| ᠬᠤᠪᠢᠯᠠᠢ ᠳᠤ ᠲᠠᠭᠠᠷᠠᠭᠰᠠᠨ ᠰᠡᠳᠦᠪ | 1251ᠣᠨ ᠤ ᠠᠬ᠎ᠠ ᠶᠢᠨ ᠬᠢᠨᠢ ᠲᠥᠷᠥ ᠵᠢᠩᠬᠢᠨᠢ ᠪᠠᠷ ᠪᠠᠶᠢᠭᠤᠯᠤᠭᠳᠠᠮᠠᠭᠴᠠ ᠬᠤᠪᠢᠯᠠᠢ ᠨᠢ ᠮᠣᠩᠭᠤᠯ ᠤᠨ | ᠤᠤᠭᠠᠯ ᠨᠤᠲᠤᠭ ᠠᠴᠠ ᠡᠮᠥᠨᠡᠰᠢᠬᠢ ᠦᠷᠭᠡᠨ ᠠᠭᠤᠳᠠᠮ ᠵᠡᠬᠦᠨ ᠣᠷᠣᠨ ᠶᠢ ᠬᠠᠮᠢᠶᠠᠷᠬᠤ ᠪᠠᠷ ᠲᠣᠮᠢᠯᠠᠭᠳᠠᠵᠠᠢ᠃ | ᠲᠠᠷᠠᠭ᠎ᠠ ᠰᠠᠷ᠎ᠠ ᠨᠢ ᠬᠤᠪᠢᠯᠠᠢ ᠲᠠᠷᠥᠶᠢᠬᠠᠨ ᠬᠢᠲᠠᠳ ᠤᠨ ᠤᠤᠭᠠᠯ ᠨᠤᠲᠤᠭ ᠠᠴᠠ ᠨᠡᠯᠢᠶᠡᠳ ᠣᠶᠢᠷᠠᠬᠠᠨ ᠣᠷᠣᠰᠢᠬᠤ | ᠣᠳᠣ ᠶᠢᠨ ᠥᠪᠥᠷ ᠮᠣᠩᠭᠤᠯ ᠤᠨ ᠲᠠᠯ᠎ᠠ ᠨᠤᠲᠤᠭ ᠢᠶᠠᠷ ᠪᠠᠭᠤᠳᠠᠯᠯᠠᠵᠠᠢ᠃ ᠲᠡᠷᠨ ᠨᠢ ︿ᠠᠯᠳᠠᠨ ᠯᠢᠩᠬᠸ᠎ᠠ ᠶᠢᠨ | ᠲᠠᠯ᠎ᠠ﹀ ᠭᠡᠭᠳᠡᠳᠡᠭ ᠮᠣᠩᠭᠤᠯ ᠤᠨ ᠦᠨᠳᠦᠷᠯᠢᠭ ᠤᠨ ᠵᠡᠬᠦᠨ ᠡᠮᠥᠨᠡᠳᠣ ᠵᠠᠬ᠎ᠠ ᠪᠠᠶᠢᠵᠠᠢ᠃ | ᠬᠤᠪᠢᠯᠠᠢ ᠳᠤ ᠠᠪᠴᠥ ᠬᠡᠯᠡᠪᠡᠯ ᠮᠣᠩᠭᠤᠯ ᠤᠨ ᠵᠡᠭᠦᠨ ᠤ ᠰᠡᠳᠦᠪ ᠨᠡᠯᠢᠶᠡᠳ ᠶᠠᠷᠪᠢᠭᠲᠠᠢ ᠪᠠᠶᠢᠭᠰᠠᠨ ᠪᠠᠶᠢᠨ᠎ᠠ | ᠂ ᠶᠡᠷᠥᠩᠬᠡᠢ ᠳᠤ ᠨᠢ ᠬᠠᠷᠠᠭᠠᠯᠵᠠᠬᠤ ᠬᠠᠷᠠᠯᠲᠠ ᠶᠡᠭᠡ ᠴᠤ ᠣᠯᠠᠨ ᠪᠠᠶᠢᠪᠠ᠃ ᠶᠠᠭᠤᠨ ᠲᠦᠷᠦᠭᠦᠨ ᠳᠤ ᠬᠢᠲᠠᠳ ᠤᠨ | ᠡᠮᠥᠨᠡᠳᠥ ᠶᠢᠨ ᠶᠡᠭᠡ ᠤᠯᠤᠰ ᠪᠣᠯᠬᠤ ᠡᠮᠦᠨᠡᠳᠣ ᠰᠦᠩ ᠪᠤᠯᠤᠨ ᠶᠦᠨᠨᠠᠨ ᠤ ᠦᠨᠳᠦᠷᠯᠢᠭ ᠤᠨ ᠳ᠋ᠠᠯᠢ ᠤᠯᠤᠰ᠂ | ᠲᠡᠭᠦᠨ ᠤ ᠬᠠᠪᠢ ᠶᠢᠨ ︿ᠴᠢᠶᠠᠩ﹀ ᠬᠡᠮᠡᠭᠳᠡᠬᠦ ᠪᠦᠯᠦᠭᠯᠡᠯ ᠤᠳ ᠪᠠᠶᠢᠪᠠ᠃ ᠶᠦᠨᠨᠠᠨ ᠤ ᠵᠡᠬᠦᠨ ᠳᠤ ᠬᠢᠲᠠᠳ ᠢᠶᠠᠷ | ᠯᠦᠸᠧ ᠱᠢ ᠬᠦᠢ ᠭᠦᠸᠧ (罗氏鬼国︶ᠬᠡᠮᠡᠨ ᠪᠢᠴᠢᠭᠳᠡᠳᠡᠭ ᠦᠨᠳᠦᠷᠯᠢᠭ ᠤᠷᠤᠨ ᠪᠠᠶᠢᠪᠠ᠃ ᠡᠨᠡ | ᠨᠢ ᠮᠣᠩᠭᠤᠯ ᠢᠶᠠᠷ ᠪᠣᠯ ︿ᠴᠢᠳᠭᠦᠷ﹀ ᠪᠤᠶᠤ ︿ᠴᠢᠳᠭᠦᠷ ᠤᠨ ᠤᠯᠤᠰ﹀ ᠬᠡᠮᠡᠬᠦ ᠤᠳᠬ᠎ᠠ ᠲᠠᠢ ᠶᠤᠮ᠃ ᠶᠡᠭᠡ | ᠲᠦᠯᠦᠪ ᠪᠠᠶᠢᠷᠢᠰᠢᠯ ᠨᠢ ᠣᠳᠣ ᠶᠢᠨ ᠭᠦᠢᠵᠸᠥ ᠮᠤᠵᠢ ᠪᠤᠯᠤᠨ᠎ᠡ᠃ ᠮᠢᠩ ᠭᠦᠷᠦᠨ ᠤ ᠬᠢᠲᠠᠳ ᠨᠢ ᠨᠤᠲᠤᠭ | ᠤᠤᠭᠠᠯᠵᠢᠭᠤᠯᠬᠤ ᠳᠤ ᠪᠠᠨ ᠤᠭ ᠨᠡᠷ᠎ᠡ ᠶᠢ ︿ᠭᠦᠢᠵᠸᠥ﹀ (贵州)ᠬᠡᠮᠡᠨ ᠭᠤᠸ᠎ᠠ ᠰᠠᠶᠢᠬᠠᠨᠴᠢᠯᠠᠵᠠᠢ᠃ | ᠪᠠᠰᠠ ᠸᠧᠶᠧᠲᠨᠠᠮ ᠤᠨ ᠶᠡᠭᠡ ᠸᠧᠶᠧᠲ ᠤᠯᠤᠰ(大越国︶ ᠨᠢ ᠴᠧᠨ ᠤ ᠲᠥᠷᠥ ︵陈朝) | ᠪᠠᠶᠢᠪᠠ᠃ ᠡᠭᠦᠨ ᠠᠴᠠ ᠭᠠᠳᠠᠨ᠎ᠠ ᠶᠦᠨᠨᠡᠨ ᠤ ᠦᠨᠳᠦᠷᠯᠢᠭ ᠤᠨ ᠡᠮᠥᠨ᠎ᠡ ᠨᠢ ᠣᠳᠣ ᠶᠢᠨ ᠮᠢᠶᠠᠮᠠᠷ ᠤᠨ ᠬᠤᠶᠢᠳᠣ | ᠬᠡᠰᠡᠭ ᠤᠨ ᠪᠢᠷᠮᠡ ᠤᠯᠤᠰ (缅国)ᠪᠣᠯᠣᠨ ᠸᠧᠶᠧᠲᠨᠠᠮ ᠤᠨ ᠡᠮᠥᠨᠡᠳᠥ ᠬᠡᠰᠡᠭ ᠤᠨ ᠴᠠᠮᠫᠠ ᠸᠠᠩᠳᠤ | ᠤᠯᠤᠰ(占城王国)ᠵᠡᠷᠬᠡ ᠨᠢ ᠲᠡᠭᠦᠨ ᠤ ᠬᠠᠷᠠᠭᠠᠨ ᠳᠤ ᠣᠷᠣᠭᠰᠠᠨ ᠪᠠᠶᠢᠵᠦ ᠪᠣᠯᠵᠣᠰᠢ ᠦᠭᠡᠢ᠃ | ᠦᠭᠡᠳᠡᠢ ᠶᠢᠨ ᠴᠠᠭ ᠡᠷᠡᠨ ᠠᠴᠠ ᠡᠬᠢᠯᠡᠨ ᠴᠡᠷᠢᠭ ᠰᠠᠭᠤᠵᠦ ᠮᠣᠩᠭᠤᠯ ᠯᠤᠭ᠎ᠠ ᠲᠤᠳᠤᠷᠬᠠᠢ ᠵᠠᠶᠢᠲᠠᠢ ᠬᠦᠨᠳᠡᠶᠢᠪᠳᠣᠷ | ᠪᠦᠳᠡᠬᠢ ᠬᠠᠷᠢᠯᠴᠠᠭ᠎ᠠ ᠲᠠᠢ ᠪᠠᠶᠢᠭᠰᠠᠨ ᠦᠽᠽᠠᠩ(乌斯藏)ᠪᠤᠶᠤ ᠲᠥᠪᠡᠳ ᠵᠡᠷᠬᠡ ᠶᠢᠨ ᠬᠠᠷᠢᠶᠠᠯᠠᠯ ᠢ | ᠲᠤᠳᠤᠷᠬᠠᠢ ᠪᠤᠯᠭᠠᠬᠤ ᠴᠢᠬᠤᠯᠲᠠᠢ ᠪᠠᠶᠢᠪᠠ᠃ | ᠡᠭᠦᠨ ᠠᠴᠠ ᠭᠠᠳᠠᠨ᠎ᠠ ᠲᠤᠬᠠᠢ ᠵᠢᠨᠭᠤᠣᠯᠢ ᠤᠯᠤᠰ ︵高丽)ᠬᠤᠪᠢᠯᠠᠢ ᠶᠢᠨ ᠡᠵᠡᠮᠰᠢᠯ ᠤᠨ | ᠬᠠᠷᠢᠶᠠᠨ ᠳᠤ ᠪᠠᠶᠢᠭᠰᠠᠨ ᠡᠰᠡᠬᠦ ᠨᠢ ᠲᠤᠳᠤᠷᠬᠠᠢ ᠪᠢᠰᠢ ᠪᠠᠶᠢᠨ᠎ᠠ᠃ ᠨᠡᠩ ᠴᠤ ᠶᠠᠫᠥᠨ ᠤᠯᠤᠰ ᠤᠨ ᠲᠠᠯ᠎ᠠ ᠪᠠᠷ | ᠬᠡᠷᠬᠢᠨ ᠪᠣᠳᠣᠯᠬᠢᠯᠠᠵᠦ ᠪᠠᠶᠢᠭᠰᠠᠨ ᠲᠤᠬᠠᠢ ᠦᠴᠦᠬᠡᠨ ᠴᠤ ᠰᠦᠪᠡᠭᠴᠢ ᠣᠯᠳᠠᠬᠤ ᠦᠭᠡᠢ ᠪᠠᠶᠢᠨ᠎ᠠ᠃ | ᠭᠡᠪᠡᠴᠥ ᠶᠠᠭᠠᠬᠢᠵᠦ ᠪᠣᠳᠣᠭᠰᠠᠨ ᠴᠤ ᠲᠡᠳᠡᠨᠥᠰ ᠤᠨ ᠬᠠᠮᠤᠭ ᠤᠨ ᠭᠤᠣᠯ ᠬᠠᠷᠠᠯᠲᠠ ᠨᠢ ᠡᠮᠥᠨᠡᠳᠤ ᠰᠦᠩ | ᠤᠯᠤᠰ ᠪᠠᠶᠢᠭᠰᠠᠨ ᠪᠠᠶᠢᠵᠦ ᠲᠠᠭᠠᠷᠠᠨ᠎ᠠ᠃ ᠲᠡᠷᠨ ᠨᠢ ᠵᠦᠪᠬᠡᠨ ᠵᠠᠰᠠᠭ ᠠᠴᠠ ᠲᠠᠩᠰᠠᠯᠠᠭᠰᠠᠨ ᠠᠯᠪᠠᠨ ᠶᠣᠰᠣᠨ ᠤ | ᠬᠦᠮᠦᠨ ᠠᠮᠠ ᠵᠢᠨᠲ᠋ᠤᠭ᠎ᠠ ᠶᠢ ᠨᠢ ᠦᠵᠡᠭᠰᠡᠨ ᠴᠤ2800 ᠲᠦᠮᠡᠨ ᠬᠦᠮᠦᠨ ᠲᠠᠢ ᠶᠡᠭᠡ ᠤᠯᠤᠰ ᠪᠠᠶᠢᠪᠠ᠃ ︿ | ᠠᠯᠪᠠᠨ ᠶᠣᠰᠣᠨ﹀ ᠤ ᠬᠡᠵᠦ ᠬᠡᠯᠡᠵᠦ ᠪᠠᠶᠢᠭ᠎ᠠ ᠶᠢᠨ ᠤᠴᠢᠷ ᠨᠢ ᠪᠦᠷᠢᠳᠬᠡᠯ ᠳᠤ ᠪᠠᠭᠲᠠᠭ᠎ᠠ ᠦᠭᠡᠢ ᠬᠦᠮᠦᠰ ᠴᠤ | ᠶᠡᠭᠡ ᠪᠠᠶᠢᠭᠰᠠᠨ ᠭᠡᠳᠡᠭ ᠲᠠᠨᠢᠯᠲᠠ ᠲᠠᠢ ᠬᠤᠯᠪᠤᠭ᠎ᠠ ᠲᠠᠢ᠃ ᠲᠣᠬᠠᠢ ᠶᠢᠨ ᠦᠶᠡᠰ ︿ᠯᠢᠨ ᠠᠨ﹀ (临安) | ᠬᠡᠮᠡᠨ ᠨᠡᠷᠡᠯᠡᠭᠳᠡᠵᠦ ᠪᠠᠶᠢᠭᠰᠠᠨ ᠨᠡᠶᠢᠰᠯᠡᠯ ᠬᠠᠩᠵᠸᠣ ᠬᠤᠲᠠ ᠨᠢ ᠪᠠᠶᠠᠨ ᠴᠢᠨᠡᠭᠡᠯᠢᠭ ᠪᠦᠭᠡᠳᠰᠤᠶᠤᠯ ᠤᠨ ᠬᠡᠪᠴᠢᠶ᠎ᠠ᠂ | ᠲᠦᠪᠰᠢᠨ ᠢᠶᠠᠷ ᠵᠶ᠋ᠡᠨᠠᠽᠢᠶᠠ ᠡᠸᠦ᠋ᠷᠦᠫᠡ ᠳᠤ ᠪᠠᠨ ᠣᠷᠣᠶᠢᠯᠠᠵᠦ ᠪᠠᠶᠢᠭᠰᠠᠨ ᠰᠢᠨᠵᠢᠲᠠᠢ᠃ ᠬᠦᠮᠦᠰ ᠲᠤᠬᠠᠢ ᠶᠢᠨ | ᠴᠠᠭ ᠤᠨ ᠡᠸᠦ᠋ᠷᠦᠫᠡ ᠤᠷᠤᠨ ᠨᠢ ᠮᠣᠩᠭᠤᠯᠴᠣᠳ ᠲᠤ ᠰᠡᠳᠬᠢᠯ ᠲᠠᠲᠠᠮ᠎ᠠ ᠰᠢᠳᠢᠳᠥ ᠤᠷᠤᠨ ᠪᠠᠶᠢᠭᠰᠠᠨ ᠦᠦ ᠬᠡᠵᠦ | ᠡᠷᠡᠬᠡᠯᠵᠡᠳᠡᠭ ᠪᠣᠯᠡᠰᠡᠷᠬᠦ ᠪᠠᠷ ᠵᠢᠶᠠᠩᠨᠠᠨ ᠤ ᠪᠠᠶᠠᠨ ᠴᠢᠨᠡᠬᠡᠯᠢᠭ ᠨᠢ ᠮᠠᠳᠠᠭ ᠦᠭᠡᠢ ᠮᠣᠩᠭᠤᠯᠴᠣᠳ ᠤᠨ ᠬᠦᠰᠡᠯ | ᠪᠠᠶᠢᠭᠰᠠᠨ ᠪᠠᠶᠢᠨ᠎ᠠ᠃ | ᠲᠡᠷᠨ ᠦᠶ᠎ᠡ ᠮᠣᠩᠭᠤᠯᠴᠣᠳ ᠲᠠᠰᠤᠭ ᠪᠣᠰᠤᠭ ᠬᠡᠳᠥ ᠤᠳᠠᠭ᠎ᠠ ᠡᠮᠥᠨᠡᠳᠤ ᠰᠦᠩ ᠤᠷᠤᠭᠤ | ᠲᠤᠪᠳᠤᠯᠤᠭᠰᠠᠨ ᠪᠠᠶᠢᠪᠠ᠃ ᠬᠤᠪᠢᠯᠠᠢ ᠳᠤ ᠠᠪᠴᠥ ᠬᠡᠯᠡᠪᠡᠯ ᠡᠮᠥᠨᠡᠳᠣ ᠰᠦᠩ ᠢ ᠪᠠᠶᠢᠯᠳᠤᠨ ᠲᠠᠭᠠᠭᠤᠯᠬᠤ ᠨᠢ | ᠬᠠᠮᠤᠭ ᠴᠢᠬᠤᠯᠡ ᠠᠰᠠᠭᠤᠳᠠᠯ ᠪᠠᠶᠢᠪᠠ᠃ | ᠭᠡᠪᠡᠴᠥ ᠲᠡᠭᠡᠷ᠎ᠡ ᠦᠭᠦᠯᠡᠭᠰᠡᠨᠴᠢᠯᠡᠨ ᠡᠮᠥᠨᠡᠳᠣ ᠰᠦᠩ ᠦᠨᠵᠢᠶᠠᠩᠨᠠᠨ ᠤᠷᠤᠨ ᠨᠢ ᠭᠤᠣᠯ ᠮᠦᠷᠡᠨ᠂ ᠨᠠᠭᠤᠷ | ᠪᠦᠷᠢᠳᠣ ᠶᠢᠨ ᠤᠷᠤᠨ ᠪᠠᠶᠢᠪᠠ᠃ ᠠᠬᠢᠭᠠᠳ ᠬᠤᠸᠠᠪᠸᠢ ᠪᠣᠯᠣᠨ ᠵᠢᠶᠠᠩᠨᠠᠨ ᠤ ᠬᠤᠭᠤᠷᠤᠨᠳᠤ ᠪᠠᠷᠤᠭ ᠯᠠ ᠬᠦᠮᠦᠨ | ᠰᠠᠭᠤᠷᠢᠰᠢᠭᠰᠠᠨ ᠦᠭᠡᠢ ︿ᠬᠤᠭᠤᠰᠣᠨ ᠤᠷᠤᠨ ᠵᠠᠢ ᠶᠢᠨ ᠬᠠᠯᠬᠠᠪᠴᠢ﹀(空白壁障)ᠶᠡᠭᠡ ᠪᠠᠶᠢᠭᠰᠠᠨ | ᠪᠠᠶᠢᠨ᠎ᠠ᠃ ᠲᠡᠶᠢᠮᠥ ᠴᠤ ᠤᠴᠢᠷ ᠠᠴᠠ ᠬᠤᠸᠠᠪᠸᠢ ᠠᠴᠠ ᠵᠢᠶᠠᠩᠨᠠᠨ ᠤᠷᠤᠭᠤ ᠰᠢᠭᠤᠳ ᠴᠤᠬᠢᠯᠲᠠ ᠬᠢᠬᠦ | ᠡᠪᠯᠢᠭᠨᠦ᠋ᠬᠦᠴᠡᠯ ᠲᠠᠭᠠᠷᠠᠥᠬᠠᠨ ᠪᠠᠶᠢᠯ᠎ᠠ᠃ | ᠡᠯᠡᠷ ᠪᠠᠯᠠᠷ ᠲᠣᠷᠣᠨᠠᠳᠠᠬᠢᠨ | ᠬᠠᠷᠠᠴᠠ ᠪᠠᠨ ︿ᠲᠤᠳᠤᠭᠠᠳᠣ﹀ ᠤᠷᠤᠭᠤ ᠨᠢ ᠰᠢᠯᠵᠢᠬᠦᠯᠪᠡᠯ ᠪᠠᠰᠠ ᠴᠤ ᠤᠯᠠᠨ ᠠᠰᠠᠭᠤᠳᠠᠯ ᠣᠷᠣᠰᠢᠵᠦ | ᠪᠣᠢ ᠶᠢ ᠠᠩᠵᠠᠭᠠᠷᠠᠬᠤ ᠪᠣᠯᠣᠨ᠎ᠡ᠃ ᠶᠠᠭᠤᠨ ᠤ ᠡᠮᠥᠨ᠎ᠡ ᠬᠤᠪᠢᠯᠠᠢ ᠶᠢᠨ ᠲᠤᠭ ᠤᠨ ᠲᠤᠤᠷ᠎ᠠ ᠬᠤᠪᠢᠶᠠᠷᠢᠯᠠᠭᠳᠠᠭᠰᠠᠨ | ᠮᠣᠩᠭᠤᠯᠴᠣᠳ ᠤᠨ ᠴᠠᠭᠠᠨᠠᠬᠢ ᠪᠠᠶᠢᠳᠠᠯ ᠨᠢ ᠨᠢᠭᠡ ᠨᠢ ᠨᠦᠭᠦᠭᠡᠡᠴᠡ ᠪᠠᠨ ᠢᠯᠡᠬᠦᠦ ᠪᠣᠳᠣᠯᠢᠶᠠᠨᠲᠡᠢ ᠪᠠᠶᠢᠪᠠ᠃ | ᠲᠣᠬᠠᠢ ᠶᠢᠨ ᠦᠶ᠎ᠡ ᠮᠣᠩᠭᠤᠯ ᠬᠠᠭᠠᠨᠳᠣ ᠤᠯᠤᠰ ᠪᠠᠶᠢᠭᠤᠯᠤᠭᠳᠠᠭᠠᠳ ᠨᠢᠭᠡᠨᠳᠠ45 ᠵᠢᠯ ᠦᠩᠭᠡᠷᠡᠵᠦ᠂ | ᠴᠢᠩᠭᠢᠰ ᠬᠠᠭᠠᠨ ᠤ ᠦᠶ᠎ᠡ ᠶᠢᠨ ᠠᠯᠳᠠᠨ ᠤᠯᠤᠰ ᠤᠨ ᠵᠦᠩᠳᠤ ᠨᠡᠶᠢᠰᠯᠡᠯ ︵ᠣᠳᠣ ᠶᠢᠨ ᠪᠡᠭᠡᠵᠢᠭ ᠤᠨ ᠪᠠᠷᠠᠭᠤᠨ | ᠡᠮᠥᠨ᠎ᠡ︶ ᠨᠢ ᠮᠣᠩᠭᠤᠯᠴᠣᠳ ᠤᠨ ᠭᠠᠷ ᠲᠤ ᠣᠷᠣᠭᠠᠳ ᠨᠢᠭᠡᠨᠳᠠ36 ᠵᠢᠯ ᠦᠩᠭᠡᠷᠡᠪᠡ᠃ ᠡᠭᠦᠨ ᠠᠴᠠ ᠭᠠᠳᠠᠨ᠎ᠠ | ᠦᠭᠡᠳᠡᠢ ᠶᠢᠨ ᠴᠠᠭ ᠡᠷᠡᠨ ᠤ ᠠᠯᠳᠠᠨ ᠤᠯᠤᠰ ᠨᠢ ᠬᠠᠳᠣᠨ ᠭᠤᠣᠯ ᠤᠨ ᠡᠮᠥᠨᠡᠮᠦ᠋ᠬᠦᠵᠦ᠂ ᠲᠠᠶᠢᠨ ᠤ ᠲᠠᠷᠠᠭ᠎ᠠ | ᠬᠠᠳᠣᠨ ᠭᠤᠣᠯ ᠤᠨ ᠬᠤᠶᠢᠳᠣᠬᠢ ᠤᠷᠤᠨ ᠢ ᠴᠤ ᠪᠠᠭᠲᠠᠭᠠᠨ ᠵᠢᠩᠬᠢᠨᠢ ᠪᠠᠷ ᠡᠷᠥᠬᠡ ᠠᠮᠠ ᠶᠢ ᠨᠢ ᠲᠠᠩᠰᠠᠯᠠᠵᠦ | ᠲᠡᠮᠳᠡᠭᠯᠡᠬᠡᠳ ᠨᠢᠭᠡᠨᠳᠠ16 ᠵᠢᠯ ᠤᠨ ᠨᠢᠭᠤᠷ ᠦᠵᠡᠪᠡ᠃ | ᠬᠡᠳᠥᠨ ᠱᠠᠳᠣ ᠦᠶ᠎ᠡ ᠶᠢ ᠥᠩᠬᠡᠷᠡᠵᠦ ᠬᠤᠷᠠᠮᠳᠤᠭᠰᠠᠨ ᠡᠷᠬᠡ ᠮᠡᠳᠡᠯ᠂ ᠡᠷᠬᠡ ᠠᠰᠢᠭ ᠪᠤᠯᠤᠨ ᠲᠦᠪᠡᠭ | ᠪᠤᠳᠤᠯᠢᠶᠠᠨ ᠲᠠᠢ ᠬᠦᠮᠦᠰ ᠤᠨ ᠪᠠ ᠮᠦᠩᠭᠦᠨ ᠤ ᠬᠠᠷᠢᠯᠴᠠᠭ᠎ᠠ ᠵᠡᠷᠬᠡ ᠨᠢ ᠲᠢᠭᠯᠢᠭᠳᠡᠭᠡ ᠦᠭᠡᠢ᠂ ᠡᠯᠡᠷ ᠪᠠᠯᠠᠷ | ᠪᠠᠶᠢᠳᠠᠯ ᠢᠶᠠᠷ ᠵᠶ᠋ᠠᠨᠬᠤᠪᠢᠯᠠᠢ ᠶᠢᠨ ᠡᠮᠥᠨ᠎ᠡ ᠣᠷᠬᠢᠭᠳᠠᠨ ᠲᠡᠯᠭᠡᠭᠳᠡᠪᠡ᠃ | ᠴᠢᠩᠭᠢᠰ ᠬᠠᠭᠠᠨ ᠤ ᠦᠶ᠎ᠡ ᠠᠴᠠ ᠡᠬᠢᠯᠡᠬᠡᠳ᠂ ᠮᠣᠩᠭᠤᠯ ᠤᠨ ᠵᠡᠬᠦᠨ ᠭᠠᠷ ᠤᠨ ᠤᠷᠬᠢᠯ ᠳᠤ ᠲᠡᠭᠦᠦᠨᠡᠷ ᠤᠨ | ᠬᠢᠨᠢ ᠤᠭᠰᠠᠭ᠎ᠠ ᠪᠤᠯᠤᠨ ᠬᠠᠨᠳᠤ ᠤᠯᠤᠰ ᠪᠠᠶᠢᠭᠰᠠᠨ ᠪᠠᠶᠢᠳᠠᠭ᠃ ᠬᠠᠰᠠᠷ᠂ ᠬᠠᠴᠢᠭᠤᠨ ᠪᠤᠯᠤᠨ ᠲᠡᠮᠥᠬᠡ | ᠣᠳᠴᠢᠬᠡᠨ ᠤ ᠦᠷ᠎ᠡ ᠠᠴᠢ ᠶᠢᠨ ᠡᠵᠡᠮᠳᠥᠯ ᠤᠨ ᠤᠷᠤᠨ ᠪᠠᠶᠢᠭᠰᠠᠨ ᠶᠤᠮ᠃ | ᠡᠬᠢᠨ ᠳᠤ ᠪᠠᠨ ᠬᠠᠰᠠᠷ ᠲᠤ ᠰᠣᠶᠣᠷᠬᠠᠭᠰᠠᠨ ᠨᠢᠭᠡᠨ ᠮᠢᠩᠭᠠᠳᠣ᠂ ᠬᠠᠴᠢᠭᠤᠨ ᠤ ᠭᠤᠷᠪᠠᠨ ᠮᠢᠩᠭᠠᠳᠥ᠂ | ᠤᠳᠴᠢᠬᠡᠨ ᠤ ᠨᠠᠢᠮᠠᠨ ᠮᠢᠩᠭᠠᠳᠣ ᠪᠠᠶᠢᠪᠠ᠃ ᠡᠨᠡ ᠨᠢ ᠬᠠᠭᠠᠨᠳᠣ ᠤᠯᠤᠰ ᠪᠠᠶᠢᠭᠤᠯᠣᠭᠳᠠᠬᠤ ᠦᠶᠡᠰ ᠤᠨ ᠲᠤᠭ᠎ᠠ | ᠪᠠᠶᠢᠪᠠ᠃ ᠮᠡᠳᠡᠭᠡᠵᠢ ᠠᠶᠠᠨᠳᠠᠭᠠᠨ ᠤ ᠦᠰᠦᠯᠲᠡ ᠪᠠ ᠮᠣᠩᠭᠤᠯ ᠤᠨ ᠲᠤᠰ ᠪᠡᠶ᠎ᠡ ᠶᠢᠨ ᠬᠢᠨᠢ ᠦᠷᠭᠡᠵᠢᠯ ᠢ | ᠲᠠᠭᠠᠯᠳᠤᠭᠰᠠᠨ ᠡᠯ᠎ᠡ ᠬᠠᠨᠳᠤ ᠤᠯᠤᠰ ᠤᠨ ᠦᠷᠬᠡᠵᠢᠯ ᠨᠢ ᠬᠠᠷᠢᠶᠠᠨ ᠤ ᠢᠷᠭᠡᠳ ᠤᠨ ᠬᠢᠨᠢ ᠲᠤᠭ᠎ᠠ ᠶᠢ ᠨᠢ ᠡᠷᠡᠰ | ᠨᠡᠮᠡᠭᠳᠡᠭᠦᠯᠵᠡᠢ᠃ | ᠲᠡᠳᠡᠨᠥᠰ ᠤᠨ ᠨᠡᠭᠦᠳᠡᠯᠯᠡᠯ ᠤᠨ ᠭᠤᠣᠯ ᠣᠷᠣᠨ ᠵᠠᠢ ᠨᠢ ᠮᠣᠩᠭᠤᠯ ᠤᠨ ᠦᠨᠳᠦᠷᠯᠢᠭ ᠤᠨ ᠵᠡᠭᠦᠨ ᠬᠡᠰᠡᠭ | ᠪᠣᠯᠬᠤ ᠬᠢᠩᠭᠠᠨ ᠳᠠᠪᠠᠭ᠎ᠠ ᠶᠢᠨ ᠤᠷᠴᠢᠮ ᠪᠠᠶᠢᠭᠰᠠᠨ ᠶᠤᠮ᠃ ᠴᠢᠩᠭᠢᠰ ᠬᠠᠭᠠᠨ ᠤ ᠪᠠᠶᠢᠭᠤᠯᠣᠭᠰᠠᠨ ᠮᠣᠩᠭᠤᠯ | ᠬᠠᠭᠠᠨᠳᠣ ᠤᠯᠤᠰ ᠲᠤ ᠠᠪᠴᠥ ᠦᠵᠡᠪᠡᠯ ᠡᠨᠡ ᠨᠢ ᠵᠡᠭᠦᠨᠰᠢ ᠪᠤᠶᠤ ᠡᠮᠥᠨ᠎ᠡ᠂ ᠲᠣᠷᠣᠨᠠᠰᠢ ᠴᠢᠭᠯᠡᠯ ᠳᠤ ᠤᠷᠤᠰᠢᠬᠤ | ᠣᠴᠢᠷ ᠡᠨᠡ ᠭᠤᠷᠪᠠᠨ ᠲᠡᠭᠦᠦ ᠶᠢᠨ ᠬᠠᠨᠳᠤ ᠤᠯᠤᠰ ᠢ ᠨᠡᠶᠢᠳᠠ ᠳᠤ ᠨᠢ ︿ᠵᠡᠭᠦᠨ ᠭᠠᠷ ᠤᠨ ᠸᠠᠩ ᠨᠠᠷ﹀ ᠡᠰᠡᠬᠦᠯ᠎ᠡ | ︿ᠵᠡᠭᠦᠨ ᠭᠠᠷ ᠤᠨ ᠭᠤᠷᠪᠠᠨ ᠸᠠᠩ﹀ ᠭᠡᠳᠡᠭ ᠪᠠᠶᠢᠪᠠ᠃ | ᠬᠠᠷᠢᠴᠠᠩᠭᠤᠢ ᠪᠠᠷ ᠪᠠᠷᠠᠭᠤᠨ ᠭᠠᠷ ᠤᠨ ᠸᠠᠩ ᠤᠳ ᠪᠣᠶᠣ ︿ᠪᠠᠷᠠᠭᠤᠨ ᠭᠠᠷ ᠤᠨ ᠭᠤᠷᠪᠠᠨ ᠸᠠᠩ﹀ ᠨᠢ | ᠴᠢᠩᠭᠢᠰ ᠬᠠᠭᠠᠨ ᠤ ᠵᠦᠴᠢ᠂ ᠴᠠᠭᠠᠲᠠᠢ᠂ ᠦᠭᠡᠳᠡᠢ ᠭᠤᠷᠪᠠᠨ ᠬᠥᠣ ᠶᠢᠨ ᠬᠢᠨᠢ ᠬᠠᠨᠳᠤ ᠤᠯᠤᠰ ᠪᠠᠶᠢᠪᠠ᠃ | ᠡᠬᠢᠨ ᠳᠤ ᠪᠠᠨ ᠲᠡᠳᠡᠨᠥᠰ ᠠᠯᠲᠠᠢ ᠶᠢᠨ ᠠᠭᠤᠯᠠᠰ ᠠᠴᠠ ᠪᠠᠷᠠᠭᠤᠨᠰᠢᠬᠢ ᠬᠡᠰᠡᠭ ᠲᠤ ᠬᠢᠵᠠᠭᠠᠷᠯᠠᠭᠳᠠᠵᠤ᠂ ᠲᠤᠰᠪᠦᠷᠢ4 | ᠮᠢᠩᠭᠠᠳᠣ ᠲᠠᠢ ᠪᠠᠶᠢᠪᠠ᠃ ᠬᠤᠵᠢᠮ ᠨᠢ ᠨᠤᠲᠤᠭ ᠲᠡᠪᠢᠰᠬᠡᠷ ᠨᠢ ᠪᠠᠷᠠᠭᠤᠨᠰᠢ ᠶᠡᠬᠡᠬᠡᠨ ᠲᠡᠯᠡᠵᠡᠢ᠃ | ᠮᠦᠩᠬᠡ ᠪᠠ ᠬᠤᠪᠢᠯᠠᠢ ᠶᠢᠨ ᠡᠴᠢᠬᠡ ᠲᠣᠯᠣᠢ ᠨᠢ ᠣᠳᠬᠠᠨ ᠬᠦᠪᠡᠭᠦᠨ ᠤ ᠬᠤᠪᠢᠨ ᠳᠤ ᠭᠠᠯ ᠭᠤᠯᠤᠮᠲᠠ ᠪᠠᠨ | ᠰᠠᠬᠢᠵᠦ᠂ ᠴᠢᠩᠭᠢᠰ ᠬᠠᠭᠠᠨ ᠤ ᠬᠠᠮᠳᠣ ᠡᠨᠡᠬᠦ ᠵᠡᠭᠦᠨ ᠪᠠᠷᠠᠭᠤᠨ ᠤ ᠬᠠᠨᠳᠤ ᠤᠯᠤᠰ ᠢ ᠡᠵᠡᠮᠳᠡᠭᠴᠢ ᠲᠥᠪ ᠤᠨ | ᠬᠠᠭᠠᠨᠳᠣ ᠤᠯᠤᠰ ᠢᠶᠠᠨ ᠣᠳᠣᠷᠢᠳᠣᠳᠠᠭ ᠪᠠᠶᠢᠵᠠᠢ᠃ ᠲᠡᠭᠦᠨ ᠤ ᠮᠠᠯᠴᠢᠨ ᠪᠠᠶᠢᠯᠳᠣᠭᠴᠢ ᠵᠢᠨᠲ᠋ᠤᠭ᠎ᠠ ᠨᠢ10 | ᠲᠦᠮᠡ5 ᠮᠢᠩᠭ᠎ᠠ ᠣᠷᠴᠢᠮ ᠪᠠᠶᠢᠭᠰᠠᠨ ᠪᠠᠶᠢᠨ᠎ᠠ᠃ | ᠬᠤᠵᠢᠮ ᠨᠢ ᠮᠣᠩᠭᠤᠯ ᠬᠠᠭᠠᠨᠳᠣ ᠤᠯᠤᠰ ᠨᠢ ᠶᠠᠭ ᠵᠢᠭᠦᠷ ᠵᠶ᠋ᠡᠨᠲ᠋ᠡᠯᠭᠡᠭᠰᠡᠨ ᠲᠤᠭᠤᠷᠤᠤ ᠶᠤᠮᠰᠢᠭ ᠵᠡᠬᠦᠨ᠂ | ᠲᠤᠮᠳᠠᠳᠤ᠂ ᠪᠠᠷᠠᠭᠤᠨ ᠬᠡᠰᠡᠨ ᠬᠤᠪᠢᠶᠠᠷᠢ ᠪᠠᠷ ᠦᠷᠦᠨ᠎ᠡ ᠲᠣᠷᠣᠨ᠎ᠠ ᠵᠦᠭ ᠲᠡᠯᠡᠵᠡᠢ᠃ ᠷᠠᠰᠢᠳ᠋ ᠠᠳ᠋ ᠳ᠋ᠢᠨ ᠤ ︿ | ᠰᠣᠳᠣᠷ ᠤᠨ ᠴᠢᠭᠤᠯᠭᠠᠨ﹀ ᠳᠤ ᠲᠡᠮᠳᠡᠭᠯᠡᠭᠰᠡᠨ ᠢ ᠦᠨᠳᠦᠰᠦᠯᠡᠪᠡᠯ ᠲᠡᠳᠡᠬᠡᠷ ᠮᠠᠯᠴᠢᠨ ᠪᠠᠶᠢᠯᠳᠤᠭᠴᠢᠳ | ᠨᠡᠶᠢᠳᠠ ᠳᠤ ᠪᠠᠨ12 ᠲᠦᠮᠡ9 ᠮᠢᠩᠭ᠎ᠠ ᠣᠷᠴᠢᠮ ᠪᠠᠶᠢᠵᠠᠢ᠃ ︿ᠵᠡᠬᠦᠨ ᠭᠠᠷ ᠤᠨ ᠸᠠᠩ﹀ ᠨᠠᠷ ᠢ ᠪᠠᠷᠠᠭᠤᠨ ᠤ | ᠭᠤᠷᠪᠠᠨ ᠬᠠᠨᠳᠤ ᠤᠯᠤᠰ ᠲᠠᠢ ᠬᠠᠷᠢᠴᠠᠭᠤᠯᠪᠠᠯ ᠢᠯᠡᠷᠬᠡᠢ ᠨᠢᠭᠡᠨ ᠣᠨᠴᠠᠯᠢᠭ ᠲᠠᠢ ᠪᠠᠶᠢᠳᠠᠭ᠃ ᠲᠡᠷᠨ ᠨᠢ | ᠤᠳᠴᠢᠬᠡᠨ ᠤ ᠤᠯᠤᠰ ᠨᠢ ᠨᠡᠩ ᠶᠡᠭᠡ ᠪᠠᠶᠢᠭᠰᠠᠨ ᠪᠦᠭᠡᠳ ᠭᠤᠷᠪᠠᠨ ᠬᠠᠨᠳᠤ ᠤᠯᠤᠰ ᠨᠢ ᠣᠳᠴᠢᠬᠡᠨ ᠤ | ᠤᠳᠤᠮ ᠤᠨ ᠬᠢᠨ ᠢᠶᠠᠷ ᠠᠬᠠᠯᠠᠭᠤᠯᠣᠨ ᠬᠠᠮᠳᠣ ᠶᠢᠨ ᠠᠵᠢᠯᠯᠠᠭᠠᠨ ᠳᠤ ᠬᠦᠷᠳᠡᠭ ᠪᠠᠶᠢᠭᠰᠠᠨ ᠬᠡᠷᠡᠭ ᠶᠤᠮ᠃ | ᠵᠡᠬᠦᠨ ᠪᠠᠷᠠᠭᠤᠨ ᠬᠤᠶᠠᠷ ᠵᠢᠬᠦᠷ ᠤᠨ ᠬᠠᠨᠳᠤ ᠤᠯᠤᠰ ᠤᠨ ᠮᠠᠯᠴᠢᠨ ᠪᠠᠶᠢᠯᠳᠣᠭᠴᠢ ᠶᠢ ᠲᠤᠰ ᠲᠤᠰ ᠳᠤᠨᠢ | ᠪᠦᠷᠢᠳᠬᠡᠵᠦ ᠦᠵᠡᠪᠡᠯ᠂ᠠᠩᠬ᠎ᠠ ᠡᠬᠢᠨ ᠳᠤ ᠪᠠᠨ ᠬᠤᠶᠠᠷ ᠵᠢᠬᠦᠷ ᠨᠢ ᠨᠠᠭᠠᠳᠣ ᠵᠠᠬ᠎ᠠ ᠳᠤ ᠪᠠᠨ ᠪᠦᠷ1ᠲᠦᠮᠡ2 | ᠮᠢᠩᠭᠠᠨ ᠪᠠᠶᠢᠯᠳᠤᠭᠴᠢ ᠲᠠᠢ ᠪᠠᠶᠢᠭᠰᠠᠨ ᠪᠠᠶᠢᠨ᠎ᠠ᠃ ᠮᠡᠳᠡᠭᠡᠵᠢ ᠡᠨᠡ ᠨᠢ ᠴᠢᠩᠭᠢᠰ ᠬᠠᠭᠠᠨᠮᠣᠩᠭᠤᠯ ᠤᠨ ᠵᠡᠬᠦᠨ | ᠪᠠᠷᠠᠭᠤᠨ ᠤ ᠬᠦᠴᠦᠨ ᠤ ᠲᠡᠩᠴᠡᠭᠦᠷᠢᠰᠢᠯ ᠢ ᠪᠣᠳᠣᠯᠬᠢᠯᠠᠭᠰᠠᠨ ᠤ ᠦᠷ᠎ᠡ ᠳ᠋ᠦᠩ ᠪᠠᠶᠢᠭᠰᠠᠨ ᠶᠤᠮ᠃ ᠭᠡᠪᠡᠴᠥ ᠨᠠᠷᠢᠨ | ᠦᠵᠡᠪᠡᠯ ᠪᠠᠷᠠᠭᠤᠨ ᠤ ᠵᠦᠴᠢ᠂ ᠴᠠᠭᠠᠲᠠᠢ᠂ ᠦᠭᠡᠳᠡᠢ ᠭᠤᠷᠪᠠ ᠶᠢᠨ ᠬᠠᠨᠳᠤ ᠤᠯᠤᠰ ᠨᠢ ᠢᠵᠢᠯᠬᠡᠨᠲ᠋ᠤᠰᠪᠦᠷᠢ 4 | ᠮᠢᠩᠭᠠᠳᠣ ᠲᠠᠢ ᠪᠠᠶᠢᠭᠰᠠᠨ ᠪᠣᠯ ᠵᠡᠬᠦᠨ ᠤ ᠭᠤᠷᠪᠠᠨ ᠸᠠᠩ ᠶᠢᠨ ᠬᠢ ᠠᠳᠠᠯᠢ ᠦᠬᠡᠢ ᠪᠠᠶᠢᠵᠠᠢ᠃ ᠣᠳᠴᠢᠬᠡᠨ ᠨᠢ | ᠪᠦᠬᠦ ᠬᠦᠮᠦᠰ ᠤᠨ ᠬᠢᠨᠢ2/3 ᠢ ᠨᠢ ᠡᠵᠡᠮᠳᠡᠭᠰᠡᠨ ᠪᠠᠶᠢᠳᠠᠭ᠃ ᠬᠦᠴᠦᠨ ᠤ ᠲᠡᠩᠴᠡᠭᠦᠷᠢ ᠦᠭᠡᠢ ᠪᠠᠶᠢᠳᠠᠯ ᠨᠢ | ᠵᠡᠭᠦᠨ ᠪᠠᠷᠠᠭᠤᠨ ᠤ ᠬᠤᠶᠠᠷ ᠵᠢᠬᠦᠷ ᠤᠨ ᠬᠤᠵᠢᠮ ᠤᠨ ᠬᠦᠭᠵᠢᠯ ᠳᠤ ᠶᠡᠬᠡᠬᠡᠨ ᠨᠦᠯᠦᠭᠡᠯᠡᠨ ᠲᠡᠥᠬᠡ ᠶᠢᠨ ᠤᠷᠤᠰᠬᠠᠯ ᠢ | ᠦᠬᠡᠷᠡᠴᠢᠯᠡᠵᠡᠢ᠃ | 1251ᠣᠨ ᠳᠤ ᠮᠣᠩᠭᠤᠯ ᠤᠨ ᠵᠡᠭᠦᠨ ᠬᠡᠰᠡᠭ ᠤᠨ ᠬᠦᠢᠰᠥ ᠪᠣᠯᠣᠭᠰᠠᠨ ᠠᠯᠳᠠᠨ ᠯᠢᠩᠬᠸ᠎ᠠ ᠶᠢᠨ ᠲᠠᠯ᠎ᠠ ᠳᠤ | ᠴᠦᠬᠡᠨ ᠲᠠᠭᠠᠯᠲᠠ ᠪᠤᠯᠤᠨ ᠵᠦᠪᠯᠡᠭᠴᠢ ᠶᠢᠨ ᠬᠠᠮᠳᠤ ᠰᠠᠭᠤᠷᠢᠰᠢᠭᠰᠠᠨ ᠬᠤᠪᠢᠯᠠᠢ ᠳᠤ ᠠᠪᠴᠥ ᠬᠡᠯᠡᠪᠡᠯ ᠬᠠᠮᠤᠭ | ᠴᠢᠬᠤᠯᠡ ᠲᠤᠳᠤᠭᠠᠳᠤ ᠶᠢᠨ ᠬᠡᠷᠡᠭ ᠨᠢ ᠬᠠᠨᠳᠤ ᠤᠯᠤᠰ ᠤᠨ ᠪᠦᠯᠦᠭᠯᠡᠯ ᠤᠨ ᠬᠠᠮᠤᠭ ᠬᠦᠴᠦᠷᠬᠡᠭ ᠨᠢ ᠪᠣᠯᠣᠭᠰᠠᠨ | ᠣᠳᠴᠢᠬᠡᠨ ᠤ ᠬᠠᠷᠢᠶᠠᠳᠣ ᠤᠯᠤᠰ ᠯᠤᠭ᠎ᠠ ᠶᠢᠨ ᠬᠠᠷᠢᠯᠴᠠᠭ᠎ᠠ ᠶᠢ ᠰᠢᠢᠳᠬᠦ ᠠᠰᠠᠭᠤᠳᠠᠯ ᠪᠠᠶᠢᠪᠠ᠃ | ᠬᠡᠳᠥᠶᠢᠪᠡᠷ ᠬᠠᠷᠢᠶᠠᠯᠠᠬᠤ ᠬᠠᠷᠢᠶᠠᠯᠠᠭᠳᠠᠬᠤ ᠬᠠᠷᠢᠴᠠᠭ᠎ᠠ ᠪᠣᠢ ᠴᠤ ᠲᠡᠳᠡᠨᠥᠰ ᠰᠢᠳᠣᠷᠭᠤ ᠪᠠᠷ ᠦᠪᠡᠷ ᠲᠠᠢ ᠨᠢ | ᠬᠠᠮᠵᠢᠯᠴᠠᠬᠤ ᠡᠰᠡᠬᠦ ᠨᠢ ᠲᠤᠳᠤᠷᠬᠠᠢ ᠪᠣᠰᠤ ᠪᠠᠶᠢᠯ᠎ᠠ᠃ ᠭᠠᠨᠵᠤᠭ᠎ᠠ ᠨᠡᠶᠢᠯᠡᠨ ᠭᠠᠷ ᠬᠤᠯᠪᠣᠵᠦ ᠴᠢᠳᠠᠪᠠᠯ ᠭᠤᠮᠥᠳᠠᠯ | ᠠᠯᠳᠠᠷᠠᠨ᠎ᠠ᠃ ᠤᠳᠴᠢᠬᠡᠨ ᠤ ᠤᠭᠰᠠᠭ᠎ᠠ ᠶᠢᠨ ᠴᠢᠭᠯᠡᠯ ᠨᠢ ᠵᠡᠬᠦᠨ ᠤ ᠭᠤᠷᠪᠠᠨ ᠸᠠᠩ ᠤᠨ ᠴᠢᠭᠯᠡᠯ ᠢ ᠲᠤᠭᠳᠠᠭᠠᠬᠤ | ᠣᠴᠢᠭ ᠨᠢ ᠶᠤᠮ᠃ | ᠲᠤᠬᠠᠢ ᠶᠢᠨ ᠴᠠᠭ ᠭᠤᠷᠪᠠᠨ ᠸᠠᠩ ᠤᠨ ᠬᠦᠴᠦᠨ ᠤ ᠬᠦᠷᠢᠶ᠎ᠡ ᠬᠡᠳᠥᠶᠢᠨᠡᠢ ᠬᠢᠩᠭᠠᠨ ᠳᠠᠪᠠᠭ᠎ᠠ ᠶᠢ ᠲᠠᠪᠠᠨ | ᠪᠠᠷᠤᠭ ᠪᠦᠬᠦᠶᠢᠯᠡ ᠮᠠᠨᠵᠤ ᠨᠤᠲᠤᠭ ︵ᠣᠳᠣᠬᠢ ᠬᠢᠲᠠᠳ ᠤᠨ ᠵᠡᠬᠦᠨ ᠬᠤᠶᠢᠳᠣ ᠣᠷᠣᠨ︶ ᠢ ᠬᠠᠮᠣᠷᠣᠭᠰᠠᠨ ᠪᠠᠶᠢᠵᠠᠢ | ᠃ ᠲᠡᠳᠡᠨᠥᠰ ᠭᠤᠣᠯᠢ ᠶᠢᠨ ᠬᠤᠶᠢᠳᠣ ᠬᠢᠵᠠᠭᠠᠷ ᠲᠤ ᠴᠤ ᠡᠵᠡᠮᠰᠢᠯ ᠲᠠᠢ ᠪᠠᠶᠢᠵᠦ᠂ ᠶᠠᠨᠵᠢᠩ(燕京)ᠭᠡᠭᠳᠡᠬᠦ | ᠵᠦᠩᠳᠣ ᠶᠢᠨ ᠵᠡᠬᠦᠨ ᠲᠡᠭᠦᠷᠬᠡ ᠫᠢᠩᠵᠸᠣ (平洲)ᠬᠠᠪᠢᠴᠠᠭ᠎ᠠ ᠪᠤᠯᠤᠨ ᠱᠠᠨᠳᠦ᠋ᠩ (山东) ᠤᠨ | ᠡᠷᠭᠢ ᠲᠠᠭᠠᠭᠤ ᠣᠷᠣᠨ ᠢᠶᠠᠷ ᠴᠤ ᠡᠵᠡᠮᠰᠢᠯ ᠲᠠᠢ ᠪᠠᠶᠢᠵᠠᠢ᠃ ᠦᠬᠡᠷ᠎ᠡ ᠪᠠᠷ ᠬᠡᠯᠡᠪᠡᠯ ᠬᠡᠷᠡᠭ ᠪᠦᠳᠦᠬᠦ ᠡᠰᠡᠬᠦ ᠨᠢ | ᠤᠳᠴᠢᠬᠡᠨ ᠤ ᠤᠳᠤᠮ ᠲᠠᠢ ᠲᠣᠬᠢᠷᠠᠵᠦ ᠴᠢᠳᠠᠬᠤ ᠡᠰᠡᠬᠦ ᠠᠴᠠ ᠰᠢᠯᠲᠠᠭᠠᠯᠠᠨ᠎ᠠ᠃ | ᠡᠭᠦᠨ ᠠᠴᠠ ᠭᠠᠳᠠᠨ᠎ᠠ ᠵᠡᠬᠦᠨ ᠭᠤᠷᠪᠠᠨ ᠸᠠᠩ ᠤᠨ ᠡᠵᠡᠮᠰᠢᠯ ᠳᠤ ᠮᠣᠩᠭᠤᠯ ᠤᠨ ᠵᠡᠬᠦᠨ ᠵᠢᠬᠦᠷ ᠲᠤ | ᠬᠦᠴᠦᠷᠬᠡᠭ ᠲᠤ ᠪᠠᠭᠲᠠᠬᠤ ︿ᠲᠠᠪᠣᠨ ᠠᠶᠢᠮᠠᠭ﹀ (五投下) ᠤᠨ ᠬᠢᠨ ᠬᠡᠭᠳᠡᠳᠡᠭ ᠲᠠᠪᠥᠨ ᠴᠡᠷᠢᠭ | ᠲᠠᠶᠢᠨ ᠤ ᠪᠦᠯᠦᠭᠯᠡᠯ ᠪᠠᠶᠢᠵᠠᠢ᠃ ᠲᠡᠳᠡᠨᠥᠰ ᠤᠨ ᠲᠥᠪ ᠨᠢ ᠵᠠᠯᠠᠶᠢᠷ ᠤᠨ ᠭᠦᠸᠧ ᠸᠠᠩ ᠤᠨ ᠤᠭᠰᠠᠭ᠎ᠠ ᠪᠠᠶᠢᠭᠰᠠᠨ | ᠶᠤᠮ᠃ ᠴᠢᠩᠭᠢᠰ ᠬᠠᠭᠠᠨ ᠪᠠᠷᠠᠭᠤᠨᠰᠢ ᠲᠠᠶᠢᠯᠠᠬᠤ ᠳᠤ ᠪᠠᠨ ᠬᠢᠲᠠᠳ ᠤᠨ ᠨᠤᠲᠤᠭ ᠤᠨ ᠠᠵᠢᠯ ᠬᠡᠷᠡᠭ ᠢ ᠢᠳᠡᠭᠡᠯᠳᠥ | ᠨᠦᠬᠦᠷ ᠵᠠᠯᠠᠶᠢᠷ ᠤᠨ ᠮᠣᠬᠤᠯᠠᠢ ᠲᠤ ᠨᠠᠶᠢᠳᠠᠨ ᠬᠠᠮᠢᠶᠠᠷᠠᠭᠤᠯᠣᠨ᠂ ᠲᠡᠭᠦᠨ ᠳᠤ ︿ᠲᠠᠪᠥᠨ ᠠᠶᠢᠮᠠᠭ﹀ ᠢᠶᠠᠷ | ᠭᠤᠣᠯᠠᠯᠠᠭᠰᠠᠨ ᠴᠡᠷᠢᠭ ᠤᠨ ᠬᠦᠴᠦᠨ ᠢ ᠦᠯᠡᠳᠡᠬᠡᠭᠰᠡᠨ ᠪᠠᠶᠢᠨ᠎ᠠ᠃ ︿ᠲᠠᠪᠣᠨ ᠠᠶᠢᠮᠠᠭ﹀ ᠤᠨ ᠦᠯᠡᠳᠡᠭᠰᠡᠨ | ᠳᠥᠷᠪᠡ ᠨᠢ ᠴᠢᠩᠬᠢᠰ ᠬᠠᠭᠠᠨ ᠤ ᠭᠤᠣᠯ ᠬᠠᠲᠤᠨᠪᠦ᠋ᠷᠳᠠ ᠶᠢᠨ ᠲᠦᠷᠬᠦᠮ ᠪᠣᠯᠬᠤ ᠬᠤᠩᠬᠢᠷᠠᠳ ᠬᠦᠷᠬᠡᠳ᠂ | ᠴᠢᠩᠭᠢᠰ ᠬᠠᠭᠠᠨ ᠤ ᠦᠬᠢᠨ ᠲᠡᠭᠦᠦᠰ ᠪᠤᠯᠤᠨ ᠦᠬᠢᠳ ᠤᠨ ᠬᠢᠨᠢ ᠬᠠᠳᠠᠮ ᠢᠬᠢᠷᠡᠰ᠂ ᠴᠢᠩᠬᠢᠰ ᠬᠠᠭᠠᠨ ᠤ | ᠬᠠᠳᠠᠭᠤᠵᠢᠯᠳᠤ ᠲᠠᠶᠢᠨ ᠤ ᠣᠨ ᠰᠠᠷ᠎ᠠ ᠳᠤ᠂ ᠣᠨᠴᠠ ᠬᠡᠷᠡᠶᠢᠳ ᠤᠨ ᠸᠠᠩ ᠬᠠᠨ ᠯᠤᠭ᠎ᠠ ᠶᠢᠨ ᠲᠠᠶᠢᠨ ᠳᠤ | ᠬᠤᠰᠢᠭᠤᠴᠢᠯᠠᠭᠰᠠᠨ ᠣᠷᠣᠭᠤᠳ᠂ ᠮᠠᠩᠭᠤᠳ ᠪᠤᠯᠤᠨ᠎ᠡ᠃ ᠲᠡᠳᠡᠨᠥᠰ ᠠᠯᠳᠠᠨ ᠤᠯᠤᠰ ᠯᠤᠭ᠎ᠠ ᠶᠢᠨ ᠲᠠᠶᠢᠨ ᠤ | ᠲᠠᠷᠠᠭ᠎ᠠ ᠴᠢᠩᠬᠢᠰ ᠬᠠᠭᠠᠨ ᠤ ᠵᠠᠷᠯᠢᠭ ᠢᠶᠠᠷ ᠮᠣᠬᠤᠯᠠᠢ ᠭᠦᠸᠧ ᠸᠠᠩ ᠤᠨ ᠬᠠᠮᠳᠣ ᠮᠣᠩᠭᠤᠯ ᠤᠨ ᠦᠨᠳᠦᠷᠯᠢᠭ ᠤᠨ | ᠵᠡᠬᠦᠨ ᠡᠮᠥᠨ᠎ᠡ ᠬᠡᠰᠡᠭ᠂ ᠬᠤᠸᠠᠪᠸᠢ ᠣᠷᠣᠨ(华北地区) ᠤ ᠠᠰ ᠬᠤᠶᠢᠳᠣ ᠬᠡᠰᠡᠭ ᠤᠳ ᠢ ᠡᠵᠡᠯᠡᠬᠦ | ᠬᠡᠰᠢᠭ ᠬᠦᠷᠳᠡᠨ᠂ ᠨᠡᠭᠦᠳᠡᠯ ᠤᠨ ᠡᠷᠬᠡᠰᠢᠶᠡᠯ ᠤᠨ ᠲᠤᠮᠤᠬᠠᠨ ᠤᠷᠤᠨ ᠲᠣᠭᠲᠠᠭᠠᠵᠠᠢ᠃ | ᠨᠡᠩ ᠴᠢᠨᠠᠭᠰᠢ ᠨᠢ ︿ᠲᠠᠪᠣᠨᠠᠶᠢᠮᠠᠭ﹀ ᠤᠨ ᠲᠣᠣᠷ᠎ᠠ ᠨᠢ ᠮᠣᠩᠭᠤᠯ ᠴᠤ ᠶᠣᠮᠰᠢᠭ᠂ ᠪᠢᠰᠢ ᠴᠤ ᠶᠤᠮᠰᠢᠭ | ᠬᠢᠲᠠᠨ ᠤ ᠴᠡᠷᠢᠭ ᠤᠨ ᠪᠦᠯᠦᠭᠯᠡᠯ ᠪᠠᠰᠠ ᠤᠷᠤᠰᠢᠵᠦ ᠪᠠᠶᠢᠪᠠ᠃ ᠲᠡᠭᠦᠨ ᠤ ᠣᠳᠣᠷᠢᠳᠣᠭᠴᠢ ᠨᠢ ᠴᠢᠩᠭᠢᠰ ᠬᠠᠭᠠᠨ ᠤ | ᠲᠡᠭᠡᠳᠤ ᠲᠡᠰ ᠤᠨ ᠵᠦᠪᠯᠡᠭᠴᠢ ᠠᠭᠰᠠᠨ ᠴᠡᠷᠢᠭ ᠤᠨ ᠲᠣᠰᠠᠯᠠᠭᠴᠢ ᠶᠧᠯᠢᠥᠢ ᠠᠬᠠᠢ (耶律阿海)᠂ | ᠶᠧᠯᠢᠥᠢ ᠲᠤᠥᠬᠠᠢ(耶律秃花)ᠠᠬ᠎ᠠ ᠲᠡᠭᠦᠦᠰ ᠤᠨ ᠤᠳᠤᠮ ᠤᠨ ᠬᠢᠨᠢ ᠪᠠᠶᠢᠵᠠᠢ᠃ ᠶᠧᠯᠢᠥᠢ | ᠠᠬᠠᠢ ᠶᠢᠨ ᠤᠭᠰᠠᠭ᠎ᠠ ᠨᠢ ᠰᠠᠮᠠᠷᠺᠠᠨᠳ᠋ ᠪᠣᠯᠣᠨ ᠵᠦᠩᠳᠤ ᠶᠢ᠂ ᠶᠧᠯᠢᠥᠢ ᠲᠤᠤᠬᠠᠢ ᠶᠢᠨ ᠤᠭᠰᠠᠭ᠎ᠠ ᠨᠢ ᠤᠤᠯ ᠤᠨ | ᠴᠠᠩ ᠠᠨ ︵长安) ᠪᠣᠯᠬᠤ ᠵᠢᠩ ᠵᠣᠣ (京兆) ᠶᠢ ᠡᠷᠬᠡᠰᠢᠶᠡᠵᠦ ᠪᠠᠶᠢᠪᠠ᠃ ᠡᠭᠦᠨ ᠠᠴᠠ ᠭᠠᠳᠠᠨ᠎ᠠ | ᠬᠢᠳᠠᠨ ᠤ ᠴᠡᠷᠢᠭ ᠤᠨ ᠪᠦᠯᠦᠭᠯᠡᠯ ᠤᠨ ᠬᠡᠳᠣᠨ ᠰᠠᠯᠪᠤᠷᠢ ᠨᠢ ᠬᠢᠲᠠᠳ ᠤᠨ ᠬᠤᠶᠢᠳᠣ ᠬᠡᠰᠡᠭ ᠳ᠋ᠤ᠋ᠦᠪᠡᠷᠰᠡᠳ ᠤᠨ | ᠰᠠᠭᠤᠷᠢᠨ ᠪᠠ ᠬᠦᠴᠦᠨ ᠤ ᠬᠦᠷᠢᠶ᠎ᠡ ᠲᠠᠢ ᠪᠠᠶᠢᠪᠠ᠃ ᠲᠡᠳᠡᠨᠥᠰ ᠤᠨ ᠲᠤᠮᠳᠡ ᠱᠢ ᠮᠥᠸᠧ ᠮᠢᠩᠭᠠᠨ(石抹明 | 安) ᠪᠠ ᠱᠢ ᠮᠥᠸᠧ ᠶᠢᠰᠥᠨ (石抹也先) ᠤ ᠡᠭᠦᠰᠬᠡᠭᠰᠡᠨ ᠬᠤᠶᠠᠷ ᠤᠭᠰᠠᠭ᠎ᠠ ᠨᠢ ᠪᠠᠰᠠ | ᠨᠡᠯᠢᠶᠡᠳ ᠬᠦᠴᠦᠷᠬᠡᠭ ᠪᠠᠶᠢᠵᠠᠢ᠃ | ᠨᠡᠩ ᠲᠣᠣᠷ᠎ᠠ ᠱᠠᠳᠤᠨ ᠳᠤ ᠬᠤᠸᠠᠪᠸᠢ ᠶᠢᠨ ᠡᠯ᠎ᠡ ᠣᠷᠣᠨ ᠢᠶᠠᠷ ᠠᠶᠠᠨᠳᠠᠭᠠᠨ ᠪᠤᠢ ᠪᠤᠯᠤᠭᠰᠠᠨ ᠶᠡᠭᠡ ᠪᠠᠭ᠎ᠠ᠂ | ᠶᠠᠩᠵᠤ ᠪᠦᠷᠢ ᠶᠢᠨ ᠭᠠᠵᠠᠷ ᠣᠷᠣᠨ ᠤ ᠣᠯᠠᠨ ᠵᠡᠪᠰᠡᠭᠲᠦ ᠪᠦᠯᠦᠭᠯᠡᠯ ᠤᠳ ᠪᠠᠶᠢᠵᠠᠢ᠃ ᠲᠡᠳᠡᠨᠥᠰ ᠤᠨ ᠶᠡᠬᠡᠩᠬᠢ ᠨᠢ | ᠮᠣᠩᠭᠤᠯ ᠤᠨ ᠰᠠᠯᠪᠦᠷᠢ ᠬᠦᠴᠦᠨ ᠨᠦᠭᠦᠳ ᠲᠠᠢ ᠦᠪᠡᠷ ᠦᠪᠡᠷᠰᠡᠳ ᠤᠨ ᠬᠠᠷᠢᠴᠠᠭ᠎ᠠ ᠲᠠᠢ ᠪᠠᠶᠢᠵᠦ᠂ ᠮᠣᠩᠭᠤᠯ ᠤᠨ | ᠬᠦᠴᠦᠨ ᠢᠶᠠᠷ ᠲᠦᠰᠢᠭ ᠪᠤᠯᠭᠠᠨ ᠲᠤᠬᠠᠢ ᠶᠢᠨ ᠣᠷᠣᠨ ᠤ ᠢᠷᠭᠡᠳ ᠢᠶᠠᠨ ᠬᠠᠮᠢᠶᠠᠷᠥᠨ ᠡᠵᠡᠮᠳᠡᠬᠦ ︿ᠲᠠᠭᠠᠭᠠᠴᠢᠯᠠᠭᠴᠢ | ﹀ ᠶᠢᠨ ᠲᠥᠷᠢ ᠲᠠᠢ ᠪᠠᠶᠢᠵᠠᠢ᠃ ᠢᠯᠠᠩᠭᠤᠶ᠎ᠠ ᠠᠯᠳᠠᠨ ᠤᠯᠤᠰ ᠮᠦᠬᠦᠭᠰᠡᠨ ᠬᠤᠶᠢᠨ᠎ᠠ ᠮᠣᠩᠭᠤᠯ ᠤᠨ ᠲᠥᠷᠥ ᠶᠢᠨ | ᠪᠣᠳᠣᠯᠭ᠎ᠠ ᠶᠢᠨ ᠴᠢᠭᠯᠡᠯ ᠲᠠᠭᠠᠭᠤ ᠤᠯᠠᠮ ᠨᠢᠭᠡ ᠠᠯᠬᠤᠮ ᠴᠡᠭᠴᠡᠯᠡᠭᠳᠡᠨ ᠨᠢᠬᠡᠳᠴᠡᠢ᠃ ᠳ᠋ᠦᠩᠫᠢᠩ ᠤᠨ ᠶᠠᠨ | ᠣᠪᠣᠭᠳᠣ᠂(东平的严氏) ᠢᠳᠥ ᠶᠢᠨ ᠯᠢ ᠤᠪᠤᠭᠳᠣ(益都的李氏)᠂ | ᠵᠢᠨᠠᠨ ᠤ ᠵᠠᠩ ᠣᠪᠣᠭᠳᠣ(济南的张氏)᠂ ᠵᠧᠨᠳᠢᠩ ᠤᠨ ᠱᠢ ᠣᠪᠣᠭᠳᠣ(真定的史氏 | )᠂ ᠪᠣᠣᠳᠢᠩ ᠤᠨ ᠵᠠᠩ ᠤᠪᠤᠭᠳᠤ(保定的张氏) ᠵᠡᠷᠬᠡ ᠨᠢ ᠲᠡᠳᠡᠨᠥᠰ ᠤᠨ ᠲᠦᠯᠦᠭᠡᠯᠡᠭᠴᠢ | ᠬᠦᠴᠦᠨᠨᠦᠭᠦᠳ ᠶᠤᠮ᠃ ᠡᠳᠡᠭᠡᠷ ᠬᠦᠴᠦᠨᠨᠦᠭᠦᠳ ᠤᠨ ᠴᠡᠷᠢᠭ ᠤᠨ ᠡᠷᠬᠡᠳᠡᠨ ᠤ ᠦᠩᠬᠡ ᠪᠤᠳᠤᠭ ᠠᠶᠠᠨᠳᠠᠭᠠᠨ | ᠨᠡᠮᠡᠭᠳᠡᠵᠦ ᠪᠠᠶᠢᠯ᠎ᠠ᠃ | ᠢᠩᠬᠢᠭᠡᠳ ᠮᠣᠩᠭᠤᠯ ᠤᠨ ᠵᠡᠬᠦᠨ ᠬᠡᠰᠡᠭ ᠨᠢ ᠡᠯᠳᠡᠪ ᠬᠦᠴᠦᠨ ᠨᠦᠭᠦᠳ ᠬᠤᠯᠢᠯᠳᠣᠭᠰᠠᠨ ᠡᠯᠡᠷ ᠪᠠᠯᠠᠷ | ᠴᠠᠭ ᠤᠨ ᠢᠶᠠᠨ ᠣᠷᠭᠢᠯ ᠦᠶ᠎ᠡ ᠳᠤ ᠪᠠᠶᠢᠪᠠ᠃ ᠮᠣᠩᠭᠤᠯ ᠤᠨ ᠪᠦᠬᠦ ᠬᠢᠵᠠᠭᠠᠷ ᠢ ᠠᠵᠢᠪᠠᠯ ᠡᠶᠢᠮᠥᠷᠬᠦ ᠦᠵᠡᠭᠳᠡᠯ ᠨᠢ | ᠨᠢᠭᠡ ᠬᠡᠮᠵᠢᠶᠡᠨ ᠳᠤ ᠲᠦᠭᠡᠮᠡᠯ ᠪᠠᠶᠢᠭᠰᠠᠨ ᠪᠣᠯᠪᠠᠴᠥ ᠵᠡᠬᠦᠨ ᠬᠡᠰᠡᠭ ᠤᠨ ᠵᠠᠮᠪᠠᠷᠠᠭ᠎ᠠ ᠦᠭᠡᠢ ᠪᠠᠶᠢᠳᠠᠯ ᠨᠢ ᠨᠡᠩᠳᠡ | ᠬᠡᠴᠡᠬᠦᠦ ᠪᠠᠶᠢᠵᠠᠢ᠃ ᠬᠤᠪᠢᠯᠠᠢ ᠶᠢ ᠠᠩᠬ᠎ᠠ ᠢᠷᠡᠬᠦ ᠳᠤ ᠲᠤᠬᠠᠢ ᠶᠢᠨ ᠣᠷᠣᠨ ᠨᠢᠭᠡ ᠡᠶᠢᠮᠥᠷᠬᠦ ᠰᠢᠨᠵᠢᠳᠡᠢ ᠪᠠᠶᠢᠭᠰᠠᠨ | ᠶᠤᠮ᠃ | ᠶᠠᠭᠠᠬᠢᠭᠠᠳ ᠠᠯᠲᠠᠨ ᠯᠢᠩᠬᠤ᠎ᠠ ᠶᠢᠨ ᠲᠠᠯ᠎ᠠ (金莲川)ᠬᠡᠵᠦ︖ | ᠬᠤᠪᠢᠯᠠᠢ ᠠᠯᠳᠠᠨ ᠯᠢᠩᠬᠸ᠎ᠠ ᠶᠢᠨ ᠲᠠᠯ᠎ᠠ ᠶᠢ ᠰᠤᠩᠭᠤᠨ ᠵᠡᠬᠦᠨ ᠬᠡᠰᠡᠭ ᠢ ᠡᠵᠡᠮᠳᠡᠬᠦ ᠰᠠᠭᠤᠷᠢᠨ ᠭᠠᠵᠠᠷ | ᠪᠤᠯᠭᠠᠭᠰᠠᠨ ᠨᠢ ᠰᠢᠯᠳᠠᠭᠠᠨ ᠲᠠᠢ ᠶᠤᠮ᠃ ᠡᠨᠡ ᠨᠤᠲᠤᠭ ᠨᠢ ᠵᠠᠯᠠᠶᠢᠷ ᠤᠨ ᠸᠠᠩ ᠤᠨ ᠤᠳᠤᠮ ᠪᠤᠯᠤᠨ ᠤᠷᠤᠭᠤᠳ | ᠠᠶᠢᠮᠠᠭ ᠤᠨ ᠨᠡᠬᠦᠳᠡᠯ ᠤᠨ ᠨᠤᠲᠤᠭ ᠪᠠᠶᠢᠪᠠ᠃ ᠠᠳᠡ ᠰᠠᠭᠤᠷᠢᠰᠢᠭᠰᠠᠨ ᠨᠢ ᠵᠠᠯᠠᠶᠢᠷ ᠤᠨ ᠸᠠᠩ ᠤᠨ ᠤᠳᠤᠮ ᠢ ᠨᠡᠷ᠎ᠡ | ᠲᠥᠷᠥ ᠲᠠᠢ ᠪᠠᠷ ᠤᠳᠤᠷᠢᠳᠴᠥ ᠪᠠᠶᠢᠭ᠎ᠠ ᠭᠡᠳᠡᠭ ᠢᠶᠠᠨ ᠬᠠᠷᠠᠭᠤᠯᠤᠭᠰᠠᠨ ᠬᠡᠷᠡᠭ ᠶᠤᠮ᠃ ᠲᠡᠭᠦᠪᠡᠷ ᠴᠤ ᠵᠤᠭᠰᠤᠬᠤ | ᠦᠭᠡᠢ ᠪᠣᠰᠣᠳ ᠰᠢᠯᠳᠠᠭᠠᠨ ᠪᠠᠰᠠ ᠪᠠᠶᠢᠭᠰᠠᠨ ᠪᠠᠶᠢᠨ᠎ᠠ᠃ | ᠲᠡᠥᠬᠡ ᠶᠢ ᠡᠷᠭᠢᠴᠡᠬᠦᠯᠪᠡᠯ ᠣᠨᠲ᠋ᠣᠭᠠᠯᠠᠯ ᠤᠨ1115 ᠣᠨ ᠠᠴᠠ ᠬᠤᠶᠢᠰᠢᠬᠢ ᠠᠯᠳᠠᠨ ᠤᠯᠤᠰ ᠤᠨ | ᠦᠶ᠎ᠡ ᠳᠤ ᠡᠨᠡ ᠬᠠᠪᠢ ᠪᠠᠷ ᠬᠤᠸᠠᠨᠵᠸᠥ᠂ ᠹᠦᠵᠸᠥ (桓州及抚州)ᠬᠡᠮᠡᠬᠦ ᠬᠤᠶᠠᠷ ᠴᠤ ᠬᠤᠲᠠ | ᠪᠠᠶᠢᠵᠠᠢ᠃ ᠡᠶᠢᠮᠥ ᠠᠴᠠ ᠠᠯᠳᠠᠨ ᠯᠢᠩᠬᠸ᠎ᠠ ᠶᠢᠨ ᠲᠠᠯ᠎ᠠ ᠨᠢ ᠪᠠᠰᠠ ︿ᠬᠤᠸᠠᠨ ᠹᠦ᠋ ᠶᠢᠨ ᠬᠤᠭᠤᠷᠤᠨᠳᠤ﹀ (桓抚 | 之间)ᠬᠡᠮᠡᠨ ᠶᠠᠷᠢᠭᠳᠠᠳᠠᠭ ᠪᠠᠶᠢᠪᠠ᠃ ᠲᠡᠭᠡᠷ᠎ᠡ ᠲᠤᠷᠠᠳᠤᠭᠰᠠᠨ ᠶᠧᠯᠢᠥᠢ ᠠᠬᠠᠢ᠂ ᠶᠧᠯᠢᠥᠢ ᠲᠤᠤᠬᠠᠢᠠᠬᠠ | ᠲᠡᠭᠦᠦ ᠬᠤᠶᠠᠷ ᠤᠨ ᠡᠴᠢᠬᠡ ᠨᠢ ᠠᠳᠡᠬᠢ ᠲᠠᠯ᠎ᠠ ᠨᠤᠲᠤᠭ ᠤᠨ ᠬᠤᠲᠠ ᠬᠤᠸᠠᠨᠵᠸᠤ ᠶᠢᠨ ᠨᠤᠶᠠᠨ ᠨᠢ ᠪᠠᠶᠢᠪᠠ᠃ ᠱᠢ | ᠮᠥᠸᠧ ᠮᠢᠩᠭᠠᠨ ᠴᠤ ᠪᠠᠰᠠ ᠬᠤᠸᠠᠨᠵᠸᠤ ᠶᠢᠨ ᠬᠦᠮᠦᠨ ᠪᠠᠶᠢᠭᠰᠠᠨ ᠶᠤᠮ᠃ ᠠᠯᠳᠠᠨ ᠤᠯᠤᠰ ᠤᠨ ᠦᠶ᠎ᠡ ᠳᠤ | ᠦᠪᠦᠷ ᠮᠣᠩᠭᠤᠯ ᠤᠨ ᠨᠤᠲᠤᠭ ᠢᠶᠠᠷ ᠲᠠᠷᠬᠠᠭᠠᠭᠳᠠᠨ ᠪᠡᠯᠡᠳᠬᠡᠭᠳᠡᠭᠰᠡᠨ ᠬᠢᠳᠠᠨ ᠤ ᠴᠡᠷᠢᠭ ᠤᠨ ᠪᠦᠯᠦᠭ ᠤᠳ ᠲᠤ | ᠠᠪᠴᠥ ᠬᠡᠯᠡᠪᠡᠯ ᠠᠳᠡᠬᠢ ᠨᠢ ᠭᠠᠵᠠᠷ ᠤᠨ ᠪᠠᠶᠢᠴᠠ ᠤᠨ ᠬᠤᠪᠢᠨ ᠳᠤ ᠠᠮᠢᠨ ᠴᠢᠬᠤᠯᠡ ᠲᠠᠯ᠎ᠠ ᠨᠤᠲᠤᠭ ᠪᠠᠶᠢᠭᠰᠠᠨ | ᠪᠦᠭᠡᠳ ᠬᠤᠸᠠᠨᠵᠸᠤ ᠪᠣᠯᠣᠨ ᠹᠦᠵᠸᠤ ᠬᠤᠶᠠᠷ ᠬᠤᠲᠠ ᠶᠢᠨ ᠪᠠᠶᠢᠯᠳᠤᠬᠤ ᠪᠣᠳᠣᠯᠭ᠎ᠠ ᠪᠠ ᠬᠠᠩᠭᠠᠯᠭ᠎ᠠ ᠶᠢᠨ ᠴᠢᠬᠤᠯᠡ | ᠤᠷᠤᠨ ᠪᠠᠶᠢᠪᠠ᠃ ︿ᠬᠤᠸᠠᠨ ᠹᠦ᠋ ᠶᠢᠨ ᠬᠤᠭᠤᠷᠤᠨᠳᠤ﹀ ᠨᠢ ᠠᠯᠳᠠᠨ ᠤᠯᠤᠰ ᠲᠤ ᠠᠪᠴᠥ ᠬᠡᠯᠡᠪᠡᠯ ᠬᠢᠵᠠᠭᠠᠷ ᠤᠨ | ᠲᠠᠯ᠎ᠠ ᠨᠤᠲᠤᠭ ᠲᠡᠳᠥᠢ ᠪᠢᠰᠢ ᠬᠠᠷᠢᠨ ᠴᠤ ᠶᠡᠬᠡᠬᠡᠨ ᠴᠢᠬᠤᠯᠡ ᠭᠠᠵᠠᠷ ᠨᠤᠲᠤᠭ ᠪᠠᠶᠢᠭᠰᠠᠨ ᠪᠠᠶᠢᠨ᠎ᠠ᠃ | ᠵᠤᠨ ᠤ ᠤᠯᠠᠷᠢᠯ ᠪᠣᠯᠬᠤ ᠪᠠᠷ ᠠᠯᠳᠠᠨ ᠤᠯᠤᠰ ᠤᠨ ᠬᠠᠭᠠᠨ ᠣᠷᠳᠣᠨ ᠤ ᠬᠢᠨᠢ ᠪᠦᠭᠴᠢᠮ ᠬᠠᠯᠠᠭᠤᠨ ᠵᠦᠩᠳᠣ | ᠪᠣᠯᠣᠨ ᠬᠠᠪᠢ ᠶᠢᠨ ᠨᠤᠲᠤᠭ ᠠᠴᠠ ᠰᠠᠯᠤᠨ300 ᠣᠷᠴᠢᠮ ᠺᠢᠯᠥᠮᠧᠲᠷ ᠵᠠᠶᠢᠲᠠᠢ ᠲᠠᠴᠢᠷᠯᠢᠭ ᠦᠨᠳᠦᠷᠯᠢᠭ ᠢ | ᠵᠤᠷᠢᠳᠠᠭ ᠪᠠᠶᠢᠪᠠ᠃ ᠤᠷᠳᠤᠨ ᠤ᠂ ᠵᠠᠰᠠᠭ ᠤᠨ ᠶᠡᠭᠡ ᠬᠡᠪᠴᠢᠶᠡᠨ ᠤ ᠬᠦᠮᠦᠰ ᠪᠣᠯᠣᠨ ᠣᠯᠠᠨ ᠲᠣᠭᠠᠨ ᠤ ᠰᠢᠳᠠᠷ | ᠴᠡᠷᠢᠭ ᠨᠦᠭᠦᠳ ᠬᠠᠭᠠᠨ ᠢᠶᠠᠨ ᠲᠠᠭᠠᠯᠳᠣᠨ ᠠᠳᠠ ᠢᠷᠡᠳᠡᠭ ᠪᠠᠶᠢᠪᠠ᠃ ᠲᠡᠭᠦᠨ ᠳᠤ ᠵᠤᠷᠢᠭᠤᠯᠤᠭᠰᠠᠨ ᠤᠷᠳᠤᠨ᠂ | ᠰᠠᠭᠤᠷᠢᠨ ᠲᠠᠯ᠎ᠠ ᠨᠤᠲᠤᠭ ᠢᠶᠠᠷ ᠲᠦᠬᠡᠵᠡᠢ᠃ | ᠡᠨᠡ ᠨᠢ ᠨᠢᠭᠡ ᠲᠠᠯ᠎ᠠ ᠪᠠᠷ ᠢᠶᠠᠨ ᠬᠠᠭᠠᠨ ᠤ ᠣᠷᠳᠣᠨ ᠤ ᠬᠢᠨ ᠤ ᠵᠣᠰᠠᠭᠠᠯ ᠤᠨ ᠭᠠᠵᠠᠷ ᠪᠠᠶᠢᠭᠰᠠᠨ ᠪᠠ | ᠨᠦᠭᠦᠬᠡ ᠲᠠᠯ᠎ᠠ ᠪᠠᠷ ᠢᠶᠠᠨ ᠰᠢᠳᠠᠷ ᠴᠡᠷᠢᠭ ᠤᠨ ᠠᠳᠣᠭᠤᠨ ᠰᠦᠷᠦᠭ ᠤᠨ ᠪᠡᠯᠴᠢᠬᠡᠷ ᠪᠠᠶᠢᠭᠰᠠᠨ ᠪᠠᠶᠢᠨ᠎ᠠ᠃ | ᠢᠯᠠᠩᠭᠤᠶ᠎ᠠ ᠶᠡᠭᠡ ᠬᠡᠪᠴᠢᠶᠡᠨ ᠤ ᠴᠡᠷᠢᠭ ᠤᠨ ᠠᠭᠲᠠ ᠶᠢᠨ ᠵᠤᠰᠠᠯᠠᠩ ᠪᠠᠶᠢᠪᠠ᠃ ᠬᠠᠷᠠᠪᠠᠰᠥ ᠨᠤᠲᠤᠭᠲ᠋ᠦ᠋ᠬᠦᠷᠡᠩ | ᠬᠠᠭᠠᠨ ᠤ ᠣᠷᠳᠣᠨ ᠪᠠ ᠰᠢᠳᠠᠷ ᠴᠡᠷᠢᠭ ᠤᠨ ᠠᠯᠪᠠᠨ ᠤ ᠮᠠᠯᠵᠢᠯ ᠤᠨ ᠲᠠᠯᠠᠪᠠᠢ ᠪᠠᠶᠢᠯ᠎ᠠ᠃ | ᠠᠯᠳᠠᠨ ᠤᠯᠤᠰ ᠨᠢ ᠵᠦᠩᠳᠣ ᠳᠤ ᠡᠪᠥᠯᠵᠢᠨ᠂︿ᠬᠤᠸᠠᠨ ᠹᠦ᠋ ᠶᠢᠨ ᠬᠤᠭᠤᠷᠤᠨᠳᠤ﹀ ᠵᠣᠰᠠᠳᠠᠭ ᠪᠠᠶᠢᠭᠰᠠᠨ | ᠪᠦᠬᠡᠳ ᠡᠨᠡᠬᠦ ᠠᠮᠠᠷᠠᠯᠲᠠ ᠶᠢᠨ ᠣᠷᠣᠨ ᠨᠢ ᠪᠠᠰᠠ ︿ᠨᠡᠶᠢᠰᠯᠡᠯ﹀ ᠪᠠᠶᠢᠵᠠᠢ᠃ ᠵᠦᠪᠬᠡᠨᠡᠨᠡ ᠨᠠᠶᠢᠰᠯᠡᠯ ᠨᠢ ᠨᠢᠭᠡ | ᠴᠡᠭ ᠲᠡᠳᠥᠢ ᠪᠢᠰᠢ᠂ ᠬᠠᠷᠢᠨ ᠬᠠᠪᠲᠠᠭᠠᠢ ᠪᠠᠶᠢᠭᠰᠠᠨ ᠪᠠᠶᠢᠨ᠎ᠠ᠃ | ᠡᠮᠥᠨᠡᠰᠢᠯᠡᠬᠦᠯᠵᠦ ᠦᠵᠡᠪᠡᠯᠠᠯᠳᠠᠨ ᠤᠯᠤᠰ ᠯᠠ ᠪᠢᠰᠢ ᠬᠢᠳᠠᠨ ᠤ ᠯᠢᠶᠥᠥ ᠬᠦᠷᠦᠨ ᠤ ᠦᠶ᠎ᠡ ᠳᠤ ᠴᠤ | ᠢᠵᠢᠯᠬᠡᠨ ᠪᠠᠶᠢᠵᠠᠢ᠃ ᠯᠢᠶᠥᠥ ᠶᠢᠨ ᠦᠶ᠎ᠡ ᠳᠤ ᠡᠨᠡᠬᠦ ᠨᠤᠲᠤᠭ ᠨᠢ ᠬᠠᠭᠠᠳ ᠤᠨ ᠬᠢᠨᠢ ᠴᠢᠬᠤᠯᠡ ᠨᠡᠭᠦᠳᠡᠯ ᠤᠨ | ᠤᠷᠤᠨ ᠪᠠᠶᠢᠵᠦ᠂ ᠮᠠᠯᠵᠢᠯ ᠤᠨ ᠲᠠᠯᠠᠪᠠᠢ ᠳᠦᠭᠦᠷᠡᠩ ᠪᠠᠶᠢᠭᠰᠠᠨ ᠪᠠᠶᠢᠳᠠᠭ᠂ ᠡᠨᠡ ᠲᠤᠬᠠᠢ ᠵᠢᠭᠠᠬᠠᠨᠲ᠋ᠣᠳᠣᠷᠬᠠᠶᠢᠯᠠᠨ | ᠦᠭᠦᠯᠡᠶ᠎ᠡ᠃ | ᠬᠢᠳᠠᠨ ᠤ ᠨᠡᠶᠢᠰᠯᠡᠯ ᠨᠢ ᠱᠠᠩᠵᠢᠩ ᠯᠢᠨ ᠬᠤᠸᠠᠩ ᠹᠦ᠋ (上京临潢府)ᠪᠠᠶᠢᠪᠠ᠃ | ᠪᠠᠶᠢᠷᠢᠰᠢᠯ ᠨᠢ ᠡᠨᠡᠬᠦ ᠲᠠᠯ᠎ᠠ ᠨᠤᠲᠤᠭ ᠠᠴᠠ ᠴᠤ ᠬᠤᠶᠢᠨ᠎ᠠ ᠤᠷᠤᠰᠢᠬᠤ ᠰᠢᠷ᠎ᠠ ᠮᠦᠷᠡᠨ ᠤ ᠬᠤᠶᠢᠳᠤ ᠡᠷᠭᠢ ᠳᠤ ᠶᠤᠮ | ᠃ ᠰᠢᠷ᠎ᠠ ᠮᠦᠷᠡᠨ ᠭᠡᠳᠡᠭ ᠨᠢ ᠰᠢᠷ᠎ᠠ ᠦᠩᠬᠡ ᠲᠠᠢ ᠭᠤᠣᠯ ᠭᠡᠰᠡᠨ ᠤᠳᠬ᠎ᠠ ᠲᠠᠢ᠃ ᠲᠡᠶᠢᠮᠥ ᠠᠴᠠ ᠬᠢᠲᠠᠳ ᠬᠡᠯᠡᠨ᠎ᠡ | ᠬᠤᠸᠠᠩ ᠱᠦᠢ ᠪᠤᠶᠥ ᠬᠤᠸᠠᠩ ᠾᠧ (黄水或黄河)ᠬᠡᠮᠡᠨ ᠣᠷᠴᠢᠭᠤᠯᠵᠠᠢ᠃ ᠬᠤᠲᠠ ᠨᠢ | ᠬᠤᠸᠠᠩ ᠱᠦᠢ ᠶᠢ ᠡᠰᠡᠷᠭᠦᠯᠡᠨ ᠣᠷᠣᠰᠢᠳᠠᠭ ᠪᠤᠯᠬᠤᠷ ᠯᠢᠨ ᠬᠤᠸᠠᠩ ᠹᠦ᠋ ᠬᠡᠮᠡᠭᠰᠡᠨ ᠪᠠᠶᠢᠳᠠᠭ᠃ | ᠭᠡᠪᠡᠴᠥ ᠯᠢᠨ ᠬᠤᠸᠠᠩ ᠹᠦ᠋ ᠨᠢ ᠪᠠᠷᠤᠭ ᠯᠠ ᠨᠡᠷ᠎ᠡ ᠶᠢᠨ ᠲᠡᠳᠥᠢ᠂ ᠪᠡᠯᠭᠡ ᠲᠡᠮᠳᠡᠭ ᠤᠨ ᠮᠠᠶ᠋ᠢᠭᠲᠠᠢ ᠨᠡᠶᠢᠰᠯᠡᠯ | ᠪᠠᠶᠢᠭᠰᠠᠨ ᠠᠵᠠᠢ᠃ ᠬᠡᠷᠪᠡ ᠭᠢᠳᠠᠨ ᠤ ᠡᠵᠡᠨᠳᠥ ᠭᠦᠷᠦᠨ ᠨᠢ ᠵᠦᠪᠬᠡᠨ ᠴᠡᠪᠡᠷ ᠨᠡᠭᠦᠳᠡᠯᠴᠢᠳ ᠤᠨ ᠭᠢᠳᠠᠨ | ᠦᠨᠳᠦᠰᠦᠲᠡᠨ ᠤ ᠲᠥᠷᠥ ᠬᠡᠪ ᠢᠶᠠᠷ ᠪᠠᠶᠢᠭᠰᠠᠨ ᠪᠤᠯ ᠲᠠᠯ᠎ᠠ ᠨᠤᠲᠤᠭ ᠤᠨ ᠨᠡᠶᠢᠰᠯᠡᠯ ᠪᠤᠯᠤᠭᠰᠠᠨ ᠱᠠᠩᠵᠢᠩ ᠯᠢᠨ | ᠬᠤᠸᠠᠩ ᠹᠦ᠋ ᠨᠢ ᠬᠦᠢᠴᠡᠳ ᠬᠠᠩᠭᠠᠯᠲᠠᠲᠠᠢ ᠪᠠᠶᠢᠭᠰᠠᠨ ᠪᠠᠶᠢᠬᠤ ᠶᠤᠮ᠃ ᠣᠴᠢᠷ ᠨᠢ ᠰᠢᠷ᠎ᠠ ᠮᠦᠷᠡᠨ ᠤ ᠣᠷᠣᠰᠬᠠᠯ | ᠣᠷᠣᠨ ᠨᠢ ᠶᠧᠯᠢᠥᠢ ᠠᠪᠥᠥᠵᠠᠢ (耶律阿保机) ᠶᠢᠨ ᠦᠶ᠎ᠡ ᠳᠤ ᠰᠠᠶ᠋ᠢ ᠶᠡᠭᠡ ᠨᠢᠬᠡᠳᠥᠯ ᠢᠶᠠᠨ | ᠪᠡᠶᠡᠯᠡᠬᠦᠯᠦᠭᠰᠡᠨ ᠭᠢᠳᠠᠨᠴᠥᠳ ᠲᠤ ᠠᠪᠴᠥ ᠬᠡᠯᠡᠪᠡᠯ ︿ᠲᠡᠭᠡᠳᠥᠰ ᠤᠨ ᠬᠢᠨᠢ ᠲᠡᠭᠵᠢᠨ ᠮᠠᠨᠳᠣᠭᠰᠠᠨ ᠤᠷᠤᠨ﹀ | ᠪᠠᠶᠢᠭᠰᠠᠨ ᠶᠤᠮ᠃ | ᠭᠡᠪᠡᠴᠥ ᠭᠢᠳᠠᠨ ᠤ ᠡᠵᠡᠨᠳᠤ ᠬᠦᠷᠦᠨ ᠨᠢ ᠡᠭᠦᠪᠡᠷ ᠵᠤᠭᠰᠤᠭ᠎ᠠ ᠦᠭᠡᠢ᠃ ᠲᠡᠳᠡᠨᠥᠰ ᠲᠠᠪᠤᠨ ᠭᠦᠷᠦᠨ᠂ | ᠰᠦᠩ ᠵᠡᠷᠬᠡ ᠬᠤᠸᠠᠪᠸᠢ ᠶᠢᠨ ᠲᠥᠷᠥ ᠨᠦᠭᠦᠳ ᠢ ᠲᠠᠷᠠᠭᠠᠯᠠᠨ ᠲᠠᠷᠥᠵᠦ᠂ ︿ᠶᠠᠨ ᠶᠦᠨ ᠤ ᠠᠷᠪᠠᠨ ᠵᠢᠷᠭᠤᠭᠠᠨ ᠵᠸᠥ | ﹀ ︵燕云十六州)ᠭᠡᠭᠴᠢ ᠶᠢ ᠡᠵᠡᠯᠡᠨ᠂ ᠰᠦᠩ ᠤᠯᠤᠰ ᠠᠴᠠ ︿ᠣᠨ ᠤ ᠮᠦᠩᠭᠦ﹀ (岁币) | ᠭᠡᠭᠴᠢ ᠨᠡᠷᠡᠶᠢᠳᠥᠯ ᠢᠶᠠᠷ ᠮᠦᠩᠭᠦ᠂ ᠲᠣᠷᠭ᠎ᠠ ᠵᠡᠷᠬᠡ ᠠᠵᠤ ᠠᠬᠤᠢ ᠶᠢᠨ ᠲᠣᠰᠠᠯᠠᠮᠵᠢ ᠠᠪᠴᠥ᠂ ᠬᠠᠷᠢᠭᠤ ᠳᠤ ᠨᠢ | ᠲᠠᠶᠢᠳᠣᠬᠤ ᠦᠭᠡᠢ ᠲᠠᠶᠢᠪᠣᠩ ᠪᠠᠶᠢᠯᠭᠠᠬᠤ ᠶᠢ ᠭᠦᠢᠴᠡᠬᠡᠵᠦ ᠪᠠᠶᠢᠪᠠ᠃ ᠲᠣᠷᠣᠨ᠎ᠠ ᠳᠤ ᠪᠦᠸᠧᠬᠠᠢ ᠤᠯᠤᠰ (渤海 | 国) ᠢ ᠬᠤᠷᠢᠶᠠᠨ᠂ ᠥᠩ ᠰᠢᠮᠡᠯᠢᠭ ᠯᠢᠶᠥᠦᠨᠢᠭ ᠤᠨ ᠲᠡᠭᠰᠢ ᠲᠠᠯ᠎ᠠ ᠪᠠᠷ ᠭᠤᠤᠯᠳᠠᠭᠰᠠᠨ ᠮᠠᠨᠵᠤ ᠶᠢᠨ ᠨᠤᠲᠤᠭ ᠢ | ᠪᠦᠭᠦᠨ ᠢ ᠡᠵᠡᠯᠡᠵᠦ ᠪᠠᠶᠢᠪᠠ᠃ | ᠭᠢᠳᠠᠨ ᠤ ᠯᠢᠶᠥᠥ ᠡᠵᠡᠨᠳᠦ ᠭᠦᠷᠦᠨ ᠨᠢ ᠲᠤᠬᠠᠢ ᠶᠢᠨ ᠦᠶ᠎ᠡ ᠳᠤ ᠪᠠᠨ ᠠᠽᠢᠶ᠎ᠠ ᠶᠢᠨ ᠬᠠᠮᠤᠭ ᠬᠦᠴᠦᠷᠬᠡᠭ | ᠤᠯᠤᠰ ᠪᠠᠶᠢᠪᠠ᠃ ᠲᠡᠷᠨ ᠨᠢ ᠭᠢᠳᠠᠨ᠂ ᠬᠢᠲᠠᠳ᠂ ᠪᠦᠸᠧᠬᠠᠢ ᠶᠢᠨ ᠦᠯᠡᠳᠡᠭᠰᠡᠳ᠂ ᠪᠦᠸᠧᠬᠠᠢ ᠠᠴᠠ ᠭᠠᠳᠠᠨᠠᠬᠢ | ᠵᠦᠷᠴᠢᠨ᠂ ᠰᠣᠯᠣᠩᠭᠤᠰ ᠵᠡᠷᠬᠡ ᠦᠨᠳᠦᠰᠦᠲᠡᠨ ᠪᠠ ᠦᠨᠳᠦᠷᠯᠢᠭ ᠤᠨ ᠲᠦᠷᠺ ᠮᠣᠩᠭᠤᠯ ᠤᠳᠤᠮ ᠤᠨ ᠬᠢᠨᠢ ᠵᠡᠷᠬᠡ | ᠡᠯᠳᠡᠪ ᠦᠩᠬᠡ ᠶᠢᠨ ᠬᠦᠮᠦᠰ ᠢᠶᠠᠷ ᠪᠦᠷᠢᠯᠳᠥᠭᠰᠡᠨ ᠤᠯᠤᠰ ᠪᠠᠶᠢᠵᠠᠢ᠃ ᠬᠦᠮᠦᠰ ᠤᠨ ᠬᠢᠨᠢ ᠠᠮᠢᠳᠥᠷᠠᠯ ᠤᠨ ᠬᠡᠯᠪᠡᠷᠢ | ᠨᠢ ᠴᠤ ᠨᠡᠭᠦᠳᠡᠯᠯᠡᠨ ᠮᠠᠯᠵᠢᠯ᠂ ᠮᠠᠯᠵᠢᠬᠤ ᠠᠵᠤ ᠠᠬᠤᠢ᠂ᠲᠠᠷᠢᠶᠠᠯᠠᠩ᠂ ᠵᠢᠭᠠᠰᠣ ᠠᠩᠨᠠᠬᠤ ᠠᠴᠠ ᠠᠪᠥᠭᠠᠳ ᠡᠯ᠎ᠡ | ᠲᠥᠷᠥᠯ ᠤᠨ ᠠᠷᠠᠯᠵᠢᠶ᠎ᠠ ᠦᠢᠯᠡᠳᠪᠦᠷᠢᠯᠡᠯ ᠵᠡᠷᠬᠡ ᠶᠢ ᠪᠠᠭᠳᠠᠭᠠᠭᠰᠠᠨ ᠡᠯᠪᠡᠭ ᠠᠭᠤᠯᠭ᠎ᠠ ᠲᠠᠢ᠂ ᠤᠯᠠᠨ | ᠦᠨᠳᠦᠰᠦᠲᠡᠨ ᠤ ᠤᠯᠤᠰ ᠪᠠᠶᠢᠪᠠ᠃ ᠲᠤᠷᠤᠨ᠎ᠡ ᠶᠢᠨ ᠭᠤᠣᠯᠢ᠂ ᠡᠮᠥᠨ᠎ᠡ ᠶᠢᠨ ᠰᠦᠩ ᠠᠴᠠ ᠡᠯ᠎ᠡ ᠵᠦᠢᠯ ᠤᠨ ᠡᠳ᠋ | ᠪᠠᠷᠠᠭ᠎ᠠ᠂ ᠲᠠᠸᠠᠷ ᠪᠦᠳᠦᠭᠡᠭᠳᠡᠬᠦᠨ ᠵᠡᠷᠬᠡ ᠢᠷᠡᠳᠡᠭ ᠮᠦᠷᠳᠡᠬᠡᠨ ᠦᠷᠦᠨ᠎ᠡ ᠶᠢᠨ ᠲᠡᠭᠷᠢ ᠠᠭᠤᠯᠡ ᠪᠤᠯᠤᠨ ᠭᠠᠨᠰᠤ ᠶᠢᠨ | ᠣᠶᠢᠭᠤᠷ ᠤᠨ ᠬᠤᠶᠠᠷ ᠠᠷᠠᠯᠵᠢᠶᠠᠨ ᠤ ᠤᠯᠤᠰ ᠢᠶᠠᠷ ᠲᠤᠯᠤᠭᠠᠶᠢᠯᠠᠭᠤᠯᠤᠭᠰᠠᠨ ᠡᠯ᠎ᠡ ᠭᠠᠵᠠᠷ ᠤᠨ ᠠᠷᠠᠯᠵᠢᠶᠠᠨ ᠤ | ᠪᠦᠯᠭᠦᠮ ᠪᠠᠰᠠ ᠠᠳᠠ ᠢᠷᠡᠳᠡᠭ ᠪᠠᠶᠢᠪᠠ᠃ ᠡᠶᠢᠮᠥ ᠠᠴᠠ ᠵᠦᠪᠬᠡᠨ ᠯᠢᠨ ᠬᠤᠸᠠᠩ ᠹᠦ᠋ ᠳᠤ ᠲᠦᠰᠢᠭᠯᠡᠬᠡᠳ ᠡᠨᠡ | ᠪᠦᠬᠦᠨ ᠢ ᠲᠡᠮᠵᠢᠬᠦ ᠠᠷᠭ᠎ᠠ ᠪᠠᠶᠢᠭᠰᠠᠨ ᠦᠭᠡᠢ ᠣᠴᠢᠷ ᠠᠴᠠ ᠯᠢᠶᠥᠥ ᠤᠯᠤᠰ ᠨᠢ ᠭᠠᠵᠠᠷ ᠤᠷᠤᠨ ᠢᠶᠠᠷ ᠨᠢᠭᠡᠴᠢ | ᠪᠤᠯᠭᠠᠨ ᠤᠨᠳᠤᠤ ᠪᠠᠰᠠᠲ᠋ᠦ᠋ᠷᠪᠡᠨ ᠳᠡᠳ᠋ ᠨᠡᠶᠢᠰᠯᠡᠯ ᠪᠠᠶᠢᠭᠤᠯᠵᠠᠢ᠃ ᠲᠡᠳᠡᠬᠡᠷ ᠤᠨ ᠲᠤᠮᠳᠡ ᠠᠴᠠ ᠶᠡᠭᠡ ᠴᠢᠬᠤᠯᠡ | ᠪᠠᠶᠢᠷᠢ ᠲᠠᠢ ᠪᠠᠶᠢᠭᠰᠠᠨ ᠨᠢ ᠡᠮᠥᠨᠡᠳᠥ ᠨᠡᠶᠢᠰᠯᠡᠯ ᠰᠢ ᠶᠢᠨ ᠹᠦ᠋ (南京析津府)ᠪᠠᠶᠢᠭᠰᠠᠨ ᠶᠤᠮ᠃ | ᠲᠡᠭᠦᠨ ᠤ ᠪᠠᠶᠢᠷᠢᠰᠢᠯ ᠨᠢ ᠬᠢᠲᠠᠳ ᠤᠨ ᠨᠤᠲᠤᠭ ᠤᠨ ᠵᠡᠬᠦᠨ ᠬᠤᠶᠢᠳᠣ ᠬᠢᠵᠠᠭᠠᠷ ᠪᠤᠶᠤ ︿ᠶᠠᠨ﹀ ᠤ ᠭᠠᠵᠠᠷ | ᠤᠷᠤᠰᠢᠨ᠎ᠠ᠃ ᠲᠡᠷᠨ ᠨᠢ ᠯᠢᠶᠥᠥ ᠶᠢᠨ ᠬᠢᠵᠠᠭᠠᠷ ᠤᠨ ᠬᠠᠮᠤᠭ ᠡᠮᠥᠨ᠎ᠡ ᠪᠡᠶ᠎ᠡ ᠪᠠᠷ ᠤᠷᠤᠰᠢᠬᠤ ᠣᠴᠢᠷ ᠠᠴᠠ | ᠡᠮᠥᠨᠡᠳᠤ ᠨᠡᠶᠢᠰᠯᠡᠯ ᠭᠡᠵᠡᠢ᠃ | ᠡᠨᠡ ᠭᠠᠵᠠᠷ ᠨᠢ ᠦᠨᠡᠨ ᠳᠤ ᠪᠠᠨ ᠨᠡᠶᠢᠰᠯᠡᠯ ᠤᠨ ᠬᠠᠭᠠᠰ ᠠᠴᠠ ᠲᠡᠭᠡᠭᠰᠢᠬᠢ ᠴᠢᠳᠠᠪᠬᠢ ᠶᠢ ᠡᠭᠦᠷᠬᠡᠯᠡᠵᠡᠢ᠃ | ᠡᠮᠥᠨᠡᠳᠥ ᠨᠡᠶᠢᠰᠯᠡᠯ ᠰᠢ ᠶᠢᠨ ᠹᠦ᠋ ᠨᠢ ᠭᠢᠳᠠᠨ ᠡᠵᠡᠨᠳᠦ ᠭᠦᠷᠦᠨ ᠤ ᠭᠤᠣᠯ ᠡᠭᠦᠳᠠ ᠴᠢᠬᠤᠯᠡ ᠪᠤᠭᠤᠮᠲᠠ ᠨᠢ | ᠪᠠᠶᠢᠵᠠᠢ᠃ ᠭᠢᠳᠠᠨ ᠤ ᠬᠠᠭᠠᠳ ᠤᠨ ᠤᠭᠰᠠᠭᠠᠨᠢ ᠠᠳᠠ ᠪᠠᠶᠢᠩᠭᠤ ᠢᠷᠡᠳᠡᠭ ᠪᠠᠶᠢᠪᠠ᠃ ᠰᠡᠭᠦᠯᠡᠷ ᠨᠢ ᠵᠤᠨ | ᠪᠤᠯᠤᠮᠠᠭᠴᠠ ᠤᠮᠠᠷᠠᠳᠤ ᠶᠢᠨ ᠲᠠᠯ᠎ᠠ ᠨᠤᠲᠤᠭ ᠢ ᠵᠤᠷᠢᠳᠠᠭ ᠪᠣᠯᠵᠠᠢ᠃ ᠲᠤᠬᠠᠢ ᠶᠢᠨ ᠦᠶ᠎ᠡ ᠡᠨᠡᠬᠦ ᠨᠤᠲᠤᠭ ᠢ ︿ᠸᠠᠩ | ᠭᠦᠸᠧ ᠶᠠ﹀ ︿ᠲᠠᠨ ᠱᠠᠨ﹀ (旺国崖,炭山)ᠬᠡᠵᠦ ᠲᠠᠭᠤᠳᠠᠳᠠᠭ ᠪᠠᠶᠢᠵᠠᠢ᠃ ᠡᠨᠡ ᠨᠢ | ᠠᠯᠳᠠᠨ ᠤᠯᠤᠰ ᠠᠴᠠ ᠬᠤᠶᠢᠰᠢ ︿ᠬᠤᠸᠠᠨ ᠹᠦ᠋ ᠶᠢᠨ ᠬᠤᠭᠤᠷᠤᠨᠳᠤ﹀ ᠭᠡᠭᠳᠡᠭᠰᠡᠨ ᠨᠤᠲᠤᠭ ᠶᠤᠮ᠃ ᠯᠢᠶᠥᠥ ᠭᠦᠷᠦᠨ | ᠪᠠᠭᠤᠵᠦ ᠦᠭᠬᠦᠭᠰᠡᠨ ᠲᠠᠷᠠᠭ᠎ᠠ ᠵᠡᠬᠦᠨ ᠠᠽᠢᠶ᠎ᠠ ᠵᠢᠨᠤᠯᠠᠨ ᠤᠯᠤᠰ ᠤᠨ ᠴᠢᠨᠠᠷᠲᠠᠢ ᠶᠡᠭᠡ ᠬᠤᠲᠠ ᠪᠤᠯᠤᠨ ᠲᠣᠪᠣᠶᠢᠨ | ᠪᠠᠶᠢᠭᠰᠠᠨ ᠡᠮᠥᠨᠡᠳᠥ ᠨᠡᠶᠢᠰᠯᠡᠯ ᠰᠢ ᠶᠢᠨ ᠹᠦ᠋ ᠨᠢ ᠠᠯᠳᠠᠨ ᠤᠯᠤᠰ ᠤᠨ ᠵᠦᠩᠳᠤ ᠨᠡᠶᠢᠰᠯᠡᠯ ᠪᠣᠯᠵᠠᠢ᠃ | ᠨᠢᠭᠡ ᠵᠦᠢᠯ ᠤᠨ ᠰᠡᠳᠬᠢᠭᠳᠡᠯ | ᠪᠣᠴᠠᠭᠠᠭᠠᠳ ᠶᠠᠷᠢᠪᠠᠯ ᠠᠯᠳᠠᠨ ᠤᠯᠤᠰ ᠨᠢ ᠡᠬᠢᠯᠡᠮᠡᠭᠴᠡ ᠵᠦᠩᠳᠤ ᠳᠤ ᠨᠡᠶᠢᠰᠯᠡᠬᠦ ᠬᠡᠰᠡᠨ ᠪᠢᠰᠢ ᠶᠤᠮ᠃ | ᠡᠬᠢᠨ ᠳᠤ ᠪᠠᠨ ︿ᠲᠡᠭᠡᠳᠣᠰ ᠤᠨ ᠨᠤᠲᠤᠭ﹀ ᠮᠠᠨᠵᠤ ᠶᠢᠨ ᠬᠤᠶᠢᠳᠣ ᠬᠡᠰᠡᠭ ᠤᠨ ᠰᠣᠩᠭᠠᠷᠠᠢ ᠮᠦᠷᠡᠨ ᠤ | ᠤᠷᠤᠰᠬᠠᠯ ᠤᠨ ᠱᠠᠩᠵᠢᠩ ᠬᠦᠢ ᠨᠢᠩ ᠹᠦ᠋ ︵上京会宁府) ᠳᠤ ᠨᠡᠶᠢᠰᠯᠡᠵᠦ ᠪᠠᠶᠢᠵᠠᠢ᠃ ᠭᠡᠪᠡᠴᠤ | ᠬᠤᠵᠢᠮ ᠨᠢ ᠭᠢᠳᠠᠨ ᠡᠵᠡᠨᠳᠣ ᠭᠦᠷᠦᠨ ᠤ ᠪᠠᠶᠢᠳᠠᠯ ᠲᠠᠢ ᠠᠳᠠᠯᠢᠬᠠᠨ ᠢᠶᠠᠷ ᠬᠤᠪᠢᠷᠠᠯᠲᠠ ᠭᠠᠷᠴᠠᠢ᠃ | ᠡᠬᠢᠨ ᠳᠤ ᠪᠠᠨ ᠠᠯᠳᠠᠨ ᠤᠯᠤᠰ ᠨᠢ ᠰᠦᠩ ᠤᠯᠤᠰ ᠢ ᠡᠮᠥᠨᠡᠰᠢ ᠬᠦᠭᠡᠭᠡᠭᠰᠡᠨ ᠲᠠᠷᠠᠭ᠎ᠠ ᠬᠤᠸᠠᠪᠸᠢ | ᠤᠷᠤᠨ ᠳᠤ ᠵᠠᠩ ᠪᠠᠩ ᠴᠠᠩ (张邦昌) ᠤᠨ ᠪᠠᠶᠢᠭᠤᠯᠣᠭᠰᠠᠨ ᠴᠦ ᠤᠯᠤᠰ(楚国) ᠢ | ᠲᠡᠮᠵᠢᠳᠡᠭ ᠪᠠᠶᠢᠭᠰᠠᠨ ᠪᠣᠯ ᠬᠤᠵᠢᠮ ᠨᠢ ᠯᠢᠥ ᠢᠥᠢ (刘予)ᠬᠡᠮᠡᠭᠴᠢ ᠬᠢᠲᠠᠳ ᠬᠦᠮᠦᠨ ᠤ | ᠪᠠᠶᠢᠭᠤᠯᠤᠭᠰᠠᠨ ᠴᠢ ᠤᠯᠤᠰ(齐国)ᠵᠡᠷᠬᠡ ᠮᠠᠨᠥᠥᠯ ᠵᠠᠰᠠᠭ ᠢ ᠲᠡᠮᠵᠢᠵᠦ ᠪᠠᠶᠢᠪᠠ᠃ ᠭᠡᠪᠡᠴᠥ ᠡᠴᠤᠰ ᠳᠤᠨᠢ | ᠲᠡᠳᠡᠨᠥᠰ ᠢ ᠰᠦᠢᠷᠡᠭᠦᠯᠦᠭᠰᠡᠨ ᠢᠶᠠᠷ ᠬᠠᠷ᠎ᠠ ᠮᠦᠷᠡᠨ(黑龙江) ᠠᠴᠠ ᠬᠤᠸᠠᠶᠢᠱᠦᠢ (淮水) | ᠣᠷᠣᠳᠠᠯ᠎ᠠ ᠦᠷᠭᠡᠨ ᠬᠢᠵᠠᠭᠠᠷ ᠢ ᠰᠢᠭᠤᠳ ᠮᠡᠳᠡᠯ ᠳᠤ ᠪᠠᠨ ᠠᠪᠬᠤ ᠦᠭᠡᠢ ᠪᠠᠶᠢᠵᠦ ᠴᠢᠳᠠᠭᠰᠠᠨ ᠦᠭᠡᠢ᠃ | ᠵᠦᠷᠴᠢᠨ ᠤ ᠦᠨᠳᠦᠰᠦᠷᠬᠡᠭ ᠦᠵᠡᠯ ᠪᠤᠯᠤᠨ ᠤᠤᠭᠠᠯ ᠨᠤᠲᠤᠭ ᠤᠨ ᠦᠵᠡᠯ ᠢᠶᠠᠨ ᠬᠡᠷᠬᠢᠨ ᠡᠷᠬᠢᠮᠯᠡᠭᠰᠡᠨ | ᠴᠤ ᠤᠮᠠᠷᠠᠳᠣ ᠶᠢᠨ ᠪᠣᠶᠢᠳᠠ ᠬᠢᠵᠠᠭᠠᠷ ᠱᠠᠩᠵᠢᠩ ᠬᠦᠢ ᠨᠢᠩ ᠹᠦ᠋ ᠠᠴᠠ ᠪᠦᠬᠦ ᠤᠯᠤᠰ ᠤᠨ ᠨᠤᠲᠤᠭ ᠲᠡᠪᠢᠰᠬᠡᠷ ᠢ | ᠬᠢᠨᠠᠨ ᠡᠵᠡᠮᠰᠢᠬᠦ ᠪᠣᠯᠣᠮᠵᠢ ᠦᠭᠡᠢ ᠪᠠᠶᠢᠵᠠᠢ᠃ ᠲᠡᠶᠢᠮᠥ ᠣᠴᠢᠷ ᠠᠴᠠ ᠨᠡᠶᠢᠰᠯᠡᠯ ᠢᠶᠠᠨ ᠡᠮᠥᠨ᠎ᠡ ᠤᠮᠠᠷ᠎ᠠ ᠶᠢᠨ ᠴᠢᠩ | ᠭᠤᠣᠯ ᠳᠤ ᠨᠢ ᠪᠠᠶᠢᠯᠭᠠᠬᠤ ᠱᠠᠭᠠᠷᠳᠠᠯᠭ᠎ᠠ ᠲᠠᠢ ᠪᠠᠶᠢᠵᠠᠢ᠃ ᠭᠢᠳᠠᠨ ᠯᠢᠶᠥᠥ ᠶᠢᠨ ᠡᠵᠡᠨᠳᠤ ᠭᠦᠷᠦᠨ | ᠪᠠᠶᠢᠭᠤᠯᠣᠭᠳᠠᠭᠰᠠᠨ ᠠᠴᠠ ᠡᠬᠢᠯᠡᠨ ᠨᠡᠶᠢᠰᠯᠡᠯ ᠤᠨ ᠴᠢᠳᠠᠪᠬᠢ ᠶᠢ ᠪᠠᠳᠠᠷᠠᠭᠤᠯᠵᠦ ᠪᠠᠶᠢᠭᠰᠠᠨ ᠰᠢ ᠶᠢᠨ ᠹᠦ᠋ ᠨᠢ | ᠵᠦᠩᠳᠤ ᠳ᠋ᠠ ᠰᠢᠩ ᠹᠦ᠋ (中都大兴府)ᠬᠡᠮᠡᠨ ᠨᠡᠷ᠎ᠡ ᠪᠠᠨ ᠰᠣᠯᠢᠨ ᠨᠡᠶᠢᠰᠯᠡᠯ ᠪᠤᠯᠤᠭᠰᠠᠨ ᠨᠢ | ᠲᠤᠩ ᠴᠤ ᠠᠶᠠᠨᠳᠠᠭᠠᠨ ᠤ ᠬᠡᠷᠡᠭ ᠪᠠᠶᠢᠵᠠᠢ᠃ | ᠡᠶᠢᠨᠬᠦ ︿ᠶᠠᠨ﹀ ᠤ ᠭᠠᠵᠠᠷ ᠤᠨ ᠲᠥᠪ ᠨᠢ ᠪᠣᠯᠣᠭᠰᠠᠨ ᠶᠠᠨᠵᠢᠩ ᠪᠤᠶᠤ ᠵᠦᠩᠳᠣ ᠨᠢ ᠬᠡᠳᠣᠢ ᠲᠤᠮᠳᠡ ᠨᠢ | ᠬᠠᠶᠠ ᠲᠠᠰᠤᠯᠳᠠᠵᠤ ᠪᠠᠶᠢᠭᠰᠠᠨ ᠴᠤ300 ᠭᠠᠷᠥᠢ ᠵᠢᠯ ᠤᠨ ᠲᠣᠷᠰᠢᠳᠠ ᠬᠠᠭᠠᠰ ᠨᠡᠶᠢᠰᠯᠡᠯ ᠪᠣᠯᠣᠨ ᠨᠡᠶᠢᠰᠯᠡᠯ | ᠪᠠᠶᠢᠭᠰᠠᠨᠤᠷᠳᠤ ᠲᠡᠥᠬᠡ ᠲᠠᠢ ᠪᠣᠯᠪᠠ᠃ ᠲᠡᠭᠦᠪᠡᠷ ᠵᠣᠭᠰᠣᠬᠤ ᠦᠭᠡᠢ ᠡᠨᠡᠬᠦ ᠨᠡᠶᠢᠰᠯᠡᠯ ᠨᠢ ︿ᠬᠤᠸᠠᠨ ᠹᠦ᠋ ᠶᠢᠨ | ᠬᠤᠭᠤᠷᠣᠨᠳᠣ﹀ ᠶᠢᠨ ᠲᠠᠯ᠎ᠠ ᠨᠤᠲᠤᠭ ᠲᠠᠢ ᠢᠵᠢ ᠪᠦᠷᠢᠳᠦᠭᠰᠡᠨ ᠬᠡᠯᠪᠡᠷᠢ ᠪᠠᠷ ᠠᠰᠢᠭᠯᠠᠭᠳᠠᠵᠤ ᠪᠠᠶᠢᠭᠰᠠᠨ ᠨᠢ | ᠶᠡᠬᠡᠬᠡᠨ ᠠᠴᠢ ᠬᠤᠯᠪᠣᠭᠳᠠᠯ ᠦᠭᠬᠦᠭᠰᠡᠨ ᠪᠠᠶᠢᠳᠠᠭ᠃ | ᠤᠭ ᠨᠢ ᠴᠤ ᠴᠢᠩᠭᠢᠰ ᠬᠠᠭᠠᠨ ᠠᠯᠳᠠᠨ ᠤᠯᠤᠰ ᠢ ᠮᠦᠬᠦᠭᠡᠭᠰᠡᠨ5 ᠵᠢᠯ ᠤᠨ ᠬᠤᠭᠤᠷᠤᠨᠳᠤ ᠴᠢᠪ ᠬᠡᠮᠡᠨ | ᠡᠨᠡᠬᠦ ︿ᠬᠤᠸᠠᠨ ᠹᠦ᠋ ᠶᠢᠨ ᠬᠤᠭᠤᠷᠤᠨᠳᠤ﹀ ᠪᠣᠯᠣᠨ ᠬᠠᠪᠢᠴᠠᠭ᠎ᠠ ᠤᠷᠤᠨ ᠢᠶᠠᠷ ᠨᠢ ᠪᠠᠭᠤᠳᠠᠯᠯᠠᠵᠦ ᠪᠠᠶᠢᠵᠠᠢ᠃ | ᠵᠠᠯᠭᠠᠭᠠᠳ ᠵᠡᠬᠦᠨ ᠬᠡᠰᠡᠭ ᠤᠨ ᠨᠣᠶᠠᠷᠬᠠᠬᠤ ᠡᠷᠬᠡ ᠶᠢ ᠬᠦᠷᠳᠡᠭᠰᠡᠨ ᠮᠤᠬᠤᠯᠠᠢ ᠸᠠᠩ ᠤᠨ ᠤᠳᠤᠮ ᠤᠨ ᠬᠢᠨᠢ | ᠲᠥᠷᠪᠡᠨ ᠦᠶ᠎ᠡ ᠰᠤᠨᠤᠲᠠᠯᠠ ᠠᠳᠡ ᠪᠠᠭᠤᠳᠠᠯᠯᠠᠵᠦ ᠪᠠᠶᠢᠭᠰᠠᠨ ᠪᠠᠶᠢᠨ᠎ᠠ᠃ ᠡᠨᠡ ᠬᠤᠭᠤᠴᠠᠭᠠᠨ᠎ᠠ ᠮᠣᠩᠭᠤᠯ ᠤᠨ | ᠵᠡᠬᠦᠨ ᠬᠡᠰᠡᠭ ᠢ ᠡᠵᠡᠮᠳᠡᠬᠦ ᠭᠤᠣᠯ ᠬᠤᠲᠠ ᠨᠢ ᠶᠠᠭᠠᠬᠢᠬᠤ ᠴᠤ ᠠᠷᠭ᠎ᠠ ᠦᠭᠡᠢ ᠶᠠᠨᠵᠢᠩ ᠵᠦᠩᠳᠤ ᠪᠠᠶᠢᠭᠰᠠᠨ | ᠪᠦᠯᠤᠬᠡ᠃ | ᠶᠠᠨᠵᠢᠩ ᠣᠷᠣᠨ ᠪᠣᠯᠤᠨ ᠬᠤᠸᠠᠨ ᠹᠦ᠋ ᠤᠷᠤᠨ ᠨᠢ ᠨᠢᠬᠡᠳᠦᠮᠡᠯ ᠨᠢᠭᠡᠨ ᠴᠤᠭᠴᠠ ᠪᠠᠶᠢᠭᠰᠠᠨ ᠡᠶᠢᠮᠥᠷᠭᠦ | ᠪᠠᠶᠢᠳᠠᠯ ᠨᠢ ᠶᠡᠷᠥ ᠬᠤᠪᠢᠷᠠᠭᠰᠠᠨ ᠦᠭᠡᠢ᠃ ᠮᠣᠩᠭᠤᠯ ᠨᠢ ᠡᠶᠢᠮᠥᠷᠬᠦ ᠦᠨᠳᠦᠰᠦᠨ ᠵᠠᠭᠪᠤᠷ ᠢ ︿ᠡᠮᠥᠨᠡᠰᠢ ᠲᠦᠷᠢᠬᠦ﹀ | ᠳᠤ ᠪᠠᠨ ᠢᠯᠡᠭᠦᠦ ᠠᠰᠢᠭᠯᠠᠭᠰᠠᠨ ᠪᠠᠶᠢᠳᠠᠭ᠃ | ᠬᠤᠪᠢᠯᠠᠢ ᠨᠢ ︿ᠬᠤᠸᠠᠨ ᠹᠦ᠋ ᠶᠢᠨ ᠬᠤᠭᠤᠷᠣᠨᠳᠣ﹀ ᠶᠢᠨ ᠠᠯᠳᠠᠨ ᠯᠢᠩᠬᠸ᠎ᠠ ᠶᠢᠨ ᠲᠠᠯ᠎ᠠ ᠳᠤ ᠣᠷᠣᠭᠰᠠᠨ ᠨᠢ | ᠡᠶᠢᠮᠥᠷᠬᠦ ᠣᠷᠳᠣ ᠣᠳᠠᠭᠠᠨ ᠲᠡᠥᠬᠡ ᠶᠢᠨ ᠨᠦᠬᠦᠴᠡᠯ ᠲᠠᠢ ᠪᠠᠶᠢᠭᠰᠠᠨ ᠳᠤ ᠤᠷᠤᠰᠢᠨ᠎ᠠ᠃ ᠲᠡᠷᠡᠪᠡᠷ ᠠᠯᠳᠠᠨ | ᠯᠢᠩᠬᠸ᠎ᠠ ᠶᠢᠨ ᠲᠠᠯ᠎ᠠ ᠶᠢ ᠰᠤᠩᠭᠤᠭᠰᠠᠨ ᠨᠢ ᠰᠠᠨᠠᠮᠰᠠᠷ ᠦᠭᠡᠢ ᠬᠡᠷᠡᠭ ᠪᠢᠰᠢ ᠬᠠᠷᠢᠨ ᠴᠤ ᠲᠤᠳᠤᠷᠬᠠᠢ ᠵᠣᠷᠢᠯᠭ᠎ᠠ ᠲᠠᠢ | ᠰᠣᠩᠭᠤᠯᠲᠠ ᠪᠠᠶᠢᠭᠰᠠᠨ ᠶᠤᠮ᠃ | ᠠᠩᠬ᠎ᠠ ᠬᠠᠷᠠᠬᠤ ᠪᠠᠷ ᠬᠤᠪᠢᠯᠠᠢ ᠪᠣᠯᠣᠨ ᠲᠡᠭᠦᠨ ᠤ ᠴᠡᠷᠢᠭ ᠠᠩᠭᠢ ᠨᠢ ᠮᠤᠩᠭᠤᠯ ᠤᠨ | ᠦᠨᠳᠦᠷᠯᠢᠭ ᠠᠴᠠ ᠪᠠᠨ ᠭᠦᠢᠴᠡᠳ ᠰᠠᠯᠵᠦ ᠴᠢᠳᠠᠬᠤ ᠦᠭᠡᠢ ᠵᠡᠭᠦᠨ ᠡᠮᠥᠨᠡᠳᠥ ᠬᠢᠵᠠᠭᠠᠷ ᠲᠤ ᠨᠢ ᠵᠣᠭᠰᠣᠭᠰᠠᠨ | ᠶᠤᠮᠰᠢᠭ ᠪᠠᠶᠢᠭ᠎ᠠ ᠪᠣᠯᠪᠠᠴᠣ ᠦᠨᠡᠨ ᠳᠤ ᠪᠠᠨ ᠡᠨᠡᠬᠦ ᠤᠷᠤᠨ ᠨᠢ ᠵᠡᠬᠦᠨ ᠠᠽᠢᠶ᠎ᠠ ᠶᠢᠨ ᠤᠯᠤᠰ ᠲᠥᠷᠥ ᠶᠢᠨ ᠬᠦᠢᠰᠥ | ᠪᠤᠯᠤᠭᠰᠠᠨ ᠵᠦᠩᠳᠣ ᠠᠴᠠ ᠲᠤᠩ ᠴᠤ ᠣᠶᠢᠷᠠᠬᠠᠨ ᠪᠠᠶᠢᠵᠦ᠂ ᠬᠤᠶᠠᠷ ᠭᠠᠵᠠᠷ ᠨᠢ ᠬᠤᠭᠤᠷᠣᠨᠳᠤ ᠪᠠᠨ ᠨᠢᠭᠡ | ᠵᠦᠢᠯ ᠤᠨ ᠨᠢᠭᠲᠠ ᠬᠠᠷᠢᠯᠴᠠᠭ᠎ᠠ ᠲᠠᠢᠪᠠᠶᠢᠭᠰᠠᠨ ᠪᠠᠶᠢᠳᠠᠭ᠃ ᠲᠡᠷᠨ ᠨᠢ ᠨᠡᠭᠦᠳᠡᠯ ᠪᠣᠯᠣᠨ ᠲᠠᠷᠢᠶᠠᠯᠠᠩ ᠤᠨ ᠬᠤᠶᠠᠷ | ᠶᠢᠷᠳᠢᠨᠴᠥ ᠶᠢᠨ ᠵᠠᠭᠠᠭ ᠪᠠᠶᠢᠭᠰᠠᠨ ᠶᠤᠮ᠃ ᠭᠠᠵᠠᠷ ᠤᠨ ᠪᠠᠶᠢᠴᠠ ᠶᠢᠨ ᠬᠤᠪᠢᠨ ᠳᠤ ᠬᠤᠶᠠᠷ ᠶᠢᠷᠳᠢᠨᠴᠥ ᠶᠢ | ᠬᠤᠯᠪᠣᠳᠠᠭ ᠪᠠᠶᠢᠭᠰᠠᠨ ᠴᠢᠬᠤᠯᠡ ᠭᠠᠵᠠᠷ ᠪᠠᠶᠢᠭᠰᠠᠨ ᠪᠦᠭᠡᠳ ᠶᠡᠬᠡᠬᠡᠨ ᠲᠡᠥᠬᠡᠳᠥ ᠤᠷᠤᠨ ᠪᠠᠶᠢᠪᠠ᠃ ᠲᠡᠶᠢᠮᠥ ᠠᠴᠠ | ᠬᠤᠪᠢᠯᠠᠢ ᠶᠢᠨ ᠰᠠᠨᠠᠭ᠎ᠠ ᠨᠢ ᠤᠷᠢᠳᠠᠪᠠᠷ ᠰᠢᠷ᠎ᠠ ᠲᠠᠯ᠎ᠠ ᠶᠢᠨ ᠤᠷᠴᠢᠮ ᠨᠡᠭᠦᠳᠡᠯᠴᠢᠨ ᠴᠡᠷᠢᠭ ᠤᠨ ᠰᠠᠭᠤᠷᠢᠨ | ᠪᠠᠶᠢᠭᠤᠯᠵᠦ᠂ ᠲᠡᠨᠳᠠ ᠠᠴᠠ ᠤᠯᠤᠰ ᠲᠥᠷᠥ ᠶᠢᠨ ᠰᠠᠭᠤᠷᠢᠨ ᠪᠣᠯᠣᠭᠰᠠᠨ ᠵᠦᠩᠳᠣ ᠬᠤᠲᠠ ᠶᠢ ᠲᠣᠱᠠᠨ᠂ | ᠤᠯᠠᠮ ᠠᠴᠠ ᠬᠤᠶᠠᠷ ᠭᠠᠵᠠᠷ ᠢᠶᠠᠷ ᠭᠤᠣᠯᠠᠯᠠᠨ ᠲᠣᠷᠥᠨᠠ ᠶᠢᠨ ᠤᠷᠤᠨ ᠤ ᠪᠦᠬᠦ ᠬᠢᠵᠠᠭᠠᠷ ᠢ ᠡᠵᠡᠮᠳᠡᠬᠦ ᠬᠡᠷᠡᠭ | ᠪᠠᠶᠢᠪᠠ᠃ | ᠡᠨᠡ ᠨᠢ ᠬᠤᠪᠢᠯᠠᠢ ᠶᠢᠨ ᠡᠵᠡᠮᠳᠡᠯ ᠤᠨ ᠤᠷᠤᠨ ᠪᠤᠯᠤᠭᠰᠠᠨᠮᠣᠩᠭᠤᠯ ᠤᠨ ᠵᠡᠬᠦᠨ ᠬᠡᠰᠡᠭ ᠲᠤ ᠪᠠᠨᠬᠢᠭᠰᠡᠨ | ᠠᠩᠬᠠᠨ ᠤ ᠰᠣᠩᠭᠤᠯᠲᠠ ᠪᠠᠶᠢᠪᠠ᠃ ᠬᠤᠪᠢᠯᠠᠢ ᠵᠢᠨᠠᠯᠳᠠᠨ ᠯᠢᠩᠬᠸ᠎ᠠ ᠶᠢᠨ ᠲᠠᠯ᠎ᠠ ᠨᠤᠲᠤᠭ ᠢ ᠵᠡᠬᠦᠨ ᠬᠡᠰᠡᠭ ᠢ | ᠡᠵᠡᠮᠳᠡᠬᠦ ᠲᠠᠶᠢᠨ ᠤ ᠰᠠᠭᠤᠷᠢᠨ ᠪᠤᠯᠭᠠᠭᠰᠠᠨ ᠰᠤᠩᠭᠤᠯᠲᠠ ᠶᠢ ᠨᠡᠭᠡᠷᠡᠨ ᠲᠤᠳᠤᠷᠬᠠᠢ ᠲᠦᠰᠦᠪ ᠲᠦᠯᠦᠪᠯᠡᠭᠡ ᠲᠠᠢ | ᠪᠠᠶᠢᠭᠰᠠᠨ ᠭᠡᠵᠦ ᠦᠵᠡᠬᠦ ᠠᠴᠠ ᠣᠨᠳᠤᠤ ᠠᠷᠭ᠎ᠠ ᠪᠠᠶᠢᠬᠤ ᠦᠭᠡᠢ᠃ |