ᠮᠤᠷᠢ ᠤᠨᠤᠬᠤ ᠶᠢᠨ ᠠᠰᠢᠭ ᠲᠠᠢ ᠲᠠᠯ᠎ᠠ ᠤᠯᠠᠨ ᠪᠠᠶᠢᠳᠠᠭ
ᠨᠡᠶᠢᠲᠡᠯᠡᠭᠰᠡᠨ ᠴᠠᠭ᠄
2020/12/13
      ᠰᠤᠷᠪᠤᠯᠵᠢᠯᠠᠭᠴᠢ᠄ ᠪᠠᠶᠢᠩᠭᠤ ᠮᠤᠷᠢ ᠤᠨᠤᠵᠤ ᠪᠠᠶᠢᠬᠤ ᠶᠢᠨ ᠠᠰᠢᠭ ᠲᠠᠢ ᠲᠠᠯ᠎ᠠ ᠨᠢ ᠶᠠᠭᠤ ᠪᠤᠢ︖ ᠮᠤᠷᠢ ᠤᠨᠤᠬᠤ ᠨᠢ ᠬᠦᠮᠦᠨ ᠤ ᠪᠡᠶ᠎ᠡ᠂ ᠡᠷᠡᠬᠦᠯ ᠴᠢᠬᠢᠷᠠᠭ ᠲᠤ ᠬᠢᠷᠢ ᠵᠡᠷᠭᠡ ᠠᠰᠢᠭ ᠲᠤᠰᠠ ᠲᠠᠢ ᠪᠠᠶᠢᠳᠠᠭ ᠲᠤᠬᠠᠢ ᠲᠠ ᠦᠪᠡᠷ ᠤᠨ ᠪᠤᠳᠤᠯ ᠰᠠᠨᠠᠯ ᠢᠶᠠᠨ ᠬᠤᠪᠢᠶᠠᠯᠴᠠᠨ᠎ᠠ ᠤᠤ︖       ᠵᠢ᠊ · ᠭᠡᠷᠡᠯᠳᠦ᠄ ᠮᠤᠷᠢ ᠤᠨᠤᠬᠤ ᠪᠤᠯ ᠶᠡᠭᠡ ᠰᠠᠶᠢᠨ ᠬᠦᠳᠡᠯᠬᠡᠬᠡᠨ᠂ ᠲᠡᠷᠡᠴᠢᠯᠡᠨ ᠮᠠᠰᠢ ᠶᠡᠭᠡ ᠡᠷᠬᠢᠮᠰᠦᠭ ᠬᠦᠳᠡᠯᠬᠡᠬᠡᠨ᠃ ᠦᠩᠭᠡᠷᠡᠭᠰᠡᠨ ᠳᠤ ᠮᠤᠷᠢ ᠶᠢ ᠮᠤᠩᠭᠤᠯᠴᠤᠳ ᠦᠢᠯᠡᠳᠪᠦᠷᠢᠯᠡᠯ ᠠᠮᠢᠳᠤᠷᠠᠯ᠂ ᠵᠠᠮ ᠨᠡᠪᠳᠡᠷᠡᠯᠬᠡ᠂ ᠴᠢᠮᠡᠭᠡ ᠬᠤᠯᠪᠤᠭ᠎ᠠ᠂ ᠴᠡᠷᠢᠭ ᠲᠠᠶᠢᠨ ᠳᠤ ᠬᠡᠷᠡᠭᠯᠡᠵᠦ ᠪᠠᠶᠢᠭᠰᠠᠨ ᠶᠤᠮ᠃ ᠤᠳᠤ ᠪᠤᠯᠬᠤ ᠳᠤ ᠮᠤᠷᠢᠨ ᠤ ᠡᠳᠡᠭᠡᠷ ᠦᠢᠯᠡᠳᠦᠯ ᠦᠨᠳᠦᠰᠦᠨ ᠳᠤ ᠪᠠᠨ ᠬᠡᠷᠡᠭᠴᠡᠭᠡᠨ ᠠᠴᠠ ᠪᠠᠨ ᠭᠠᠷᠴᠤ ᠪᠠᠶᠢᠨ᠎ᠠ᠃ ᠤᠳᠤ ᠶᠢᠨ ᠮᠤᠷᠢ ᠤᠨᠤᠬᠤ ᠬᠦᠳᠡᠯᠬᠡᠬᠡᠨ ᠪᠤᠯ ᠤᠯᠠᠩᠬᠢ ᠳᠤ ᠪᠠᠨ ᠪᠡᠶ᠎ᠡ ᠴᠢᠬᠢᠷᠠᠭᠵᠢᠭᠤᠯᠬᠤ ᠪᠤᠯᠤᠨ ᠰᠤᠶᠤᠯ ᠲᠠᠮᠢᠷ ᠤᠨ ᠠᠵᠢᠯᠯᠠᠭ᠎ᠠ ᠪᠤᠯᠭᠠᠵᠤ ᠦᠷᠨᠢᠬᠦᠯᠬᠦ ᠨᠢ ᠤᠯᠠᠨ ᠪᠤᠯᠤᠭᠰᠠᠨ ᠶᠤᠮ᠃ ᠮᠤᠷᠢ ᠬᠦᠮᠦᠨ ᠲᠠᠢ ᠬᠦᠳᠡᠯᠬᠡᠬᠡᠨ ᠤ ᠲᠠᠯ᠎ᠠ ᠪᠠᠷ ᠶᠡᠭᠡ ᠨᠢᠬᠡᠳᠴᠦ᠂ ᠪᠡᠶ᠎ᠡ ᠮᠠᠬᠠᠪᠤᠳ ᠢ ᠴᠢᠬᠢᠷᠠᠭᠵᠢᠭᠤᠯᠬᠤ ᠲᠠᠯ᠎ᠠ ᠲᠡᠬᠡᠷ᠎ᠡ ᠶᠡᠭᠡ ᠦᠢᠯᠡᠳᠦᠯ ᠭᠠᠷᠭᠠᠳᠠᠭ᠃ ᠶᠡᠷᠦ ᠨᠢ ᠲᠠᠮᠢᠷ ᠤᠨ ᠬᠦᠳᠡᠯᠬᠡᠬᠡᠨ ᠲᠤᠳᠤᠷ᠎ᠠ ᠮᠤᠷᠢ ᠤᠨᠤᠬᠤ ᠬᠦᠳᠡᠯᠬᠡᠬᠡᠨ ᠢ ᠡᠷᠬᠢᠮᠰᠦᠭ ᠲᠡᠭᠡᠳᠦ ᠬᠦᠳᠡᠯᠬᠡᠬᠡᠨ ᠬᠡᠵᠦ ᠦᠵᠡᠳᠡᠭ᠃      ᠮᠤᠷᠢ ᠤᠨᠤᠪᠠᠯ ᠲᠠᠪᠤᠨ ᠴᠤᠯᠤ ᠶᠢ ᠦᠪᠡᠷ ᠤᠨ ᠬᠢᠨᠢ ᠪᠠᠶᠢᠷᠢᠨ ᠳᠤ ᠤᠷᠤᠭᠤᠯᠵᠤ ᠴᠢᠳᠠᠳᠠᠭ᠂ ᠬᠦᠮᠦᠨ ᠤ ᠲᠠᠪᠤᠨ ᠴᠤᠯᠤ ᠦᠪᠡᠷ ᠦᠪᠡᠷ ᠤᠨ ᠪᠠᠶᠢᠷᠢ ᠪᠤᠯᠤᠨ ᠵᠠᠢ ᠪᠠᠶᠢᠳᠠᠭ᠃ ᠪᠢᠳ᠋ᠨ ᠠᠯᠪᠠᠨ ᠭᠡᠷ ᠲᠤ ᠤᠳᠠᠭᠠᠨ ᠰᠠᠭᠤᠵᠦ᠂ ᠲᠡᠮᠡᠢ ᠬᠦᠳᠡᠯᠬᠡᠬᠡᠨ ᠬᠢᠬᠦ ᠦᠬᠡᠢ ᠪᠤᠯᠤᠭᠰᠠᠨ ᠠᠴᠠ ᠲᠠᠪᠤᠨ ᠴᠤᠯᠤ ᠶᠢᠨ ᠵᠠᠢ ᠵᠠᠪᠰᠠᠷ ᠪᠠᠭᠠᠰᠤᠭᠠᠳ ᠦᠬᠡᠭᠦᠵᠢᠬᠦ᠂ ᠶᠡᠷᠦᠩᠭᠡᠢ ᠳᠤ ᠪᠠᠨ ᠨᠢᠬᠡ ᠴᠤᠭᠴᠠ ᠪᠤᠯᠤᠭᠰᠠᠨ ᠮᠠᠶ᠋ᠢᠭᠳᠠᠢ ᠪᠤᠯᠤᠭᠰᠠᠨ ᠪᠠᠶᠢᠳᠠᠭ᠃ ᠲᠡᠭᠡᠪᠡᠯ ᠡᠮᠴᠢ ᠶᠢᠨ ᠦᠵᠡᠬᠦ ᠪᠠᠷ ᠵᠢᠷᠦᠬᠡ ᠪᠤᠯ ᠵᠢᠷᠦᠬᠡᠨ ᠤ ᠦᠪᠡᠷ ᠤᠨ ᠬᠢᠨᠢ ᠠᠵᠢᠯᠯᠠᠭ᠎ᠠ ᠬᠢᠳᠡᠭ ᠤᠷᠴᠢᠨ ᠲᠤᠭᠤᠷᠢᠨ ᠪᠠᠶᠢᠳᠠᠭ᠃ ᠭᠡᠪᠡᠴᠦ ᠤᠳᠤ ᠪᠤᠯ ᠤᠷᠴᠢᠨ ᠲᠤᠭᠤᠷᠢᠨ ᠨᠢ ᠪᠠᠭᠠᠰᠴᠤ᠂ ᠵᠢᠷᠦᠬᠡ ᠨᠢ ᠰᠢᠬᠠᠯᠳᠠ ᠶᠢᠨ ᠲᠤᠳᠤᠷ᠎ᠠ ᠠᠵᠢᠯ ᠬᠢᠳᠡᠭ᠃ ᠢᠩᠬᠢᠭᠰᠡᠨ ᠠᠴᠠ ᠵᠢᠷᠦᠬᠡᠨ ᠤ ᠲᠠᠮᠢᠷ ᠮᠠᠭᠤᠳᠠᠬᠤ᠂ ᠵᠢᠷᠦᠬᠡᠨ ᠤ ᠰᠤᠳᠠᠯ ᠪᠦᠭᠯᠡᠷᠡᠬᠦ ᠵᠡᠷᠭᠡ ᠠᠷᠪᠢᠨ ᠡᠪᠡᠳᠴᠢᠨ ᠤ ᠢᠯᠡᠷᠡᠯ ᠭᠠᠷᠳᠠᠭ᠃ ᠡᠯᠢᠬᠡ ᠪᠠᠰᠠ ᠤᠷᠳᠤ ᠬᠤᠭᠤᠴᠠᠭ᠎ᠠ ᠬᠦᠳᠡᠯᠬᠡᠬᠡᠨ ᠨᠢ ᠪᠠᠭᠠᠰᠤᠭᠰᠠᠨ ᠠᠴᠠ ᠪᠤᠯᠤᠭᠠᠳ ᠦᠬᠡᠬᠦᠯᠡᠳᠡᠭ᠃ ᠲᠡᠭᠡᠪᠡᠯ ᠮᠤᠷᠢ ᠤᠨᠤᠬᠤ ᠨᠢ ᠡᠨᠡ ᠨᠢᠬᠡ ᠤᠷᠤᠨ ᠵᠠᠢ ᠶᠢ ᠨᠢ ᠪᠦᠬᠦᠳᠡ ᠶᠢ ᠤᠯᠵᠤ ᠦᠭᠴᠦ ᠴᠢᠳᠠᠳᠠᠭ᠃ ᠮᠤᠷᠢ ᠪᠤᠯ ᠮᠠᠰᠢ ᠶᠡᠭᠡ ᠶᠠᠪᠤᠭ᠎ᠠ ᠲᠠᠢ᠂ ᠠᠯᠬᠤᠭ᠎ᠠ᠂ ᠲᠤᠩᠰᠢᠶ᠎ᠠ᠂ ᠲᠡᠷᠭᠡᠭᠡ᠂ ᠰᠠᠶᠢᠪᠦᠷ᠂ ᠴᠤᠭᠬᠢᠶ᠎ᠠ᠂ ᠬᠦᠶᠦᠳᠠᠯ ᠵᠡᠷᠬᠡ ᠤᠯᠠᠨ ᠶᠠᠪᠤᠭ᠎ᠠ ᠲᠠᠢ᠂ ᠵᠠᠷᠢᠮ ᠰᠠᠶᠢᠨ ᠮᠤᠷᠢ ᠨᠢ ᠭᠤᠴᠢᠨ ᠬᠡᠳᠦᠨ ᠶᠠᠪᠤᠭ᠎ᠠ ᠲᠠᠢ ᠪᠠᠶᠢᠳᠠᠭ᠃ ᠲᠡᠭᠡᠪᠡᠯ ᠡᠳᠡᠭᠡᠷ ᠶᠠᠪᠤᠴᠠ ᠶᠢᠨ ᠲᠤᠮᠳᠠᠬᠢ ᠠᠯᠬᠤᠭ᠎ᠠ ᠠᠴᠠ ᠪᠠᠨ ᠲᠤᠩᠰᠢᠶ᠎ᠠ ᠳᠤ ᠤᠷᠤᠬᠤ ᠪᠠᠰᠠ ᠨᠢᠬᠡ ᠵᠠᠢ ᠪᠠᠶᠢᠳᠠᠭ᠃ ᠲᠤᠩᠰᠢᠶ᠎ᠠ ᠠᠴᠠ ᠪᠠᠨ ᠲᠡᠷᠭᠡᠬᠦᠯᠬᠦ᠂ ᠰᠠᠶᠢᠪᠦᠷᠯᠠᠬᠤ ᠵᠡᠷᠭᠡ ᠶᠠᠩᠵᠤ ᠪᠦᠷᠢ ᠶᠢᠨ ᠠᠯᠬᠤᠭ᠎ᠠ ᠶᠠᠪᠤᠭ᠎ᠠ ᠶᠢᠨ ᠬᠢᠨᠢ ᠬᠤᠪᠢᠷᠠᠯᠳᠠ ᠶᠢᠨ ᠲᠤᠮᠳᠠ ᠠᠳᠠᠯᠢ ᠦᠬᠡᠢ ᠬᠦᠳᠡᠯᠬᠡᠬᠡᠨ ᠢ ᠬᠦᠮᠦᠨ ᠤ ᠪᠡᠶ᠎ᠡ ᠳᠤ ᠬᠠᠩᠭᠠᠵᠤ ᠦᠭᠳᠡᠭ᠃ ᠲᠡᠶᠢᠮᠦ ᠠᠴᠠ ᠡᠳᠡᠬᠡᠷ ᠶᠠᠪᠤᠭ᠎ᠠ ᠨᠢ ᠬᠦᠮᠦᠨ ᠤ ᠪᠡᠶ᠎ᠡ ᠶᠢᠨ ᠲᠠᠪᠤᠨ ᠴᠤᠯᠤ ᠶᠢ ᠵᠤᠬᠢᠴᠠᠭᠤᠯᠵᠤ᠂ ᠪᠠᠶᠢᠷᠢ ᠪᠠᠶᠢᠷᠢᠨ ᠳᠤ ᠨᠢ ᠤᠷᠤᠭᠤᠯᠵᠤ ᠦᠭᠴᠦ ᠴᠢᠳᠠᠳᠠᠭ᠃ ᠡᠬᠦᠨ ᠠᠴᠠ ᠦᠭᠡᠷ᠎ᠡ ᠰᠠᠶᠢᠨ ᠡᠮᠴᠢ ᠪᠠᠶᠢᠳᠠᠭ ᠦᠬᠡᠢ ᠬᠡᠳᠡᠭ ᠃ ᠤᠷᠳᠤ ᠬᠤᠭᠤᠴᠠᠭ᠎ᠠ ᠪᠠᠷ ᠮᠤᠷᠢ ᠤᠨᠤᠭᠰᠠᠨ ᠬᠦᠮᠦᠨ ᠤ ᠡᠯᠢᠬᠡ ᠦᠬᠡᠬᠦᠯᠡᠳᠡᠭ ᠦᠬᠡᠢ᠂ ᠵᠢᠷᠦᠬᠡᠨ ᠤ ᠤᠷᠤᠨ ᠵᠠᠢ ᠶᠢ ᠤᠯᠵᠤ ᠦᠭᠴᠦ ᠴᠢᠳᠠᠳᠠᠭ ᠠᠴᠠ ᠢᠪᠴᠤᠤᠷᠠᠯ ᠤᠨ ᠠᠵᠢᠯᠯᠠᠭ᠎ᠠ ᠭᠠᠷᠳᠠᠭ ᠦᠬᠡᠢ ᠭᠡᠵᠦ ᠦᠵᠡᠳᠡᠭ᠃      ᠮᠢᠨᠦ ᠬᠤᠪᠢ ᠶᠢᠨ ᠪᠠᠶᠢᠳᠠᠯ ᠠᠴᠠ ᠦᠵᠡᠬᠦ ᠳᠤ ᠶᠠᠮᠠᠷ ᠨᠢᠬᠡᠨ ᠬᠦᠳᠡᠯᠬᠡᠬᠡᠨ ᠬᠢᠬᠦ ᠳᠤ ᠪᠦᠬᠦ ᠬᠦᠴᠦ ᠪᠠᠨ ᠰᠢᠪᠬᠠᠵᠤ ᠬᠢᠳᠡᠭ᠃ ᠬᠠᠷᠢᠨ ᠮᠤᠷᠢ ᠤᠨᠤᠬᠤ ᠪᠤᠯ ᠲᠡᠶᠢᠮᠦ ᠪᠢᠰᠢ᠂ ᠦᠪᠡᠷ ᠤᠨ ᠪᠡᠶ᠎ᠡ ᠠᠴᠠ ᠬᠦᠴᠦ ᠭᠠᠷᠬᠤ ᠦᠬᠡᠢ ᠂ ᠮᠤᠷᠢ ᠴᠢᠮ᠎ᠠ ᠳᠤ ᠵᠤᠬᠢᠴᠠᠭᠤᠯᠵᠤ ᠦᠭᠳᠡᠭ᠃ ᠨᠡᠩ ᠴᠦ ᠠᠯᠬᠤᠭᠤᠯᠵᠤ ᠪᠠᠶᠢᠭᠠᠳ ᠲᠤᠩᠰᠢᠭᠤᠯᠬᠤ ᠳᠤ ᠮᠤᠷᠢ ᠴᠢᠮ᠎ᠠ ᠳᠤ ᠪᠦᠬᠦ ᠪᠡᠶ᠎ᠡ ᠶᠢ ᠴᠢᠨᠢ ᠵᠤᠬᠢᠴᠠᠭᠤᠯᠵᠤ ᠦᠭᠳᠡᠭ᠃ ᠲᠦᠷᠦᠬᠡ ᠢᠰᠬᠦᠯᠦᠨ ᠰᠠᠨᠳᠠᠶᠢᠯᠠᠵᠤ ᠬᠦᠶᠦᠬᠡᠳ ᠲᠡᠷᠭᠡᠬᠦᠯᠬᠦ ᠳᠤ ᠪᠦᠷ ᠰᠠᠶᠢᠬᠠᠨ ᠰᠢᠭᠰᠢᠭᠡᠳ ᠪᠦᠬᠦ ᠪᠡᠶ᠎ᠡ ᠴᠢᠨᠢ ᠬᠦᠳᠡᠯᠬᠦ ᠦᠬᠡᠢ ᠭᠠᠵᠠᠷ ᠭᠡᠵᠦ ᠪᠠᠶᠢᠳᠠᠭ ᠦᠬᠡᠢ᠃ ᠮᠤᠷᠢ ᠤᠨᠤᠬᠤ ᠶᠢᠨ ᠰᠠᠶᠢᠨ ᠲᠠᠢ ᠲᠠᠯ᠎ᠠ ᠪᠡᠶ᠎ᠡ ᠮᠠᠬᠠᠪᠤᠳ ᠲᠡᠭᠡᠷ᠎ᠡ ᠢᠩᠬᠢᠵᠦ ᠶᠡᠭᠡ ᠤᠶᠠᠯᠳᠤᠳᠠᠭ ᠤᠨ ᠲᠠᠭᠠᠤ ᠤᠶᠤᠨ ᠰᠠᠨᠠᠭᠠᠨ ᠤ ᠲᠠᠯ᠎ᠠ ᠲᠡᠭᠡᠷ᠎ᠡ ᠪᠠᠰᠠ ᠶᠡᠭᠡ ᠠᠳᠠᠯᠢ ᠦᠬᠡᠢ ᠪᠠᠶᠢᠳᠠᠭ᠃ ᠲᠡᠮᠦᠷ ᠲᠦᠬᠦᠬᠡᠷᠦᠮᠵᠢ ᠲᠡᠭᠡᠷ᠎ᠡ ᠤᠴᠢᠵᠦ ᠪᠤᠯᠪᠠᠰᠤᠷᠠᠯ ᠬᠢᠬᠦ ᠪᠤᠯᠤᠨ ᠮᠤᠷᠢ ᠤᠨᠤᠵᠤ ᠶᠠᠪᠤᠬᠤ ᠨᠢ ᠠᠳᠠᠯᠢ ᠦᠬᠡᠢ᠃ ᠮᠤᠷᠢ ᠴᠢᠮ᠎ᠠ ᠳᠤ ᠪᠠᠶᠠᠷ ᠪᠠᠶᠠᠰᠤᠯ ᠢ ᠠᠪᠴᠢᠷᠠᠵᠤ ᠦᠭᠬᠦᠨ᠎ᠡ᠃ ᠦᠬᠡ ᠬᠡᠯᠡᠵᠦ ᠪᠠᠶᠢᠬᠤ ᠰᠢᠭ᠋ ᠪᠠᠭ᠋ᠠᠷᠬᠠᠭᠤᠯᠵᠤ ᠴᠢᠳᠠᠨ᠎ᠠ᠃ ᠴᠢ ᠦᠨᠳᠡᠶᠢᠪᠡᠯ ᠲᠡᠷᠡ ᠬᠤᠷᠳᠤᠨ ᠶᠠᠪᠤᠨ᠎ᠠ᠂ ᠴᠢ ᠰᠠᠭᠤᠪᠠᠯ ᠠᠭᠠᠵᠢᠭᠤ ᠶᠠᠪᠤᠨ᠎ᠠ᠂ ᠪᠡᠶ᠎ᠡ ᠪᠠᠷ ᠢᠶᠠᠨ ᠵᠢᠭᠠᠬᠠᠨ ᠬᠠᠵᠠᠶᠢᠭᠠᠳ ᠦᠭᠪᠡᠯ ᠵᠠᠯᠠᠭᠳᠠᠭᠠᠳ ᠶᠠᠪᠤᠴᠢᠬᠠᠨ᠎ᠠ᠃ ᠪᠦᠷ ᠬᠦᠮᠦᠨ ᠤ ᠰᠠᠨᠠᠭ᠎ᠠ ᠪᠠᠷ ᠶᠠᠪᠤᠨ᠎ᠠ᠃      ᠮᠤᠷᠢ ᠪᠤᠯ ᠡᠶᠢᠮᠦᠷᠬᠦᠦ ᠯᠡ ᠬᠦᠮᠦᠨ ᠤ ᠰᠡᠳᠬᠢᠯ ᠤᠨ ᠬᠦᠪᠴᠢ ᠶᠢ ᠬᠦᠪᠴᠢᠯᠡᠵᠦ ᠴᠢᠳᠠᠳᠠᠭ ᠤᠴᠢᠷ ᠠᠴᠠ ᠬᠦᠮᠦᠨ ᠢ ᠶᠡᠭᠡ ᠪᠠᠶᠠᠷ ᠪᠠᠶᠠᠰᠤᠯ ᠲᠠᠢ ᠪᠤᠯᠭᠠᠳᠠᠭ᠃ ᠢᠩᠬᠢᠭᠰᠡᠨ ᠠᠴᠠ ᠬᠦᠮᠦᠰ ᠮᠤᠷᠢ ᠲᠠᠢ ᠪᠠᠨ ᠤᠯᠠᠨ ᠲᠠᠰᠴᠤ᠂ ᠡᠨᠡ ᠬᠦ ᠬᠦᠳᠡᠯᠬᠡᠬᠡᠨ ᠢ ᠡᠷᠬᠢᠮᠰᠦᠭ ᠪᠤᠯᠭᠠᠵᠤ ᠪᠠᠶᠢᠳᠠᠭ᠃ ᠪᠠᠰᠠ ᠨᠢᠬᠡᠨ ᠭᠠᠶᠢᠬᠠᠮᠰᠢᠭ ᠲᠠᠢ ᠵᠦᠢᠯ ᠨᠢ ᠪᠠᠶᠢᠭᠠᠯᠢ ᠶᠢ ᠪᠠᠭ᠋ᠠᠷᠬᠠᠵᠤ ᠴᠢᠳᠠᠳᠠᠭ᠂ ᠮᠤᠷᠢ ᠲᠠᠢ ᠶᠠᠪᠤᠭᠠᠳ ᠪᠠᠶᠢᠭᠠᠯᠢ ᠶᠢ ᠪᠠᠭ᠋ᠠᠷᠬᠠᠬᠤ ᠪᠤᠯᠤᠨ ᠮᠠᠰᠢᠨ ᠲᠡᠷᠭᠡ ᠲᠠᠢ ᠶᠠᠪᠤᠭᠠᠳ ᠪᠠᠶᠢᠭᠠᠯᠢ ᠶᠢ ᠪᠠᠭ᠋ᠠᠷᠬᠬᠠᠤ ᠪᠤᠯ ᠠᠳᠠᠯᠢ ᠦᠬᠡᠢ᠃ ᠨᠤᠭᠤᠭᠠᠨ ᠲᠠᠯ᠎ᠠ ᠪᠠᠷ ᠶᠠᠪᠤᠨ᠎ᠠ᠂ ᠬᠦᠮᠦᠨ ᠲᠠᠢ ᠵᠤᠭᠤᠭ ᠲᠠᠭᠠᠷᠠᠨ᠎ᠠ᠂ ᠬᠠᠳᠠ ᠲᠠᠢ ᠲᠡᠯ ᠲᠠᠢ ᠭᠠᠵᠠᠷ ᠶᠠᠪᠤᠬᠤ ᠳᠤ ᠮᠤᠷᠢ ᠬᠦᠳᠡᠯᠬᠡᠬᠡᠨ ᠢᠶᠠᠨ ᠵᠤᠬᠢᠴᠠᠭᠤᠯᠵᠤ ᠴᠢᠳᠠᠳᠠᠭ᠃ ᠲᠡᠭᠡᠬᠦᠯᠡᠷ ᠮᠤᠷᠢ ᠪᠤᠯ ᠪᠡᠶ᠎ᠡ ᠮᠠᠬᠠᠪᠤᠳ ᠢ ᠴᠢᠬᠢᠷᠠᠭᠵᠢᠭᠤᠯᠵᠤ ᠴᠢᠳᠠᠬᠤ ᠪᠠᠷ ᠪᠠᠷᠠᠬᠤ ᠦᠬᠡᠢ᠂ ᠤᠶᠤᠨ ᠰᠠᠨᠠᠭ᠎ᠠ᠂ ᠰᠡᠳᠬᠢᠯ ᠢ ᠴᠦ ᠲᠡᠨᠢᠬᠦᠨ ᠰᠠᠷᠠᠭᠤᠯ ᠪᠤᠯᠭᠠᠳᠠᠭ ᠦᠢᠯᠡᠳᠦᠯ ᠲᠠᠢ ᠪᠠᠶᠢᠳᠠᠭ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号