᠨ ᠬᠡᠰᠡᠭ ᠢ ᠡᠵᠡᠮᠳᠡᠬᠦ ᠰᠠᠭᠤᠷᠢᠨ ᠭᠠᠵᠠᠷ ᠪᠤᠯᠭᠠᠭᠰᠠᠨ ᠨᠢ ᠰᠢᠯᠳᠠᠭᠠᠨ ᠲᠠᠢ ᠶᠤᠮ᠃ ᠡᠨᠡ ᠨᠤᠲᠤᠭ ᠨᠢ ᠵᠠᠯᠠᠶᠢᠷ ᠤᠨ ᠸᠠᠩ ᠤᠨ ᠤᠳᠤᠮ ᠪᠤᠯᠤᠨ ᠤᠷᠤᠭᠤᠳ ᠠᠶᠢᠮᠠᠭ ᠤᠨ ᠨᠡᠬᠦᠳᠡᠯ ᠤᠨ ᠨᠤᠲᠤᠭ ᠪᠠᠶᠢᠪᠠ᠃ ᠠᠳᠡ ᠰᠠᠭᠤᠷᠢᠰᠢᠭᠰᠠᠨ ᠨᠢ ᠵᠠᠯᠠᠶᠢᠷ ᠤᠨ ᠸᠠᠩ ᠤᠨ ᠤᠳᠤᠮ ᠢ ᠨᠡᠷ᠎ᠡ ᠲᠥᠷᠥ ᠲᠠᠢ ᠪᠠᠷ ᠤᠳᠤᠷᠢᠳᠴᠥ ᠪᠠᠶᠢᠭ᠎ᠠ ᠭᠡᠳᠡᠭ ᠢᠶᠠᠨ ᠬᠠᠷᠠᠭᠤᠯᠤᠭᠰᠠᠨ ᠬᠡᠷᠡᠭ ᠶᠤᠮ᠃ ᠲᠡᠭᠦᠪᠡᠷ ᠴᠤ ᠵᠤᠭᠰᠤᠬᠤ ᠦᠭᠡᠢ ᠪᠣᠰᠣᠳ ᠰᠢᠯᠳᠠᠭᠠᠨ ᠪᠠᠰᠠ ᠪᠠᠶᠢᠭᠰᠠᠨ ᠪᠠᠶᠢᠨ᠎ᠠ᠃      ᠲᠡᠥᠬᠡ ᠶᠢ ᠡᠷᠭᠢᠴᠡᠬᠦᠯᠪᠡᠯ ᠣᠨ‌‍ᠲ᠋ᠣᠭᠠᠯᠠᠯ ᠤᠨ1115 ᠣᠨ ᠠᠴᠠ ᠬᠤᠶᠢᠰᠢᠬᠢ ᠠᠯᠳᠠᠨ ᠤᠯᠤᠰ ᠤᠨ ᠦᠶ᠎ᠡ ᠳᠤ ᠡᠨᠡ ᠬᠠᠪᠢ ᠪᠠᠷ ᠬᠤᠸᠠᠨᠵᠸᠥ᠂ ᠹᠦᠵᠸᠥ (桓州及抚州)ᠬᠡᠮᠡᠬᠦ ᠬᠤᠶᠠᠷ ᠴᠤ ᠬᠤᠲᠠ ᠪᠠᠶᠢᠵᠠᠢ᠃ ᠡᠶᠢᠮᠥ ᠠᠴᠠ ᠠᠯᠳᠠᠨ ᠯᠢᠩᠬᠸ᠎ᠠ ᠶᠢᠨ ᠲᠠᠯ᠎ᠠ ᠨᠢ ᠪᠠᠰᠠ ︿ᠬᠤᠸᠠᠨ ᠹᠦ᠋ ᠶᠢᠨ ᠬᠤᠭᠤᠷᠤᠨᠳᠤ﹀ (桓抚之间)ᠬᠡᠮᠡᠨ ᠶᠠᠷᠢᠭᠳᠠᠳᠠᠭ ᠪᠠᠶᠢᠪᠠ᠃ ᠲᠡᠭᠡᠷ᠎ᠡ ᠲᠤᠷᠠᠳᠤᠭᠰᠠᠨ ᠶᠧᠯᠢᠥᠢ ᠠᠬᠠᠢ᠂ ᠶᠧᠯᠢᠥᠢ ᠲᠤᠤᠬᠠᠢ‌ᠠᠬ᠎ᠠ ᠲᠡᠭᠦᠦ ᠬᠤᠶᠠᠷ ᠤᠨ ᠡᠴᠢᠬᠡ ᠨᠢ ᠠᠳᠡᠬᠢ ᠲᠠᠯ᠎ᠠ ᠨᠤᠲᠤᠭ ᠤᠨ ᠬᠤᠲᠠ ᠬᠤᠸᠠᠨᠵᠸᠤ ᠶᠢᠨ ᠨᠤᠶᠠᠨ ᠨᠢ ᠪᠠᠶᠢᠪᠠ᠃ ᠱᠢ ᠮᠥᠸᠧ ᠮᠢᠩᠭᠠᠨ ᠴᠤ ᠪᠠᠰᠠ ᠬᠤᠸᠠᠨᠵᠸᠤ ᠶᠢᠨ ᠬᠦᠮᠦᠨ ᠪᠠᠶᠢᠭᠰᠠᠨ ᠶᠤᠮ᠃ ᠠᠯᠳᠠᠨ ᠤᠯᠤᠰ ᠤᠨ ᠦᠶ᠎ᠡ ᠳᠤ ᠦᠪᠦᠷ ᠮᠣᠩᠭᠤᠯ ᠤᠨ ᠨᠤᠲᠤᠭ ᠢᠶᠠᠷ ᠲᠠᠷᠬᠠᠭᠠᠭᠳᠠᠨ ᠪᠡᠯᠡᠳᠬᠡᠭᠳᠡᠭᠰᠡᠨ ᠬᠢᠳᠠᠨ ᠤ ᠴᠡᠷᠢᠭ ᠤᠨ ᠪᠦᠯᠦᠭ ᠤᠳ ᠲᠤ ᠠᠪᠴᠥ ᠬᠡᠯᠡᠪᠡᠯ ᠠᠳᠡᠬᠢ ᠨᠢ ᠭᠠᠵᠠᠷ ᠤᠨ ᠪᠠᠶᠢᠴᠠ ᠤᠨ ᠬᠤᠪᠢᠨ ᠳᠤ ᠠᠮᠢᠨ ᠴᠢᠬᠤᠯᠡ ᠲᠠᠯ᠎ᠠ ᠨᠤᠲᠤᠭ ᠪᠠᠶᠢᠭᠰᠠᠨ ᠪᠦᠭᠡᠳ ᠬᠤᠸᠠᠨᠵᠸᠤ ᠪᠣᠯᠣᠨ ᠹᠦᠵᠸᠤ ᠬᠤᠶᠠᠷ ᠬᠤᠲᠠ ᠶᠢᠨ ᠪᠠᠶᠢᠯᠳᠤᠬᠤ ᠪᠣᠳᠣᠯᠭ᠎ᠠ ᠪᠠ ᠬᠠᠩᠭᠠᠯᠭ᠎ᠠ ᠶᠢᠨ ᠴᠢᠬᠤᠯᠡ ᠤᠷᠤᠨ ᠪᠠᠶᠢᠪᠠ᠃ ︿ᠬᠤᠸᠠᠨ ᠹᠦ᠋ ᠶᠢᠨ ᠬᠤᠭᠤᠷᠤᠨᠳᠤ﹀᠎ ᠨᠢ ᠠᠯᠳᠠᠨ ᠤᠯᠤᠰ ᠲᠤ ᠠᠪᠴᠥ ᠬᠡᠯᠡᠪᠡᠯ ᠬᠢᠵᠠᠭᠠᠷ ᠤᠨ ᠲᠠᠯ᠎ᠠ ᠨᠤᠲᠤᠭ ᠲᠡᠳᠥᠢ ᠪᠢᠰᠢ ᠬᠠᠷᠢᠨ ᠴᠤ ᠶᠡᠬᠡᠬᠡᠨ ᠴᠢᠬᠤᠯᠡ ᠭᠠᠵᠠᠷ ᠨᠤᠲᠤᠭ ᠪᠠᠶᠢᠭᠰᠠᠨ ᠪᠠᠶᠢᠨ᠎ᠠ᠃     ᠵᠤᠨ ᠤ ᠤᠯᠠᠷᠢᠯ ᠪᠣᠯᠬᠤ ᠪᠠᠷ ᠠᠯᠳᠠᠨ ᠤᠯᠤᠰ ᠤᠨ ᠬᠠᠭᠠᠨ ᠣᠷᠳᠣᠨ ᠤ ᠬᠢᠨᠢ ᠪᠦᠭᠴᠢᠮ ᠬᠠᠯᠠᠭᠤᠨ ᠵᠦᠩᠳᠣ ᠪᠣᠯᠣᠨ ᠬᠠᠪᠢ ᠶᠢᠨ ᠨᠤᠲᠤᠭ ᠠᠴᠠ ᠰᠠᠯᠤᠨ300 ᠣᠷᠴᠢᠮ ᠺᠢᠯᠥᠮᠧᠲᠷ ᠵᠠᠶᠢᠲᠠᠢ ᠲᠠᠴᠢᠷᠯᠢᠭ ᠦᠨᠳᠦᠷᠯᠢᠭ ᠢ ᠵᠤᠷᠢᠳᠠᠭ ᠪᠠᠶᠢᠪᠠ᠃ ᠤᠷᠳᠤᠨ ᠤ᠂ ᠵᠠᠰᠠᠭ ᠤᠨ ᠶᠡᠭᠡ ᠬᠡᠪᠴᠢᠶᠡᠨ ᠤ ᠬᠦᠮᠦᠰ ᠪᠣᠯᠣᠨ ᠣᠯᠠᠨ ᠲᠣᠭᠠᠨ ᠤ ᠰᠢᠳᠠᠷ ᠴᠡᠷᠢᠭ ᠨᠦᠭᠦᠳ ᠬᠠᠭᠠᠨ ᠢᠶᠠᠨ ᠲᠠᠭᠠᠯᠳᠣᠨ ᠠᠳᠠ ᠢᠷᠡᠳᠡᠭ ᠪᠠᠶᠢᠪᠠ᠃ ᠲᠡᠭᠦᠨ ᠳᠤ ᠵᠤᠷᠢᠭᠤᠯᠤᠭᠰᠠᠨ ᠤᠷᠳᠤᠨ᠂ ᠰᠠᠭᠤᠷᠢᠨ ᠲᠠᠯ᠎ᠠ ᠨᠤᠲᠤᠭ ᠢᠶᠠᠷ ᠲᠦᠬᠡᠵᠡᠢ᠃     ᠡᠨᠡ ᠨᠢ ᠨᠢᠭᠡ ᠲᠠᠯ᠎ᠠ ᠪᠠᠷ ᠢᠶᠠᠨ ᠬᠠᠭᠠᠨ ᠤ ᠣᠷᠳᠣᠨ ᠤ ᠬᠢᠨ ᠤ ᠵᠣᠰᠠᠭᠠᠯ ᠤᠨ ᠭᠠᠵᠠᠷ ᠪᠠᠶᠢᠭᠰᠠᠨ ᠪᠠ ᠨᠦᠭᠦᠬᠡ ᠲᠠᠯ᠎ᠠ ᠪᠠᠷ ᠢᠶᠠᠨ ᠰᠢᠳᠠᠷ ᠴᠡᠷᠢᠭ ᠤᠨ ᠠᠳᠣᠭᠤᠨ ᠰᠦᠷᠦᠭ ᠤᠨ ᠪᠡᠯᠴᠢᠬᠡᠷ ᠪᠠᠶᠢᠭᠰᠠᠨ ᠪᠠᠶᠢᠨ᠎ᠠ᠃ ᠢᠯᠠᠩᠭᠤᠶ᠎ᠠ ᠶᠡᠭᠡ ᠬᠡᠪᠴᠢᠶᠡᠨ ᠤ ᠴᠡᠷᠢᠭ ᠤᠨ ᠠᠭᠲᠠ ᠶᠢᠨ ᠵᠤᠰᠠᠯᠠᠩ ᠪᠠᠶᠢᠪᠠ᠃ ᠬᠠᠷᠠᠪᠠᠰᠥ ᠨᠤᠲᠤᠭ‌‍ᠲ᠋ᠦ᠋ᠬᠦᠷᠡᠩ ᠬᠠᠭᠠᠨ ᠤ ᠣᠷᠳᠣᠨ ᠪᠠ ᠰᠢᠳᠠᠷ ᠴᠡᠷᠢᠭ ᠤᠨ ᠠᠯᠪᠠᠨ ᠤ ᠮᠠᠯᠵᠢᠯ ᠤᠨ ᠲᠠᠯᠠᠪᠠᠢ ᠪᠠᠶᠢᠯ᠎ᠠ᠃      ᠠᠯᠳᠠᠨ ᠤᠯᠤᠰ ᠨᠢ ᠵᠦᠩᠳᠣ ᠳᠤ ᠡᠪᠥᠯᠵᠢᠨ᠂︿ᠬᠤᠸᠠᠨ ᠹᠦ᠋ ᠶᠢᠨ ᠬᠤᠭᠤᠷᠤᠨᠳᠤ﹀ ᠵᠣᠰᠠᠳᠠᠭ ᠪᠠᠶᠢᠭᠰᠠᠨ ᠪᠦᠬᠡᠳ ᠡᠨᠡᠬᠦ ᠠᠮᠠᠷᠠᠯᠲᠠ ᠶᠢᠨ ᠣᠷᠣᠨ ᠨᠢ ᠪᠠᠰᠠ ︿ᠨᠡᠶᠢᠰᠯᠡᠯ﹀ ᠪᠠᠶᠢᠵᠠᠢ᠃ ᠵᠦᠪᠬᠡᠨ‌ᠡᠨᠡ ᠨᠠᠶᠢᠰᠯᠡᠯ ᠨᠢ ᠨᠢᠭᠡ ᠴᠡᠭ ᠲᠡᠳᠥᠢ ᠪᠢᠰᠢ᠂ ᠬᠠᠷᠢᠨ ᠬᠠᠪᠲᠠᠭᠠᠢ ᠪᠠᠶᠢᠭᠰᠠᠨ ᠪᠠᠶᠢᠨ᠎ᠠ᠃      ᠡᠮᠥᠨᠡᠰᠢᠯᠡᠬᠦᠯᠵᠦ ᠦᠵᠡᠪᠡᠯ‌ᠠᠯᠳᠠᠨ ᠤᠯᠤᠰ ᠯᠠ ᠪᠢᠰᠢ ᠬᠢᠳᠠᠨ ᠤ ᠯᠢᠶᠥᠥ ᠬᠦᠷᠦᠨ ᠤ ᠦᠶ᠎ᠡ ᠳᠤ ᠴᠤ ᠢᠵᠢᠯᠬᠡᠨ ᠪᠠᠶᠢᠵᠠᠢ᠃ ᠯᠢᠶᠥᠥ ᠶᠢᠨ ᠦᠶ᠎ᠡ ᠳᠤ ᠡᠨᠡᠬᠦ ᠨᠤᠲᠤᠭ ᠨᠢ ᠬᠠᠭᠠᠳ ᠤᠨ ᠬᠢᠨᠢ ᠴᠢᠬᠤᠯᠡ ᠨᠡᠭᠦᠳᠡᠯ ᠤᠨ ᠤᠷᠤᠨ ᠪᠠᠶᠢᠵᠦ᠂ ᠮᠠᠯᠵᠢᠯ ᠤᠨ ᠲᠠᠯᠠᠪᠠᠢ ᠳᠦᠭᠦᠷᠡᠩ ᠪᠠᠶᠢᠭᠰᠠᠨ ᠪᠠᠶᠢᠳᠠᠭ᠂ ᠡᠨᠡ ᠲᠤᠬᠠᠢ ᠵᠢᠭᠠᠬᠠᠨ‌‍ᠲ᠋ᠣᠳᠣᠷᠬᠠᠶᠢᠯᠠᠨ ᠦᠭᠦᠯᠡᠶ᠎ᠡ᠃       ᠬᠢᠳᠠᠨ ᠤ ᠨᠡᠶᠢᠰᠯᠡᠯ ᠨᠢ ᠱᠠᠩᠵᠢᠩ ᠯᠢᠨ ᠬᠤᠸᠠᠩ ᠹᠦ᠋ (上京临潢府)ᠪᠠᠶᠢᠪᠠ᠃ ᠪᠠᠶᠢᠷᠢᠰᠢᠯ ᠨᠢ ᠡᠨᠡᠬᠦ ᠲᠠᠯ᠎ᠠ ᠨᠤᠲᠤᠭ ᠠᠴᠠ ᠴᠤ ᠬᠤᠶᠢᠨ᠎ᠠ ᠤᠷᠤᠰᠢᠬᠤ ᠰᠢᠷ᠎ᠠ ᠮᠦᠷᠡᠨ ᠤ ᠬᠤᠶᠢᠳᠤ ᠡᠷᠭᠢ ᠳᠤ ᠶᠤᠮ ᠃ ᠰᠢᠷ᠎ᠠ ᠮᠦᠷᠡᠨ ᠭᠡᠳᠡᠭ ᠨᠢ ᠰᠢᠷ᠎ᠠ ᠦᠩᠬᠡ ᠲᠠᠢ ᠭᠤᠣᠯ ᠭᠡᠰᠡᠨ ᠤᠳᠬ᠎ᠠ ᠲᠠᠢ᠃ ᠲᠡᠶᠢᠮᠥ ᠠᠴᠠ ᠬᠢᠲᠠᠳ ᠬᠡᠯᠡᠨ᠎ᠡ ᠬᠤᠸᠠᠩ ᠱᠦᠢ ᠪᠤᠶᠥ ᠬᠤᠸᠠᠩ ᠾᠧ (黄水或黄河)ᠬᠡᠮᠡᠨ ᠣᠷᠴᠢᠭᠤᠯᠵᠠᠢ᠃ ᠬᠤᠲᠠ ᠨᠢ ᠬᠤᠸᠠᠩ ᠱᠦᠢ ᠶᠢ ᠡᠰᠡᠷᠭᠦᠯᠡᠨ ᠣᠷᠣᠰᠢᠳᠠᠭ ᠪᠤᠯᠬᠤᠷ ᠯᠢᠨ ᠬᠤᠸᠠᠩ ᠹᠦ᠋ ᠬᠡᠮᠡᠭᠰᠡᠨ ᠪᠠᠶᠢᠳᠠᠭ᠃      ᠭᠡᠪᠡᠴᠥ ᠯᠢᠨ ᠬᠤᠸᠠᠩ ᠹᠦ᠋ ᠨᠢ ᠪᠠᠷᠤᠭ ᠯᠠ ᠨᠡᠷ᠎ᠡ ᠶᠢᠨ ᠲᠡᠳᠥᠢ᠂ ᠪᠡᠯᠭᠡ ᠲᠡᠮᠳᠡᠭ ᠤᠨ ᠮᠠᠶ᠋ᠢᠭᠲᠠᠢ ᠨᠡᠶᠢᠰᠯᠡᠯ ᠪᠠᠶᠢᠭᠰᠠᠨ ᠠᠵᠠᠢ᠃ ᠬᠡᠷᠪᠡ ᠭᠢᠳᠠᠨ ᠤ ᠡᠵᠡᠨᠳᠥ ᠭᠦᠷᠦᠨ ᠨᠢ ᠵᠦᠪᠬᠡᠨ ᠴᠡᠪᠡᠷ ᠨᠡᠭᠦᠳᠡᠯᠴᠢᠳ ᠤᠨ ᠭᠢᠳᠠᠨ ᠦᠨᠳᠦᠰᠦᠲᠡᠨ ᠤ ᠲᠥᠷᠥ ᠬᠡᠪ ᠢᠶᠠᠷ ᠪᠠᠶᠢᠭᠰᠠᠨ ᠪᠤᠯ ᠲᠠᠯ᠎ᠠ ᠨᠤᠲᠤᠭ ᠤᠨ ᠨᠡᠶᠢᠰᠯᠡᠯ ᠪᠤᠯᠤᠭᠰᠠᠨ ᠱᠠᠩᠵᠢᠩ ᠯᠢᠨ ᠬᠤᠸᠠᠩ ᠹᠦ᠋ ᠨᠢ ᠬᠦᠢᠴᠡᠳ ᠬᠠᠩᠭᠠᠯᠲᠠᠲᠠᠢ ᠪᠠᠶᠢᠭᠰᠠᠨ ᠪᠠᠶᠢᠬᠤ ᠶᠤᠮ᠃ ᠣᠴᠢᠷ ᠨᠢ ᠰᠢᠷ᠎ᠠ ᠮᠦᠷᠡᠨ ᠤ ᠣᠷᠣᠰᠬᠠᠯ ᠣᠷᠣᠨ ᠨᠢ ᠶᠧᠯᠢᠥᠢ ᠠᠪᠥᠥᠵᠠᠢ (耶律阿保机)᠎ ᠶᠢᠨ ᠦᠶ᠎ᠡ ᠳᠤ ᠰᠠᠶ᠋ᠢ ᠶᠡᠭᠡ ᠨᠢᠬᠡᠳᠥᠯ ᠢᠶᠠᠨ ᠪᠡᠶᠡᠯᠡᠬᠦᠯᠦᠭᠰᠡᠨ ᠭᠢᠳᠠᠨᠴᠥᠳ ᠲᠤ ᠠᠪᠴᠥ ᠬᠡᠯᠡᠪᠡᠯ ︿ᠲᠡᠭᠡᠳᠥᠰ ᠤᠨ ᠬᠢᠨᠢ ᠲᠡᠭᠵᠢᠨ ᠮᠠᠨᠳᠣᠭᠰᠠᠨ ᠤᠷᠤᠨ﹀ ᠪᠠᠶᠢᠭᠰᠠᠨ ᠶᠤᠮ᠃      ᠭᠡᠪᠡᠴᠥ ᠭᠢᠳᠠᠨ ᠤ ᠡᠵᠡᠨᠳᠤ ᠬᠦᠷᠦᠨ ᠨᠢ ᠡᠭᠦᠪᠡᠷ ᠵᠤᠭᠰᠤᠭ᠎ᠠ ᠦᠭᠡᠢ᠃ ᠲᠡᠳᠡᠨᠥᠰ ᠲᠠᠪᠤᠨ ᠭᠦᠷᠦᠨ᠂ ᠰᠦᠩ ᠵᠡᠷᠬᠡ ᠬᠤᠸᠠᠪᠸᠢ ᠶᠢᠨ ᠲᠥᠷᠥ ᠨᠦᠭᠦᠳ ᠢ ᠲᠠᠷᠠᠭᠠᠯᠠᠨ ᠲᠠᠷᠥᠵᠦ᠂ ︿ᠶᠠᠨ ᠶᠦᠨ ᠤ ᠠᠷᠪᠠᠨ ᠵᠢᠷᠭᠤᠭᠠᠨ ᠵᠸᠥ ﹀ ︵燕云十六州)ᠭᠡᠭᠴᠢ ᠶᠢ ᠡᠵᠡᠯᠡᠨ᠂ ᠰᠦᠩ ᠤᠯᠤᠰ ᠠᠴᠠ ︿ᠣᠨ ᠤ ᠮᠦᠩᠭᠦ﹀ (岁币)ᠭᠡᠭᠴᠢ ᠨᠡᠷᠡᠶᠢᠳᠥᠯ ᠢᠶᠠᠷ ᠮᠦᠩᠭᠦ᠂ ᠲᠣᠷᠭ᠎ᠠ ᠵᠡᠷᠬᠡ ᠠᠵᠤ ᠠᠬᠤᠢ ᠶᠢᠨ ᠲᠣᠰᠠᠯᠠᠮᠵᠢ ᠠᠪᠴᠥ᠂ ᠬᠠᠷᠢᠭᠤ ᠳᠤ ᠨᠢ ᠲᠠᠶᠢᠳᠣᠬᠤ ᠦᠭᠡᠢ ᠲᠠᠶᠢᠪᠣᠩ ᠪᠠᠶᠢᠯᠭᠠᠬᠤ ᠶᠢ ᠭᠦᠢᠴᠡᠬᠡᠵᠦ ᠪᠠᠶᠢᠪᠠ᠃ ᠲᠣᠷᠣᠨ᠎ᠠ ᠳᠤ ᠪᠦᠸᠧᠬᠠᠢ ᠤᠯᠤᠰ (渤海国)᠎ ᠢ ᠬᠤᠷᠢᠶᠠᠨ᠂ ᠥᠩ ᠰᠢᠮᠡᠯᠢᠭ ᠯᠢᠶᠥᠦᠨᠢᠭ ᠤᠨ ᠲᠡᠭᠰᠢ ᠲᠠᠯ᠎ᠠ ᠪᠠᠷ ᠭᠤᠤᠯᠳᠠᠭᠰᠠᠨ ᠮᠠᠨᠵᠤ ᠶᠢᠨ ᠨᠤᠲᠤᠭ ᠢ ᠪᠦᠭᠦᠨ ᠢ ᠡᠵᠡᠯᠡᠵᠦ ᠪᠠᠶᠢᠪᠠ᠃      ᠭᠢᠳᠠᠨ ᠤ ᠯᠢᠶᠥᠥ ᠡᠵᠡᠨᠳᠦ ᠭᠦᠷᠦᠨ ᠨᠢ ᠲᠤᠬᠠᠢ ᠶᠢᠨ ᠦᠶ᠎ᠡ ᠳᠤ ᠪᠠᠨ ᠠᠽᠢᠶ᠎ᠠ ᠶᠢᠨ ᠬᠠᠮᠤᠭ ᠬᠦᠴᠦᠷᠬᠡᠭ ᠤᠯᠤᠰ ᠪᠠᠶᠢᠪᠠ᠃ ᠲᠡᠷᠨ ᠨᠢ ᠭᠢᠳᠠᠨ᠂ ᠬᠢᠲᠠᠳ᠂ ᠪᠦᠸᠧᠬᠠᠢ ᠶᠢᠨ ᠦᠯᠡᠳᠡᠭᠰᠡᠳ᠂ ᠪᠦᠸᠧᠬᠠᠢ ᠠᠴᠠ ᠭᠠᠳᠠᠨᠠᠬᠢ ᠵᠦᠷᠴᠢᠨ᠂ ᠰᠣᠯᠣᠩᠭᠤᠰ ᠵᠡᠷᠬᠡ ᠦᠨᠳᠦᠰᠦᠲᠡᠨ ᠪᠠ ᠦᠨᠳᠦᠷᠯᠢᠭ ᠤᠨ ᠲᠦᠷᠺ ᠮᠣᠩᠭᠤᠯ ᠤᠳᠤᠮ ᠤᠨ ᠬᠢᠨᠢ ᠵᠡᠷᠬᠡ ᠡᠯᠳᠡᠪ ᠦᠩᠬᠡ ᠶᠢᠨ ᠬᠦᠮᠦᠰ ᠢᠶᠠᠷ ᠪᠦᠷᠢᠯᠳᠥᠭᠰᠡᠨ ᠤᠯᠤᠰ ᠪᠠᠶᠢᠵᠠᠢ᠃ ᠬᠦᠮᠦᠰ ᠤᠨ ᠬᠢᠨᠢ ᠠᠮᠢᠳᠥᠷᠠᠯ ᠤᠨ ᠬᠡᠯᠪᠡᠷᠢ ᠎ ᠨᠢ ᠴᠤ ᠨᠡᠭᠦᠳᠡᠯᠯᠡᠨ ᠮᠠᠯᠵᠢᠯ᠂ ᠮᠠᠯᠵᠢᠬᠤ ᠠᠵᠤ ᠠᠬᠤᠢ᠂ᠲᠠᠷᠢᠶᠠᠯᠠᠩ᠂ ᠵᠢᠭᠠᠰᠣ ᠠᠩᠨᠠᠬᠤ ᠠᠴᠠ ᠠᠪᠥᠭᠠᠳ ᠡᠯ᠎ᠡ ᠲᠥᠷᠥᠯ ᠤᠨ ᠠᠷᠠᠯᠵᠢᠶ᠎ᠠ ᠦᠢᠯᠡᠳᠪᠦᠷᠢᠯᠡᠯ ᠵᠡᠷᠬᠡ ᠶᠢ ᠪᠠᠭᠳᠠᠭᠠᠭᠰᠠᠨ ᠡᠯᠪᠡᠭ ᠠᠭᠤᠯᠭ᠎ᠠ ᠲᠠᠢ᠂ ᠤᠯᠠᠨ ᠦᠨᠳᠦᠰᠦᠲᠡᠨ ᠤ ᠤᠯᠤᠰ ᠪᠠᠶᠢᠪᠠ᠃ ᠲᠤᠷᠤᠨ᠎ᠡ ᠶᠢᠨ ᠭᠤᠣᠯᠢ᠂ ᠡᠮᠥᠨ᠎ᠡ ᠶᠢᠨ ᠰᠦᠩ ᠠᠴᠠ ᠡᠯ᠎ᠡ ᠵᠦᠢᠯ ᠤᠨ ᠡᠳ᠋ ᠪᠠᠷᠠᠭ᠎ᠠ᠂ ᠲᠠᠸᠠᠷ ᠪᠦᠳᠦᠭᠡᠭᠳᠡᠬᠦᠨ ᠵᠡᠷᠬᠡ ᠢᠷᠡᠳᠡᠭ ᠮᠦᠷᠳᠡᠬᠡᠨ ᠦᠷᠦᠨ᠎ᠡ ᠶᠢᠨ ᠲᠡᠭᠷᠢ ᠠᠭᠤᠯᠡ ᠪᠤᠯᠤᠨ ᠭᠠᠨᠰᠤ ᠶᠢᠨ ᠣᠶᠢᠭᠤᠷ ᠤᠨ ᠬᠤᠶᠠᠷ ᠠᠷᠠᠯᠵᠢᠶᠠᠨ ᠤ ᠤᠯᠤᠰ ᠢᠶᠠᠷ ᠲᠤᠯᠤᠭᠠᠶᠢᠯᠠᠭᠤᠯᠤᠭᠰᠠᠨ ᠡᠯ᠎ᠡ ᠭᠠᠵᠠᠷ ᠤᠨ ᠠᠷᠠᠯᠵᠢᠶᠠᠨ ᠤ ᠪᠦᠯᠭᠦᠮ ᠪᠠᠰᠠ ᠠᠳᠠ ᠢᠷᠡᠳᠡᠭ ᠪᠠᠶᠢᠪᠠ᠃ ᠡᠶᠢᠮᠥ ᠠᠴᠠ ᠵᠦᠪᠬᠡᠨ ᠯᠢᠨ ᠬᠤᠸᠠᠩ ᠹᠦ᠋ ᠳᠤ ᠲᠦᠰᠢᠭᠯᠡᠬᠡᠳ ᠡᠨᠡ ᠪᠦᠬᠦᠨ ᠢ ᠲᠡᠮᠵᠢᠬᠦ ᠠᠷᠭ᠎ᠠ ᠪᠠᠶᠢᠭᠰᠠᠨ ᠦᠭᠡᠢ ᠣᠴᠢᠷ ᠠᠴᠠ ᠯᠢᠶᠥᠥ ᠤᠯᠤᠰ ᠨᠢ ᠭᠠᠵᠠᠷ ᠤᠷᠤᠨ ᠢᠶᠠᠷ ᠨᠢᠭᠡᠴᠢ ᠪᠤᠯᠭᠠᠨ ᠤᠨᠳᠤᠤ ᠪᠠᠰᠠ‌‍ᠲ᠋ᠦ᠋ᠷᠪᠡᠨ ᠳᠡᠳ᠋ ᠨᠡᠶᠢᠰᠯᠡᠯ ᠪᠠᠶᠢᠭᠤᠯᠵᠠᠢ᠃ ᠲᠡᠳᠡᠬᠡᠷ ᠤᠨ ᠲᠤᠮᠳᠡ ᠠᠴᠠ ᠶᠡᠭᠡ ᠴᠢᠬᠤᠯᠡ ᠪᠠᠶᠢᠷᠢ ᠲᠠᠢ ᠪᠠᠶᠢᠭᠰᠠᠨ ᠨᠢ ᠡᠮᠥᠨᠡᠳᠥ ᠨᠡᠶᠢᠰᠯᠡᠯ ᠰᠢ ᠶᠢᠨ ᠹᠦ᠋ (南京析津府)ᠪᠠᠶᠢᠭᠰᠠᠨ ᠶᠤᠮ᠃ ᠲᠡᠭᠦᠨ ᠤ ᠪᠠᠶᠢᠷᠢᠰᠢᠯ ᠨᠢ ᠬᠢᠲᠠᠳ ᠤᠨ ᠨᠤᠲᠤᠭ ᠤᠨ ᠵᠡᠬᠦᠨ ᠬᠤᠶᠢᠳᠣ ᠬᠢᠵᠠᠭᠠᠷ ᠪᠤᠶᠤ ︿ᠶᠠᠨ﹀᠎ ᠤ ᠭᠠᠵᠠᠷ ᠤᠷᠤᠰᠢᠨ᠎ᠠ᠃ ᠲᠡᠷᠨ ᠨᠢ ᠯᠢᠶᠥᠥ ᠶᠢᠨ ᠬᠢᠵᠠᠭᠠᠷ ᠤᠨ ᠬᠠᠮᠤᠭ ᠡᠮᠥᠨ᠎ᠡ ᠪᠡᠶ᠎ᠡ ᠪᠠᠷ ᠤᠷᠤᠰᠢᠬᠤ ᠣᠴᠢᠷ ᠠᠴᠠ ᠡᠮᠥᠨᠡᠳᠤ ᠨᠡᠶᠢᠰᠯᠡᠯ ᠭᠡᠵᠡᠢ᠃     ᠡᠨᠡ ᠭᠠᠵᠠᠷ ᠨᠢ ᠦᠨᠡᠨ ᠳᠤ ᠪᠠᠨ ᠨᠡᠶᠢᠰᠯᠡᠯ ᠤᠨ ᠬᠠᠭᠠᠰ ᠠᠴᠠ ᠲᠡᠭᠡᠭᠰᠢᠬᠢ ᠴᠢᠳᠠᠪᠬᠢ ᠶᠢ ᠡᠭᠦᠷᠬᠡᠯᠡᠵᠡᠢ᠃ ᠡᠮᠥᠨᠡᠳᠥ ᠨᠡᠶᠢᠰᠯᠡᠯ ᠰᠢ ᠶᠢᠨ ᠹᠦ᠋ ᠨᠢ ᠭᠢᠳᠠᠨ ᠡᠵᠡᠨᠳᠦ ᠭᠦᠷᠦᠨ ᠤ ᠭᠤᠣᠯ ᠡᠭᠦᠳᠠ ᠴᠢᠬᠤᠯᠡ ᠪᠤᠭᠤᠮᠲᠠ ᠨᠢ ᠪᠠᠶᠢᠵᠠᠢ᠃ ᠭᠢᠳᠠᠨ ᠤ ᠬᠠᠭᠠᠳ ᠤᠨ ᠤᠭᠰᠠᠭ᠎ᠠ‌ᠨᠢ ᠠᠳᠠ ᠪᠠᠶᠢᠩᠭᠤ ᠢᠷᠡᠳᠡᠭ ᠪᠠᠶᠢᠪᠠ᠃ ᠰᠡᠭᠦᠯᠡᠷ ᠨᠢ ᠵᠤᠨ ᠪᠤᠯᠤᠮᠠᠭᠴᠠ ᠤᠮᠠᠷᠠᠳᠤ ᠶᠢᠨ ᠲᠠᠯ᠎ᠠ ᠨᠤᠲᠤᠭ ᠢ ᠵᠤᠷᠢᠳᠠᠭ ᠪᠣᠯᠵᠠᠢ᠃ ᠲᠤᠬᠠᠢ ᠶᠢᠨ ᠦᠶ᠎ᠡ ᠡᠨᠡᠬᠦ ᠨᠤᠲᠤᠭ ᠢ ︿ᠸᠠᠩ ᠭᠦᠸᠧ ᠶᠠ﹀ ︿ᠲᠠᠨ ᠱᠠᠨ﹀ (旺国崖,炭山)ᠬᠡᠵᠦ ᠲᠠᠭᠤᠳᠠᠳᠠᠭ ᠪᠠᠶᠢᠵᠠᠢ᠃ ᠡᠨᠡ ᠨᠢ ᠠᠯᠳᠠᠨ ᠤᠯᠤᠰ ᠠᠴᠠ ᠬᠤᠶᠢᠰᠢ ︿ᠬᠤᠸᠠᠨ ᠹᠦ᠋ ᠶᠢᠨ ᠬᠤᠭᠤᠷᠤᠨᠳᠤ﹀ ᠭᠡᠭᠳᠡᠭᠰᠡᠨ ᠨᠤᠲᠤᠭ ᠶᠤᠮ᠃ ᠯᠢᠶᠥᠥ ᠭᠦᠷᠦᠨ ᠪᠠᠭᠤᠵᠦ ᠦᠭᠬᠦᠭᠰᠡᠨ ᠲᠠᠷᠠᠭ᠎ᠠ ᠵᠡᠬᠦᠨ ᠠᠽᠢᠶ᠎ᠠ ᠵᠢᠨ‌ᠤᠯᠠᠨ ᠤᠯᠤᠰ ᠤᠨ ᠴᠢᠨᠠᠷᠲᠠᠢ ᠶᠡᠭᠡ ᠬᠤᠲᠠ ᠪᠤᠯᠤᠨ ᠲᠣᠪᠣᠶᠢᠨ ᠪᠠᠶᠢᠭᠰᠠᠨ ᠡᠮᠥᠨᠡᠳᠥ ᠨᠡᠶᠢᠰᠯᠡᠯ ᠰᠢ ᠶᠢᠨ ᠹᠦ᠋ ᠨᠢ ᠠᠯᠳᠠᠨ ᠤᠯᠤᠰ ᠤᠨ ᠵᠦᠩᠳᠤ ᠨᠡᠶᠢᠰᠯᠡᠯ ᠪᠣᠯᠵᠠᠢ᠃        ᠨᠢᠭᠡ ᠵᠦᠢᠯ ᠤᠨ ᠰᠡᠳᠬᠢᠭᠳᠡᠯ        ᠪᠣᠴᠠᠭᠠᠭᠠᠳ ᠶᠠᠷᠢᠪᠠᠯ ᠠᠯᠳᠠᠨ ᠤᠯᠤᠰ ᠨᠢ ᠡᠬᠢᠯᠡᠮᠡᠭᠴᠡ ᠵᠦᠩᠳᠤ ᠳᠤ ᠨᠡᠶᠢᠰᠯᠡᠬᠦ ᠬᠡᠰᠡᠨ ᠪᠢᠰᠢ ᠶᠤᠮ᠃ ᠡᠬᠢᠨ ᠳᠤ ᠪᠠᠨ ︿ᠲᠡᠭᠡᠳᠣᠰ ᠤᠨ ᠨᠤᠲᠤᠭ﹀ ᠮᠠᠨᠵᠤ ᠶᠢᠨ ᠬᠤᠶᠢᠳᠣ ᠬᠡᠰᠡᠭ ᠤᠨ ᠰᠣᠩᠭᠠᠷᠠᠢ ᠮᠦᠷᠡᠨ ᠤ ᠤᠷᠤᠰᠬᠠᠯ ᠤᠨ ᠱᠠᠩᠵᠢᠩ ᠬᠦᠢ ᠨᠢᠩ ᠹᠦ᠋ ︵上京会宁府)᠎ ᠳᠤ ᠨᠡᠶᠢᠰᠯᠡᠵᠦ ᠪᠠᠶᠢᠵᠠᠢ᠃ ᠭᠡᠪᠡᠴᠤ ᠬᠤᠵᠢᠮ ᠨᠢ ᠭᠢᠳᠠᠨ ᠡᠵᠡᠨᠳᠣ ᠭᠦᠷᠦᠨ ᠤ ᠪᠠᠶᠢᠳᠠᠯ ᠲᠠᠢ ᠠᠳᠠᠯᠢᠬᠠᠨ ᠢᠶᠠᠷ ᠬᠤᠪᠢᠷᠠᠯᠲᠠ ᠭᠠᠷᠴᠠᠢ᠃       ᠡᠬᠢᠨ ᠳᠤ ᠪᠠᠨ ᠠᠯᠳᠠᠨ ᠤᠯᠤᠰ ᠨᠢ ᠰᠦᠩ ᠤᠯᠤᠰ ᠢ ᠡᠮᠥᠨᠡᠰᠢ ᠬᠦᠭᠡᠭᠡᠭᠰᠡᠨ ᠲᠠᠷᠠᠭ᠎ᠠ ᠬᠤᠸᠠᠪᠸᠢ ᠤᠷᠤᠨ ᠳᠤ ᠵᠠᠩ ᠪᠠᠩ ᠴᠠᠩ (张邦昌)᠎ ᠤᠨ ᠪᠠᠶᠢᠭᠤᠯᠣᠭᠰᠠᠨ ᠴᠦ ᠤᠯᠤᠰ(楚国)᠎ ᠢ ᠲᠡᠮᠵᠢᠳᠡᠭ ᠪᠠᠶᠢᠭᠰᠠᠨ ᠪᠣᠯ ᠬᠤᠵᠢᠮ ᠨᠢ ᠯᠢᠥ ᠢᠥᠢ (刘予)ᠬᠡᠮᠡᠭᠴᠢ ᠬᠢᠲᠠᠳ ᠬᠦᠮᠦᠨ ᠤ ᠪᠠᠶᠢᠭᠤᠯᠤᠭᠰᠠᠨ ᠴᠢ ᠤᠯᠤᠰ(齐国)ᠵᠡᠷᠬᠡ ᠮᠠᠨᠥᠥᠯ ᠵᠠᠰᠠᠭ ᠢ ᠲᠡᠮᠵᠢᠵᠦ ᠪᠠᠶᠢᠪᠠ᠃ ᠭᠡᠪᠡᠴᠥ ᠡᠴᠤᠰ ᠳᠤᠨᠢ ᠲᠡᠳᠡᠨᠥᠰ ᠢ ᠰᠦᠢᠷᠡᠭᠦᠯᠦᠭᠰᠡᠨ ᠢᠶᠠᠷ ᠬᠠᠷ᠎ᠠ ᠮᠦᠷᠡᠨ(黑龙江)᠎ ᠠᠴᠠ ᠬᠤᠸᠠᠶᠢᠱᠦᠢ (淮水)ᠣᠷᠣᠳᠠᠯ᠎ᠠ ᠦᠷᠭᠡᠨ ᠬᠢᠵᠠᠭᠠᠷ ᠢ ᠰᠢᠭᠤᠳ ᠮᠡᠳᠡᠯ ᠳᠤ ᠪᠠᠨ ᠠᠪᠬᠤ ᠦᠭᠡᠢ ᠪᠠᠶᠢᠵᠦ ᠴᠢᠳᠠᠭᠰᠠᠨ ᠦᠭᠡᠢ᠃       ᠵᠦᠷᠴᠢᠨ ᠤ ᠦᠨᠳᠦᠰᠦᠷᠬᠡᠭ ᠦᠵᠡᠯ ᠪᠤᠯᠤᠨ ᠤᠤᠭᠠᠯ ᠨᠤᠲᠤᠭ ᠤᠨ ᠦᠵᠡᠯ ᠢᠶᠠᠨ ᠬᠡᠷᠬᠢᠨ ᠡᠷᠬᠢᠮᠯᠡᠭᠰᠡᠨ ᠴᠤ ᠤᠮᠠᠷᠠᠳᠣ ᠶᠢᠨ ᠪᠣᠶᠢᠳᠠ ᠬᠢᠵᠠᠭᠠᠷ ᠱᠠᠩᠵᠢᠩ ᠬᠦᠢ ᠨᠢᠩ ᠹᠦ᠋ ᠠᠴᠠ ᠪᠦᠬᠦ ᠤᠯᠤᠰ ᠤᠨ ᠨᠤᠲᠤᠭ ᠲᠡᠪᠢᠰᠬᠡᠷ ᠢ ᠬᠢᠨᠠᠨ ᠡᠵᠡᠮᠰᠢᠬᠦ ᠪᠣᠯᠣᠮᠵᠢ ᠦᠭᠡᠢ ᠪᠠᠶᠢᠵᠠᠢ᠃ ᠲᠡᠶᠢᠮᠥ ᠣᠴᠢᠷ ᠠᠴᠠ ᠨᠡᠶᠢᠰᠯᠡᠯ ᠢᠶᠠᠨ ᠡᠮᠥᠨ᠎ᠡ ᠤᠮᠠᠷ᠎ᠠ ᠶᠢᠨ ᠴᠢᠩ ᠭᠤᠣᠯ ᠳᠤ ᠨᠢ ᠪᠠᠶᠢᠯᠭᠠᠬᠤ ᠱᠠᠭᠠᠷᠳᠠᠯᠭ᠎ᠠ ᠲᠠᠢ ᠪᠠᠶᠢᠵᠠᠢ᠃ ᠭᠢᠳᠠᠨ ᠯᠢᠶᠥᠥ ᠶᠢᠨ ᠡᠵᠡᠨᠳᠤ ᠭᠦᠷᠦᠨ ᠪᠠᠶᠢᠭᠤᠯᠣᠭᠳᠠᠭᠰᠠᠨ ᠠᠴᠠ ᠡᠬᠢᠯᠡᠨ ᠨᠡᠶᠢᠰᠯᠡᠯ ᠤᠨ ᠴᠢᠳᠠᠪᠬᠢ ᠶᠢ ᠪᠠᠳᠠᠷᠠᠭᠤᠯᠵᠦ ᠪᠠᠶᠢᠭᠰᠠᠨ ᠰᠢ ᠶᠢᠨ ᠹᠦ᠋ ᠨᠢ ᠵᠦᠩᠳᠤ ᠳ᠋ᠠ ᠰᠢᠩ ᠹᠦ᠋ (中都大兴府)ᠬᠡᠮᠡᠨ ᠨᠡᠷ᠎ᠡ ᠪᠠᠨ ᠰᠣᠯᠢᠨ ᠨᠡᠶᠢᠰᠯᠡᠯ ᠪᠤᠯᠤᠭᠰᠠᠨ ᠨᠢ ᠲᠤᠩ ᠴᠤ ᠠᠶᠠᠨᠳᠠᠭᠠᠨ ᠤ ᠬᠡᠷᠡᠭ ᠪᠠᠶᠢᠵᠠᠢ᠃      ᠡᠶᠢᠨᠬᠦ ︿ᠶᠠᠨ﹀᠎ ᠤ ᠭᠠᠵᠠᠷ ᠤᠨ ᠲᠥᠪ ᠨᠢ ᠪᠣᠯᠣᠭᠰᠠᠨ ᠶᠠᠨᠵᠢᠩ ᠪᠤᠶᠤ ᠵᠦᠩᠳᠣ ᠨᠢ ᠬᠡᠳᠣᠢ ᠲᠤᠮᠳᠡ ᠨᠢ ᠬᠠᠶᠠ ᠲᠠᠰᠤᠯᠳᠠᠵᠤ ᠪᠠᠶᠢᠭᠰᠠᠨ ᠴᠤ300 ᠭᠠᠷᠥᠢ ᠵᠢᠯ ᠤᠨ ᠲᠣᠷᠰᠢᠳᠠ ᠬᠠᠭᠠᠰ ᠨᠡᠶᠢᠰᠯᠡᠯ ᠪᠣᠯᠣᠨ ᠨᠡᠶᠢᠰᠯᠡᠯ ᠪᠠᠶᠢᠭᠰᠠᠨ‌ᠤᠷᠳᠤ ᠲᠡᠥᠬᠡ ᠲᠠᠢ ᠪᠣᠯᠪᠠ᠃ ᠲᠡᠭᠦᠪᠡᠷ ᠵᠣᠭᠰᠣᠬᠤ ᠦᠭᠡᠢ ᠡᠨᠡᠬᠦ ᠨᠡᠶᠢᠰᠯᠡᠯ ᠨᠢ ︿ᠬᠤᠸᠠᠨ ᠹᠦ᠋ ᠶᠢᠨ ᠬᠤᠭᠤᠷᠣᠨᠳᠣ﹀᠎ ᠶᠢᠨ ᠲᠠᠯ᠎ᠠ ᠨᠤᠲᠤᠭ ᠲᠠᠢ ᠢᠵᠢ ᠪᠦᠷᠢᠳᠦᠭᠰᠡᠨ ᠬᠡᠯᠪᠡᠷᠢ ᠪᠠᠷ ᠠᠰᠢᠭᠯᠠᠭᠳᠠᠵᠤ ᠪᠠᠶᠢᠭᠰᠠᠨ ᠨᠢ ᠶᠡᠬᠡᠬᠡᠨ ᠠᠴᠢ ᠬᠤᠯᠪᠣᠭᠳᠠᠯ ᠦᠭᠬᠦᠭᠰᠡᠨ ᠪᠠᠶᠢᠳᠠᠭ᠃     ᠤᠭ ᠨᠢ ᠴᠤ ᠴᠢᠩᠭᠢᠰ ᠬᠠᠭᠠᠨ ᠠᠯᠳᠠᠨ ᠤᠯᠤᠰ ᠢ ᠮᠦᠬᠦᠭᠡᠭᠰᠡᠨ5 ᠵᠢᠯ ᠤᠨ ᠬᠤᠭᠤᠷᠤᠨᠳᠤ ᠴᠢᠪ ᠬᠡᠮᠡᠨ ᠡᠨᠡᠬᠦ ︿ᠬᠤᠸᠠᠨ ᠹᠦ᠋ ᠶᠢᠨ ᠬᠤᠭᠤᠷᠤᠨᠳᠤ﹀ ᠪᠣᠯᠣᠨ ᠬᠠᠪᠢᠴᠠᠭ᠎ᠠ ᠤᠷᠤᠨ ᠢᠶᠠᠷ ᠨᠢ ᠪᠠᠭᠤᠳᠠᠯᠯᠠᠵᠦ ᠪᠠᠶᠢᠵᠠᠢ᠃ ᠵᠠᠯᠭᠠᠭᠠᠳ ᠵᠡᠬᠦᠨ ᠬᠡᠰᠡᠭ ᠤᠨ ᠨᠣᠶᠠᠷᠬᠠᠬᠤ ᠡᠷᠬᠡ ᠶᠢ ᠬᠦᠷᠳᠡᠭᠰᠡᠨ ᠮᠤᠬᠤᠯᠠᠢ ᠸᠠᠩ ᠤᠨ ᠤᠳᠤᠮ ᠤᠨ ᠬᠢᠨᠢ ᠲᠥᠷᠪᠡᠨ ᠦᠶ᠎ᠡ ᠰᠤᠨᠤᠲᠠᠯ᠎ᠠ ᠠᠳᠡ ᠪᠠᠭᠤᠳᠠᠯᠯᠠᠵᠦ ᠪᠠᠶᠢᠭᠰᠠᠨ ᠪᠠᠶᠢᠨ᠎ᠠ᠃ ᠡᠨᠡ ᠬᠤᠭᠤᠴᠠᠭᠠᠨ᠎ᠠ ᠮᠣᠩᠭᠤᠯ ᠤᠨ ᠵᠡᠬᠦᠨ ᠬᠡᠰᠡᠭ ᠢ ᠡᠵᠡᠮᠳᠡᠬᠦ ᠭᠤᠣᠯ ᠬᠤᠲᠠ ᠨᠢ ᠶᠠᠭᠠᠬᠢᠬᠤ ᠴᠤ ᠠᠷᠭ᠎ᠠ ᠦᠭᠡᠢ ᠶᠠᠨᠵᠢᠩ ᠵᠦᠩᠳᠤ ᠪᠠᠶᠢᠭᠰᠠᠨ ᠪᠦᠯᠤᠬᠡ᠃     ᠶᠠᠨᠵᠢᠩ ᠣᠷᠣᠨ ᠪᠣᠯᠤᠨ ᠬᠤᠸᠠᠨ ᠹᠦ᠋ ᠤᠷᠤᠨ ᠨᠢ ᠨᠢᠬᠡᠳᠦᠮᠡᠯ ᠨᠢᠭᠡᠨ ᠴᠤᠭᠴᠠ ᠪᠠᠶᠢᠭᠰᠠᠨ ᠡᠶᠢᠮᠥᠷᠭᠦ ᠪᠠᠶᠢᠳᠠᠯ ᠨᠢ ᠶᠡᠷᠥ ᠬᠤᠪᠢᠷᠠᠭᠰᠠᠨ ᠦᠭᠡᠢ᠃ ᠮᠣᠩᠭᠤᠯ ᠨᠢ ᠡᠶᠢᠮᠥᠷᠬᠦ ᠦᠨᠳᠦᠰᠦᠨ ᠵᠠᠭᠪᠤᠷ ᠢ ︿ᠡᠮᠥᠨᠡᠰᠢ ᠲᠦᠷᠢᠬᠦ﹀᠎ ᠳᠤ ᠪᠠᠨ ᠢᠯᠡᠭᠦᠦ ᠠᠰᠢᠭᠯᠠᠭᠰᠠᠨ ᠪᠠᠶᠢᠳᠠᠭ᠃     ᠬᠤᠪᠢᠯᠠᠢ ᠨᠢ ︿ᠬᠤᠸᠠᠨ ᠹᠦ᠋ ᠶᠢᠨ ᠬᠤᠭᠤᠷᠣᠨᠳᠣ﹀᠎ ᠶᠢᠨ ᠠᠯᠳᠠᠨ ᠯᠢᠩᠬᠸ᠎ᠠ ᠶᠢᠨ ᠲᠠᠯ᠎ᠠ ᠳᠤ ᠣᠷᠣᠭᠰᠠᠨ ᠨᠢ ᠡᠶᠢᠮᠥᠷᠬᠦ ᠣᠷᠳᠣ ᠣᠳᠠᠭᠠᠨ ᠲᠡᠥᠬᠡ ᠶᠢᠨ ᠨᠦᠬᠦᠴᠡᠯ ᠲᠠᠢ ᠪᠠᠶᠢᠭᠰᠠᠨ ᠳᠤ ᠤᠷᠤᠰᠢᠨ᠎ᠠ᠃ ᠲᠡᠷᠡᠪᠡᠷ ᠠᠯᠳᠠᠨ ᠯᠢᠩᠬᠸ᠎ᠠ ᠶᠢᠨ ᠲᠠᠯ᠎ᠠ ᠶᠢ ᠰᠤᠩᠭᠤᠭᠰᠠᠨ ᠨᠢ ᠰᠠᠨᠠᠮᠰᠠᠷ ᠦᠭᠡᠢ ᠬᠡᠷᠡᠭ ᠪᠢᠰᠢ ᠬᠠᠷᠢᠨ ᠴᠤ ᠲᠤᠳᠤᠷᠬᠠᠢ ᠵᠣᠷᠢᠯᠭ᠎ᠠ ᠲᠠᠢ ᠰᠣᠩᠭᠤᠯᠲᠠ ᠪᠠᠶᠢᠭᠰᠠᠨ ᠶᠤᠮ᠃      ᠠᠩᠬ᠎ᠠ ᠬᠠᠷᠠᠬᠤ ᠪᠠᠷ ᠬᠤᠪᠢᠯᠠᠢ ᠪᠣᠯᠣᠨ ᠲᠡᠭᠦᠨ ᠤ ᠴᠡᠷᠢᠭ ᠠᠩᠭᠢ ᠨᠢ ᠮᠤᠩᠭᠤᠯ ᠤᠨ ᠦᠨᠳᠦᠷᠯᠢᠭ ᠠᠴᠠ ᠪᠠᠨ ᠭᠦᠢᠴᠡᠳ ᠰᠠᠯᠵᠦ ᠴᠢᠳᠠᠬᠤ ᠦᠭᠡᠢ ᠵᠡᠭᠦᠨ ᠡᠮᠥᠨᠡᠳᠥ ᠬᠢᠵᠠᠭᠠᠷ ᠲᠤ ᠨᠢ ᠵᠣᠭᠰᠣᠭᠰᠠᠨ ᠶᠤᠮᠰᠢᠭ ᠪᠠᠶᠢᠭ᠎ᠠ ᠪᠣᠯᠪᠠᠴᠣ ᠦᠨᠡᠨ ᠳᠤ ᠪᠠᠨ ᠡᠨᠡᠬᠦ ᠤᠷᠤᠨ ᠨᠢ ᠵᠡᠬᠦᠨ ᠠᠽᠢᠶ᠎ᠠ ᠶᠢᠨ ᠤᠯᠤᠰ ᠲᠥᠷᠥ ᠶᠢᠨ ᠬᠦᠢᠰᠥ ᠪᠤᠯᠤᠭᠰᠠᠨ ᠵᠦᠩᠳᠣ ᠠᠴᠠ ᠲᠤᠩ ᠴᠤ ᠣᠶᠢᠷᠠᠬᠠᠨ ᠪᠠᠶᠢᠵᠦ᠂ ᠬᠤᠶᠠᠷ ᠭᠠᠵᠠᠷ ᠨᠢ ᠬᠤᠭᠤᠷᠣᠨᠳᠤ ᠪᠠᠨ ᠨᠢᠭᠡ ᠵᠦᠢᠯ ᠤᠨ ᠨᠢᠭᠲᠠ ᠬᠠᠷᠢᠯᠴᠠᠭ᠎ᠠ ᠲᠠᠢ‌‍ᠪᠠᠶᠢᠭᠰᠠᠨ ᠪᠠᠶᠢᠳᠠᠭ᠃ ᠲᠡᠷᠨ ᠨᠢ ᠨᠡᠭᠦᠳᠡᠯ ᠪᠣᠯᠣᠨ ᠲᠠᠷᠢᠶᠠᠯᠠᠩ ᠤᠨ ᠬᠤᠶᠠᠷ ᠶᠢᠷᠳᠢᠨᠴᠥ ᠶᠢᠨ ᠵᠠᠭᠠᠭ ᠪᠠᠶᠢᠭᠰᠠᠨ ᠶᠤᠮ᠃ ᠭᠠᠵᠠᠷ ᠤᠨ ᠪᠠᠶᠢᠴᠠ ᠶᠢᠨ ᠬᠤᠪᠢᠨ ᠳᠤ ᠬᠤᠶᠠᠷ ᠶᠢᠷᠳᠢᠨᠴᠥ ᠶᠢ ᠬᠤᠯᠪᠣᠳᠠᠭ ᠪᠠᠶᠢᠭᠰᠠᠨ ᠴᠢᠬᠤᠯᠡ ᠭᠠᠵᠠᠷ ᠪᠠᠶᠢᠭᠰᠠᠨ ᠪᠦᠭᠡᠳ ᠶᠡᠬᠡᠬᠡᠨ ᠲᠡᠥᠬᠡᠳᠥ ᠤᠷᠤᠨ ᠪᠠᠶᠢᠪᠠ᠃ ᠲᠡᠶᠢᠮᠥ ᠠᠴᠠ ᠬᠤᠪᠢᠯᠠᠢ ᠶᠢᠨ ᠰᠠᠨᠠᠭ᠎ᠠ ᠨᠢ ᠤᠷᠢᠳᠠᠪᠠᠷ ᠰᠢᠷ᠎ᠠ ᠲᠠᠯ᠎ᠠ ᠶᠢᠨ ᠤᠷᠴᠢᠮ ᠨᠡᠭᠦᠳᠡᠯᠴᠢᠨ ᠴᠡᠷᠢᠭ ᠤᠨ ᠰᠠᠭᠤᠷᠢᠨ ᠪᠠᠶᠢᠭᠤᠯᠵᠦ᠂ ᠲᠡᠨᠳᠠ ᠠᠴᠠ ᠤᠯᠤᠰ ᠲᠥᠷᠥ ᠶᠢᠨ ᠰᠠᠭᠤᠷᠢᠨ ᠪᠣᠯᠣᠭᠰᠠᠨ ᠵᠦᠩᠳᠣ ᠬᠤᠲᠠ ᠶᠢ ᠲᠣᠱᠠᠨ᠂ ᠤᠯᠠᠮ ᠠᠴᠠ ᠬᠤᠶᠠᠷ ᠭᠠᠵᠠᠷ ᠢᠶᠠᠷ ᠭᠤᠣᠯᠠᠯᠠᠨ ᠲᠣᠷᠥᠨ᠎ᠠ ᠶᠢᠨ ᠤᠷᠤᠨ ᠤ ᠪᠦᠬᠦ ᠬᠢᠵᠠᠭᠠᠷ ᠢ ᠡᠵᠡᠮᠳᠡᠬᠦ ᠬᠡᠷᠡᠭ ᠪᠠᠶᠢᠪᠠ᠃      ᠡᠨᠡ ᠨᠢ ᠬᠤᠪᠢᠯᠠᠢ ᠶᠢᠨ ᠡᠵᠡᠮᠳᠡᠯ ᠤᠨ ᠤᠷᠤᠨ ᠪᠤᠯᠤᠭᠰᠠᠨ‌ᠮᠣᠩᠭᠤᠯ ᠤᠨ ᠵᠡᠬᠦᠨ ᠬᠡᠰᠡᠭ ᠲᠤ ᠪᠠᠨ‌‍ᠬᠢᠭᠰᠡᠨ ᠠᠩᠬᠠᠨ ᠤ ᠰᠣᠩᠭᠤᠯᠲᠠ ᠪᠠᠶᠢᠪᠠ᠃ ᠬᠤᠪᠢᠯᠠᠢ ᠵᠢᠨ‌ᠠᠯᠳᠠᠨ ᠯᠢᠩᠬᠸ᠎ᠠ ᠶᠢᠨ ᠲᠠᠯ᠎ᠠ ᠨᠤᠲᠤᠭ ᠢ ᠵᠡᠬᠦᠨ ᠬᠡᠰᠡᠭ ᠢ ᠡᠵᠡᠮᠳᠡᠬᠦ ᠲᠠᠶᠢᠨ ᠤ ᠰᠠᠭᠤᠷᠢᠨ ᠪᠤᠯᠭᠠᠭᠰᠠᠨ ᠰᠤᠩᠭᠤᠯᠲᠠ ᠶᠢ ᠨᠡᠭᠡᠷᠡᠨ ᠲᠤᠳᠤᠷᠬᠠᠢ ᠲᠦᠰᠦᠪ ᠲᠦᠯᠦᠪᠯᠡᠭᠡ ᠲᠠᠢ ᠪᠠᠶᠢᠭᠰᠠᠨ ᠭᠡᠵᠦ ᠦᠵᠡᠬᠦ ᠠᠴᠠ ᠣᠨᠳᠤᠤ ᠠᠷᠭ᠎ᠠ ᠪᠠᠶᠢᠬᠤ ᠦᠭᠡᠢ᠃  
 
ᠢᠷᠡᠯᠲᠡ᠄ ᠬᠤᠯᠪᠣᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号