ᠮᠤᠩᠭᠤᠯᠴᠤᠤᠨ ᠤᠨ ᠬᠤᠪᠢ ᠦᠯᠡᠲᠡᠭᠡᠬᠦ ᠶᠤᠰᠤᠨ
ᠨᠡᠶᠢᠲᠡᠯᠡᠭᠰᠡᠨ ᠴᠠᠭ᠄
2016/10/21
          ᠮᠤᠩᠭᠤᠯᠴᠤᠳ ᠡᠷᠳᠡᠨ ᠠᠴᠠ ᠪᠠᠨ ᠬᠤᠪᠢ ᠦᠯᠡᠳᠡᠬᠡᠬᠦ ᠵᠡᠩ ᠵᠠᠩᠰᠢᠯ ᠢ ᠬᠠᠳᠠᠭᠠᠯᠠᠨ ᠠᠪᠴᠤ᠂ ᠶᠤᠰᠤ ᠨᠤᠮ ᠲᠠᠢ ᠬᠦᠷᠦᠩᠬᠡᠰᠢᠭᠰᠡᠨ ᠶᠠᠰᠤᠳᠠᠨ ᠪᠢᠯᠡ᠃ ᠡᠨᠡ ᠪᠤᠯ ᠮᠤᠩᠭᠤᠯᠴᠤᠳ ᠤᠨ ᠢᠵᠡᠭᠤᠷ ᠰᠤᠶᠤᠯ᠃ ᠮᠤᠩᠭᠤᠯᠴᠤᠳ ᠤᠨ ᠠᠯᠢ ᠨᠢᠬᠡᠨ ᠠᠶᠢᠯ ᠬᠡᠷ ᠤᠨ ᠬᠢᠨᠢ ᠠᠯᠢ ᠨᠢᠬᠡᠨ ᠤᠳᠠᠭ᠎ᠠ᠂ ᠶᠠᠮᠠᠷ ᠨᠢᠬᠡᠨ ᠠᠮᠳᠠᠳᠢ ᠰᠢᠮᠡᠳᠡᠢ᠂ ᠬᠤᠪᠤᠷ ᠴᠤᠬᠠᠬ ᠶᠠᠭᠤᠮᠠᠰ ᠢᠳᠡᠬᠦ ᠳᠤ ᠪᠠᠨ᠂ ᠠᠯᠢ ᠨᠢᠬᠡᠨ ᠬᠡᠰᠢᠬᠦᠨ ᠨᠢ ᠪᠠᠶᠢᠬᠰᠠᠨ ᠦᠬᠡᠢ ᠪᠤᠯ᠂ ᠳᠡᠬᠦᠨ ᠳᠤ ᠪᠠᠨ ᠬᠤᠪᠢ ᠢᠳᠡᠭᠡ ᠦᠯᠡᠳᠡᠬᠡᠵᠦ ︽ᠬᠤᠪᠢ︾ ᠪᠤᠶᠤ ︽ᠬᠡᠰᠢᠭ︾ ᠬᠡᠵᠥ ᠢᠳᠡᠬᠡᠨ ᠤᠮᠳᠠᠭᠠᠨ ᠦᠯᠡᠳᠡᠬᠡᠳᠡᠭ ᠪᠠᠶᠢᠨ᠎ᠠ ᠃ ᠡᠬᠦᠨ ᠢ ᠵᠡᠷᠢᠮ ᠭᠠᠵᠠᠷ ᠨᠤᠳᠤᠬ ᠲᠤ᠄ ︽ᠬᠤᠪᠢ ᠬᠦᠷᠬᠡᠬᠦ︾᠂ ︽ᠬᠤᠪᠢ ᠳᠦᠬᠡᠬᠡᠬᠦ︾ ᠬᠡᠵᠥ ᠴᠤ ᠨᠡᠷᠡᠶᠢᠳᠳᠡᠭ ᠪᠠᠶᠢᠬᠰᠠᠨ ᠪᠠᠶᠢᠨ᠎ᠠ᠃ ᠮᠤᠩᠭᠤᠯᠴᠤᠳ ᠤᠨ ︽ᠬᠤᠪᠢ ᠦᠯᠡᠳᠡᠬᠡᠬᠦ ᠶᠤᠰᠤᠨ︾ ᠢ ᠤᠴᠢᠷᠯᠠᠬᠤ ᠳᠤ ᠳᠤᠩ ᠤᠯᠠᠨ ᠠᠭᠤᠯᠬᠤᠨ ᠲᠠᠢ ᠪᠠᠶᠢᠳᠠᠬ ᠶᠤᠮ᠃ ᠳᠤᠬᠠᠢᠢᠯᠠᠪᠠᠯ ᠬᠡᠨ ᠨᠢᠬᠡᠨ ᠳᠤ᠄ ᠮᠠᠯ ᠪᠠᠵᠠᠭᠠᠬᠤ᠂ ᠰᠢᠬᠦᠰᠦ ᠭᠠᠷᠭᠠᠬᠤ᠂ ᠪᠤᠤᠵᠠ ᠪᠠᠷᠢᠬᠤ᠂ ᠰᠢᠬᠢᠷ ᠪᠤᠤᠪᠤ ᠳᠦᠬᠡᠬᠡᠬᠦ ᠁ ᠵᠡᠷᠬᠡ ᠨᠢ ᠪᠦᠷ ᠬᠤᠪᠢ ᠬᠡᠰᠢᠭ ᠲᠤ ᠳᠤᠭᠠᠴᠠᠬᠳᠠᠨ᠎ᠠ᠃ ᠬᠡᠷ ᠤᠨ ᠨᠠᠰᠤᠳᠠᠨ ᠪᠤᠶᠤ ᠡᠵᠡᠭᠳᠡᠢ ᠠᠴᠠ ᠡᠨᠡ ᠪᠦᠬᠦᠨ ᠢ ᠬᠤᠪᠢᠴᠢᠯᠠᠵᠤ ᠦᠭᠬᠦ ᠳᠤ᠂ ᠬᠡᠨ ᠨᠢᠬᠡ ᠨᠢ ᠦᠬᠡᠢ ᠪᠠᠶᠢᠵᠤ ︽ᠬᠤᠪᠢ︾ ᠬᠦᠷᠳᠡᠭᠰᠡᠨ ᠦᠬᠡᠢ ᠪᠠᠶᠢᠬᠰᠠᠨ ᠪᠤᠯ᠂ ᠳᠡᠬᠦᠨ ᠳᠤ ᠡᠨᠡ ᠪᠦᠬᠦᠨ ᠠᠴᠠ ︽ᠬᠤᠪᠢ ᠦᠯᠡᠳᠡᠬᠡᠵᠥ︾ ᠬᠤᠪᠢ ᠬᠡᠰᠢᠭ ᠬᠠᠶᠢᠷᠠᠯᠠᠳᠠᠬ ᠪᠠᠶᠢᠨ᠎ᠠ᠃ ᠡᠨᠡ ᠪᠤᠯ ᠰᠠᠶ᠋ᠢ ᠮᠤᠩᠭᠤᠯᠴᠤᠳ ᠤᠨ ᠡᠷᠳᠡᠨ ᠠᠴᠠ ᠤᠯᠠᠮᠵᠢᠯᠠᠵᠤ ᠢᠷᠡᠭᠰᠡᠨ ᠤᠢᠩᠭᠢᠶᠠᠮᠤᠷ ᠨᠠᠨᠳᠢᠨ᠂ ᠡᠶ᠎ᠡ ᠨᠠᠶᠢᠷ ᠲᠠᠢ᠂ ᠬᠠᠯᠠᠭᠤᠨ ᠳᠤᠳᠤᠨᠤ ᠬᠦᠨᠳᠦᠳᠬᠡᠯ ᠬᠠᠳᠠᠭᠠᠯᠠᠬᠰᠠᠨ ᠰᠤᠶᠤᠯ ᠤᠨ ᠦᠪ ᠶᠤᠮ᠃ ᠬᠤᠪᠢ ᠪᠠᠷᠢᠵᠥ᠂ ᠬᠡᠰᠢᠭ ᠡᠷᠬᠦᠬᠦ ᠳᠤ ᠳᠡᠬᠦᠨ ᠤ ᠬᠦᠷᠢᠶ᠎ᠠ ᠬᠡᠪᠴᠢᠶ᠎ᠠ ᠴᠤ ᠦᠷᠬᠡᠨ ᠳᠡᠯᠬᠡᠷ ᠪᠠᠶᠢᠳᠠᠬ ᠢ ᠳᠡᠤᠬᠡ ᠳᠡᠮᠳᠡᠭᠯᠡᠯ ᠳᠤ ᠪᠢᠴᠢᠵᠥ ᠪᠠᠶᠢᠨ᠎ᠠ᠃ ᠳᠤᠬᠠᠢᠢᠯᠠᠪᠠᠯ ︽ᠮᠤᠩᠭᠤᠯ ᠤᠨ ᠨᠢᠭᠤᠴᠡ ᠳᠤᠪᠴᠢᠶᠠᠨ︾ ᠳᠤ ᠠᠩ ᠤᠨ ᠬᠡᠰᠢᠭ ᠬᠤᠪᠢᠶᠠᠯᠴᠠᠵᠥ ᠪᠠᠶᠢᠬᠰᠠᠨ ᠠᠴᠠ ᠦᠵᠡᠬᠦ ᠳᠤ᠂ ᠠᠩ ᠤᠨ ᠳᠠᠯᠠᠪᠠᠢ᠂ ᠨᠠᠶᠢᠷ ᠬᠤᠷᠠᠯᠳᠠᠢ᠂ ᠠᠶᠢᠯ ᠠᠶᠢᠮᠠᠬ ᠤᠨ ᠬᠤᠭᠤᠷᠤᠨᠳᠤ ᠴᠤ ︽ᠬᠤᠪᠢ ᠪᠠᠷᠢᠬᠤ︾᠂ ︽ᠬᠡᠰᠢᠭ ᠢᠯᠡᠬᠡᠬᠦ︾ ᠵᠠᠩ ᠦᠢᠯᠡ ᠶᠠᠪᠤᠬᠳᠠᠵᠤ᠂ ᠮᠤᠩᠭᠤᠯᠴᠤᠳ ᠤᠨ ᠶᠤᠰᠤ ᠵᠦᠢ ᠶᠢᠨ ᠠᠮᠢᠳᠤᠷᠠᠬᠤᠢ ᠶᠢᠨ ᠳᠡᠤᠬᠡ ᠦᠷᠬᠦᠯᠵᠢᠯᠡᠵᠥ ᠪᠠᠶᠢᠳᠠᠬ ᠪᠠᠶᠢᠨ᠎ᠠ᠃ ᠡᠬᠦᠨ ᠢᠶᠠᠨ ᠮᠤᠩᠭᠤᠯᠴᠤᠳ᠄ ︽ᠡᠳ᠋ᠯᠡᠯ ᠤᠨ ᠡᠬᠢ᠂ ᠢᠳᠡᠬᠡᠨ ᠤ ᠳᠡᠬᠡᠵᠢ︾ ᠬᠡᠮᠡᠨ ᠡᠷᠬᠢᠮ ᠳᠤ ᠳᠡᠬᠡᠵᠢᠯᠡᠳᠡᠭ ᠪᠠᠶᠢᠬᠰᠠᠨ ᠨᠢ ᠭᠤᠶᠢᠳᠠ ᠪᠤᠶᠤ᠃ ︽ᠬᠤᠪᠢ ᠦᠯᠡᠳᠡᠪᠦᠷᠢ︾ ᠬᠡᠳᠡᠭ ᠮᠤᠩᠭᠤᠯᠴᠤᠳ ᠤᠨ ᠤᠯᠠᠮᠵᠢᠯᠠᠯᠳᠤ ᠰᠤᠶᠤᠯ ᠮᠠᠨᠢ ᠡᠳᠦᠬᠡ ᠴᠤ ᠠᠶᠢᠯ ᠡᠷᠦᠬᠡ᠂ ᠠᠶᠢᠮᠠᠬ ᠰᠠᠳᠤᠨ ᠳᠤ ᠪᠠᠨ ᠤᠯᠠᠮᠵᠢᠯᠠᠬᠳᠠᠵᠤ᠂ ᠳᠡᠯᠬᠡᠷᠡᠵᠥ ᠪᠠᠶᠢᠬᠤ ᠨᠢ ᠬᠠᠷᠠᠬᠳᠠᠨ᠎ᠠ᠃ ᠶᠠᠭᠤᠳᠠᠢ ᠭᠤᠶᠤ᠂ ᠶᠠᠭᠤᠳᠠᠢ ᠪᠠᠭ᠋ᠠᠷᠤᠯ ᠪᠢᠯᠡ᠃ ᠡᠳ᠋ ᠢᠳᠡᠬᠡᠨ ᠳᠤ ᠪᠠᠨ ᠬᠤᠪᠢ ᠦᠯᠡᠳᠡᠬᠡᠬᠦ᠂ ᠡᠷᠴᠢ ᠦᠬᠡᠨ ᠳᠤ ᠪᠠᠨ ᠢᠳᠡ ᠦᠯᠡᠳᠡᠬᠡᠬᠦ᠂ ᠡᠷ᠎ᠠ ᠤᠬᠠᠭᠠᠨ ᠳᠤ ᠪᠠᠨ ᠬᠦᠴᠦ ᠦᠯᠡᠳᠡᠬᠡᠬᠦ ᠁ ᠶᠠᠭᠤ ᠪᠦᠬᠦᠨ ᠮᠤᠩᠭᠤᠯᠴᠤᠳ ᠲᠤ ᠨᠦᠬᠡᠴᠡ ᠲᠠᠢ ᠪᠠᠶᠢᠳᠠᠬ ᠪᠤᠯ ᠳᠡᠤᠬᠡ ᠶᠤᠮ᠃ ᠡᠨᠡ ᠨᠢ ᠬᠡᠳᠦ᠋ᠢᠪᠡᠷ ᠵᠢᠵᠢᠭᠬᠡᠨ ᠬᠡᠵᠥ ᠦᠵᠡᠭᠳᠡᠪᠡᠴᠥ᠂ ᠳᠡᠬᠦᠨ ᠳᠤ ᠳᠡᠤᠬᠡ ᠰᠤᠶᠤᠯ᠂ ᠠᠮᠢᠳᠤᠷᠠᠬᠤᠢ ᠶᠢᠨ ᠤᠠᠬᠭᠠᠨ᠂ ᠦᠢᠯᠡ ᠰᠢᠰᠲᠧᠮ ᠨᠦᠰᠡᠷ ᠠᠭᠤᠯᠤᠬᠳᠠᠵᠥ ᠪᠠᠶᠢᠬᠤ ᠶᠢ ᠮᠠᠳᠠᠵᠤ ᠠᠪᠤᠯᠳᠠᠢ︕
 
ᠢᠷᠡᠯᠲᠡ᠄ ᠬᠤᠯᠪᠣᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号