ᠲᠠᠯᠠᠨ ᠰᠢᠨᠵᠢ ᠲᠠᠢ ︽ᠲᠠᠯᠤ︾
ᠨᠡᠶᠢᠲᠡᠯᠡᠭᠰᠡᠨ ᠴᠠᠭ᠄
2016/11/21
          ᠲᠠᠯᠤ ᠶᠢᠨ ᠰᠢᠨᠵᠢᠯᠡᠭᠡ ᠪᠤᠯ ᠮᠤᠩᠭᠤᠯᠴᠤᠳ ᠤᠨ ᠡᠷᠲᠡ ᠦᠶ᠎ᠡ ᠠᠴᠠ ᠤᠯᠠᠮᠵᠢᠯᠠᠵᠤ ᠢᠷᠡᠭᠰᠡᠨ ᠦᠪᠡᠷᠮᠢᠴᠡ ᠨᠢᠭᠡ ᠵᠦᠢᠯ ᠤᠨ ᠰᠤᠶᠤᠯ ᠪᠤᠯᠬᠤ ᠶᠤᠮ᠃ ᠬᠤᠨᠢᠨ ᠤ ᠲᠠᠯᠤ ᠶᠢ ᠰᠢᠨᠵᠢᠯᠡᠲᠡᠭ ᠡᠨᠡ ᠬᠦ ᠵᠠᠩᠰᠢᠯ ᠴᠤᠬᠤᠮ ᠠᠯᠢ ᠦᠶ᠎ᠡ ᠳᠤ ᠡᠬᠢᠯᠡᠭᠰᠡᠨ ᠲᠤᠬᠠᠢ ᠪᠠᠷᠢᠮᠲᠠ ᠤᠯᠲᠠᠬᠤ ᠦᠭᠡᠢ ᠪᠤᠯᠪᠠᠴᠤ ᠬᠠᠷᠢᠨ ᠲᠠᠯᠤᠨ ᠰᠢᠨᠵᠢᠯᠡᠭᠡ ᠬᠦᠭᠵᠢᠨ ᠲᠦᠭᠡᠮᠡᠯᠵᠢᠭᠰᠡᠨ ᠦᠶ᠎ᠡ ᠶᠢᠨ ᠲᠡᠮᠲᠡᠭᠯᠡᠯ ᠤᠳ ᠬᠠᠷᠠᠭᠲᠠᠵᠤ ᠪᠠᠶᠢᠨ᠎ᠠ᠃ ᠲᠤᠬᠠᠶᠢᠯᠠᠪᠠᠯ ᠴᠢᠩᠬᠢᠰ ᠬᠠᠭᠠᠨ ᠤ ᠦᠶ᠎ᠡ ᠳᠤ ᠲᠠᠯᠤ ᠶᠢᠨ ᠰᠢᠨᠵᠢᠯᠡᠭᠡ ᠦᠷᠭᠡᠨ ᠲᠡᠯᠭᠡᠷᠡᠵᠦ ᠪᠠᠶᠢᠭᠰᠠᠨ ᠪᠠ ᠲᠡᠲᠡᠭᠡᠷ ᠪᠦᠭᠡ ᠨᠠᠷ ᠪᠤᠯᠤᠨ ᠪᠤᠰᠤᠳ ᠡᠭᠡᠯ ᠠᠷᠠᠳ ᠬᠦᠷᠲᠡᠯ᠎ᠡ ᠴᠦᠮ ᠬᠡᠷᠡᠭᠯᠡᠲᠡᠭ ᠪᠠᠶᠢᠵᠠᠢ᠃ ᠴᠢᠩᠬᠢᠰ ᠬᠠᠭᠠᠨ ᠴᠤ ᠭᠡᠰᠡᠨ ᠠᠯᠢᠪᠠ ᠴᠢᠬᠤᠯᠠ ᠪᠦᠬᠦᠢ ᠤᠶᠢᠯᠡ ᠠᠵᠢᠯᠯᠠᠭ᠎ᠠ ᠪᠤᠶᠤ ᠨᠡᠩ ᠴᠤ ᠴᠡᠷᠢᠭ ᠲᠠᠶᠢᠨ ᠳᠤ ᠮᠤᠷᠲᠠᠬᠤ ᠳᠠᠭᠠᠨ ᠲᠠᠯᠤ ᠰᠢᠲᠠᠭᠠᠯᠭᠠᠨ ᠲᠦᠯᠭᠡ ᠦᠵᠡᠭᠦᠯᠲᠡᠭ ᠪᠠ ᠦᠪᠡᠷ ᠢᠶᠠᠨ ᠴᠤ ᠲᠠᠯᠤ ᠰᠢᠨᠵᠢᠯᠡᠲᠡᠭ ᠭᠡᠲᠡᠭ ᠢ ︽ᠶᠤᠸᠠᠨ ᠤᠯᠤᠰ ᠤᠨ ᠲᠡᠥᠬᠡ︾᠂ ︽ᠶᠧᠯᠢᠤᠢ ᠴᠦᠼᠠᠢ ᠶᠢᠨ ᠨᠠᠮᠲᠠᠷ︾ ᠲᠤ ᠲᠡᠮᠲᠡᠭᠯᠡᠭᠰᠡᠨ ᠪᠠᠶᠢᠨ᠎ᠠ ᠭᠡᠲᠡᠭ᠃ ︽ᠬᠠᠷ᠎ᠠ ᠲᠠᠲ᠋ᠠᠷ ᠤᠨ ᠲᠤᠬᠠᠢ ᠬᠡᠷᠡᠭ ᠤᠨ ᠲᠤᠪᠴᠢ︾ ᠳᠤ ︽ᠲᠡᠲᠡ ᠲᠦᠯᠬᠡ ᠦᠵᠡᠬᠦ ᠳᠡᠭᠡᠨ ᠬᠤᠨᠢ ᠶᠢᠨ ᠲᠠᠯᠤ ᠶᠢᠨ ᠶᠠᠰᠤ ᠶᠢ ᠰᠢᠲᠠᠭᠠᠵᠤ ᠭᠠᠷᠤᠭᠰᠠᠨ ᠵᠢᠷᠤᠬᠠᠢ ᠶᠢᠨ ᠰᠦᠷᠬᠡᠤ ᠪᠠ ᠡᠶᠡᠪᠡᠷᠬᠦᠦ ᠶᠢ ᠦᠵᠡᠵᠦ᠂ ᠰᠠᠶᠢᠨ ᠮᠠᠭᠤ ᠢᠷᠸ᠎ᠠ ᠶᠢ ᠢᠯᠭᠠᠲᠠᠭ᠃ ᠲᠡᠭᠷᠢ ᠶᠢᠨ ᠢᠪᠡᠭᠡᠬᠦ ᠪᠠ ᠡᠰᠡᠬᠦ ᠶᠢ ᠡᠭᠦᠨ ᠢᠶᠠᠷ ᠲᠤᠭᠲᠠᠭᠠᠮᠤᠢ᠂ ᠡᠭᠦᠨ ᠢ ᠬᠡᠴᠡᠭᠦᠦ ᠢᠲᠡᠭᠡᠵᠦ ᠫᠢᠪᠠ ︵ᠲᠠᠯᠤ︶ ᠰᠢᠲᠠᠭᠠᠮᠤᠢ ᠭᠡᠨ᠎ᠡ᠃ ᠬᠦᠨᠲᠦ ᠬᠦᠩᠭᠡᠨ ᠶᠠᠪᠤᠲᠠᠯ ᠭᠡᠵᠦ ᠢᠯᠭᠠᠯ ᠦᠭᠡᠢ ᠡᠷᠬᠡᠪᠰᠢ ᠲᠦᠯᠭᠡᠲᠡᠲᠡᠭ ᠪᠦᠭᠡᠳ ᠪᠠᠰᠠ ᠲᠠᠬᠢᠨ ᠲᠠᠪᠲᠠᠨ ᠲᠦᠯᠭᠡᠲᠡᠵᠦ ᠦᠵᠡᠬᠦ ᠶᠤᠮ ᠁︾ ᠬᠡᠮᠡᠨ ᠲᠡᠮᠲᠡᠭᠯᠡᠵᠡᠢ᠃ ᠲᠦᠪᠡᠳ ᠮᠤᠩᠭᠤᠯ ᠤᠨ ᠱᠠᠰᠢᠨ ᠤ ᠲᠡᠥᠬᠡ ᠭᠡᠲᠡᠭ ᠨᠤᠮ ᠳᠤ ︽ᠮᠤᠩᠭᠤᠯᠴᠤᠳ ᠬᠤᠨᠢᠨ ᠤ ᠲᠠᠯᠤ ᠶᠢ ᠰᠢᠨᠵᠢᠯᠡᠲᠡᠭ ᠤᠴᠢᠷ ᠠᠴᠠ ᠲᠠᠯᠤᠴᠢᠨ ᠭᠡᠵᠦ ᠨᠡᠷᠡᠶᠢᠲᠦᠭᠲᠡᠭᠰᠡᠨ︾ ᠭᠡᠵᠦ ᠲᠠᠶᠢᠯᠪᠤᠷᠢᠯᠠᠵᠠᠢ᠃ ᠡᠨᠡ ᠪᠤᠯ ᠮᠦᠨ ᠴᠤ ᠡᠷᠲᠡ ᠦᠶ᠎ᠡ ᠠᠴᠠ ᠮᠤᠩᠭᠤᠯᠴᠤᠳ ᠤᠨ ᠲᠤᠮᠲᠠ ᠲᠠᠯᠤ ᠶᠢᠨ ᠰᠢᠨᠵᠢᠯᠡᠭᠡ ᠶᠡᠭᠡ ᠪᠠᠷ ᠲᠡᠯᠭᠡᠷᠡᠵᠦ ᠪᠠᠶᠢᠭᠰᠠᠨ ᠤ ᠪᠠᠷᠢᠮᠲᠠ ᠪᠤᠯᠬᠤ ᠶᠤᠮ᠃ ᠠᠷᠪᠠᠨ ᠨᠠᠢᠮᠠᠲᠤᠭᠠᠷ ᠵᠠᠭᠤᠨ ᠤ ᠡᠬᠢᠨ ᠤ ᠦᠶ᠎ᠡ ᠳᠤ ᠰᠦᠮᠪᠠ ᠬᠠᠮᠪᠤ ᠢᠰᠢᠪᠠᠯᠵᠤᠤᠷ ︽ᠤᠶᠢᠷᠠᠳ ᠵᠦᠭ ᠤᠨ ᠡᠪᠦᠭᠡᠳ ᠤᠨ ᠬᠤᠨᠢᠨ ᠲᠠᠯᠤ ᠶᠢᠨ ᠰᠢᠨᠵᠢᠯᠡᠭᠡ︾ ᠭᠡᠬᠦ ᠨᠤᠮ ᠵᠤᠬᠢᠶᠠᠵᠠᠢ᠃ ᠮᠤᠩᠭᠤᠯᠴᠤᠳ ᠤᠨ ᠲᠠᠯᠤ ᠰᠢᠨᠵᠢᠯᠡᠬᠦ ᠵᠠᠩᠰᠢᠯ ᠶᠤᠰᠤ ᠶᠢ ᠬᠠᠮᠤᠭ ᠲᠡᠷᠢᠭᠦᠨ ᠳᠤ ᠡᠮᠬᠢᠳᠬᠡᠨ ᠬᠡᠪᠯᠡᠭᠰᠡᠨ ᠬᠦᠮᠦᠨ ᠪᠤᠯ ᠢᠰᠢᠪᠠᠯᠵᠤᠤᠷ ᠪᠤᠯᠤᠨ᠎ᠠ᠃        ᠲᠠᠯᠤᠨ ᠤ ᠬᠤᠲᠠ᠂ ᠲᠠᠯᠤᠨ ᠤ ᠬᠠᠮᠠᠷ᠂ ᠲᠠᠯᠤᠨ ᠤ ᠪᠠᠷᠢᠭᠤᠯ᠂ ᠲᠠᠯᠤᠨ ᠤ ᠲᠤᠭᠤᠭ᠎ᠠ᠂ ᠲᠠᠯᠤᠨ ᠤ ᠤᠮᠤᠭ᠂ ᠬᠤᠯᠠᠭᠠᠶᠢᠴᠢ ᠶᠢᠨ ᠨᠦᠬᠡ ᠭᠡᠬᠦ ᠮᠡᠲᠦ ᠪᠠᠷ ᠬᠤᠨᠢᠨ ᠤ ᠲᠠᠯᠤ ᠶᠠᠰᠤᠨ ᠤ ᠨᠡᠷ᠎ᠡ ᠤᠯᠠᠨ ᠪᠠᠶᠢᠲᠠᠭ᠃ ᠲᠠᠯᠤᠨ ᠤ ᠬᠤᠲᠠ ᠠᠭᠤᠵᠢᠮ ᠪᠦᠭᠡᠳ ᠬᠡᠮ ᠦᠭᠡᠢ ᠪᠠᠶᠢᠪᠠᠯ ᠲᠡᠷᠡ ᠠᠶᠢᠯ ᠬᠤᠨᠢ ᠨᠢ ᠦᠷᠡᠵᠢᠵᠦ ᠪᠠᠶᠠᠵᠢᠨ᠎ᠠ ᠭᠡᠲᠡᠭ ᠃ ᠲᠠᠯᠤᠨ ᠤ ᠬᠠᠮᠠᠷ ᠵᠤᠵᠠᠭᠠᠨ ᠪᠠᠶᠢᠪᠠᠯ ᠲᠡᠷᠡ ᠠᠶᠢᠯ ᠤᠯᠠᠨ ᠬᠡᠥᠬᠡᠳ ᠲᠠᠢ ᠪᠤᠯᠤᠨ᠎ᠠ ᠭᠡᠲᠡᠭ᠃ ᠲᠠᠯᠤᠨ ᠤ ᠬᠠᠮᠠᠷ ᠲᠠᠯ᠎ᠠ ᠶᠢᠨ ᠰᠡᠵᠢᠭᠦᠷ ᠨᠢᠮᠭᠡᠨ ᠪᠦᠭᠡᠳ ᠬᠤᠷᠴᠠ ᠢᠷ ᠲᠠᠢ ᠪᠠᠶᠢᠪᠠᠯ ᠲᠡᠷᠡ ᠠᠶᠢᠯ ᠤᠨ ᠠᠲᠤᠭᠤ ᠵᠢᠷᠤᠭ᠎ᠠ ᠤᠨᠠᠭᠠᠯᠠᠨ᠎ᠠ ᠭᠡᠲᠡᠭ᠃ ᠬᠠᠮᠠᠷ ᠤᠨ ᠨᠦᠬᠦᠭᠡ ᠲᠠᠯ᠎ᠠ ᠶᠢᠨ ᠬᠢᠷ᠎ᠡ ᠳᠠᠬᠢ ᠬᠠᠲᠤᠭᠤᠷ ᠱᠤᠭᠤᠮ ᠬᠦᠨ ᠪᠠᠶᠢᠪᠠᠯ ᠲᠡᠷᠡ ᠠᠶᠢᠯ ᠤᠨ ᠦᠬᠡᠷ ᠤᠨ ᠴᠤᠪᠤᠭ᠎ᠠ ᠶᠡᠭᠡ ᠪᠦᠭᠡᠳ ᠦᠬᠡᠷ ᠨᠢ ᠤᠯᠠᠰᠢᠷᠠᠨ᠎ᠠ ᠭᠡᠲᠡᠭ᠃ ᠲᠠᠯᠤᠨ ᠲᠤᠭᠤᠭ᠎ᠠ ᠨᠢ ᠲᠦᠭᠦᠷᠡᠩ ᠪᠠᠶᠢᠪᠠᠯ ᠢᠲᠡᠭᠡᠨ ᠤᠮᠲᠠᠭᠠᠨ ᠢᠶᠠᠷ ᠡᠯᠪᠡᠭ ᠭᠡᠲᠡᠭ᠃ ᠲᠤᠭᠤᠭᠠᠨ ᠤ ᠬᠠᠵᠠᠭᠤ ᠳᠠᠬᠢ ᠲᠤᠪᠤᠭᠤᠷ ᠨᠢ ᠦᠨᠲᠦᠷ ᠪᠠᠶᠢᠪᠠᠯ ᠲᠡᠷᠡ ᠠᠶᠢᠯ ᠤᠨ ᠤᠮᠤᠭ ᠨᠢ ᠶᠡᠭᠡ ᠭᠡᠬᠦ ᠪᠤᠶᠤ ᠡᠬᠡᠨᠡᠷ ᠨᠢ ᠲᠤᠭᠤᠭ᠎ᠠ ᠪᠠᠨ ᠦᠩᠬᠡᠶᠢᠵᠦ ᠪᠠᠶᠢᠨ᠎ᠠ᠂ ᠬᠠᠷᠠᠮᠴᠢ ᠠᠶᠢᠯ ᠭᠡᠬᠦ ᠮᠡᠲᠦ ᠶᠢᠨ ᠤᠯᠠᠨ ᠵᠦᠢᠯ ᠢᠶᠠᠷ ᠬᠡᠯᠡᠲᠡᠭ ᠶᠤᠮ᠃ ᠲᠠᠯᠤ ᠶᠠᠰᠤ ᠨᠡᠷ᠎ᠡ ᠤᠯᠠᠨ ᠪᠠᠶᠢᠪᠠᠴᠤ ᠬᠠᠮᠠᠷ ᠲᠠᠢ ᠲᠠᠯ᠎ᠠ ᠶᠢ ᠬᠠᠯᠠᠭᠤᠨ ᠲᠠᠯ᠎ᠠ᠂ ᠬᠠᠮᠠᠷ ᠦᠭᠡᠢ ᠲᠠᠯ᠎ᠠ ᠶᠢ ᠬᠦᠢᠲᠡᠨ ᠲᠠᠯ᠎ᠠ ᠭᠡᠵᠦ ᠬᠤᠶᠠᠷ ᠵᠦᠢᠯ ᠢᠶᠠᠷ ᠬᠤᠪᠢᠶᠠᠨ ᠰᠢᠨᠵᠢᠯᠡᠲᠡᠭ ᠵᠠᠩᠰᠢᠯ ᠲᠠᠢ᠃ ᠰᠢᠨᠵᠢᠬᠦ ᠳᠤ ᠬᠡᠷᠡᠭᠯᠡᠬᠦ ᠲᠠᠯᠤ ᠨᠢ ᠠᠷᠢᠭᠤᠨ ᠲᠠᠯᠤ ᠪᠠᠶᠢᠬᠤ ᠬᠡᠷᠡᠭᠲᠡᠢ ᠭᠡᠲᠡᠭ᠃ ᠭᠡᠮ ᠦᠭᠡᠢ ᠦᠪᠡᠷ ᠢᠶᠠᠨ ᠲᠦᠬᠦᠭᠡᠷᠡᠵᠦ ᠭᠠᠷᠭᠠᠭᠰᠠᠨ ᠲᠠᠯᠠᠯᠭ᠎ᠠ ᠪᠤᠶᠤ ᠲᠠᠬᠢᠯᠭ᠎ᠠ ᠶᠢᠨ ᠰᠢᠭᠦᠰᠤᠨ ᠤ ᠲᠠᠯᠤ᠂ ᠮᠢᠬ᠎ᠠ ᠶᠢ ᠨᠢ ᠰᠢᠲᠤ ᠪᠠᠷ ᠬᠡᠮᠯᠢᠭᠰᠡᠨ ᠦᠭᠡᠢ᠂ ᠬᠢᠲᠤᠭ᠎ᠠ ᠪᠠᠷ ᠰᠡᠪ ᠤᠷᠤᠭᠤᠯᠤᠭᠰᠠᠨ ᠦᠭᠡᠢ ᠲᠠᠯᠤ ᠶᠢ ᠴᠦᠮ ᠠᠷᠢᠭᠤᠨ ᠲᠠᠯᠤ ᠭᠡᠲᠡᠭ᠃ ᠡᠪᠡᠳᠴᠢᠨ ᠢᠶᠠᠷ ᠦᠬᠦᠭᠰᠡᠨ᠂ ᠴᠢᠨ᠋ᠸ᠎ᠠ ᠳᠤ ᠪᠠᠷᠢᠭᠲᠠᠭᠰᠠᠨ᠂ ᠤᠷᠤᠭ ᠬᠤᠷᠢᠮ  ᠳᠤ ᠬᠡᠷᠡᠭᠯᠡᠭᠰᠡᠨ᠂ ᠤᠯᠠᠨ ᠬᠦᠮᠦᠨ ᠤ ᠭᠠᠷ ᠲᠠᠮᠵᠢᠭᠰᠠᠨ ᠲᠠᠯᠤ ᠶᠢ ᠭᠡᠷᠡᠭᠯᠡᠲᠡᠭ ᠦᠭᠡᠢ ᠵᠠᠩᠰᠢᠯ ᠲᠠᠢ᠃ ᠵᠠᠷᠢᠮ ᠠᠶᠢᠯ ᠦᠪᠡᠷ ᠢᠶᠠᠨ ᠬᠡᠷᠡᠭᠯᠡᠬᠦ ᠪᠤᠶᠤ ᠪᠤᠰᠤᠳ ᠲᠤ ᠦᠭᠬᠦ ᠪᠠᠷ ᠪᠡᠯᠡᠳᠭᠡᠵᠦ ᠠᠷᠢᠭᠤᠨ ᠴᠡᠪᠡᠷ ᠲᠠᠯᠤ ᠮᠠᠰᠢ ᠠᠷᠪᠢᠨ ᠬᠠᠲᠠᠭᠠᠯᠠᠭᠰᠠᠨ ᠪᠠᠶᠢᠲᠠᠭ᠃ ᠲᠠᠯᠤ ᠶᠢ ᠰᠢᠲᠠᠭᠠᠬᠤ ᠦᠶ᠎ᠡ ᠳᠤ ᠲᠠᠯᠤ ᠰᠢᠡᠵᠢᠭᠴᠢ ᠨᠢ ᠠᠷᠢᠭᠤᠨ ᠴᠠᠭᠠᠨ ᠬᠢᠶᠠᠭ ᠡᠪᠡᠰᠤ ᠠᠪᠴᠢᠷᠠᠭᠠᠳ ᠲᠠᠯᠤ ᠶᠢᠨ ᠬᠠᠮᠠᠷ ᠤᠨ ᠲᠤᠲᠤᠷ᠎ᠠ ᠲᠠᠯ᠎ᠠ ᠪᠠᠷ ᠲᠠᠭᠠᠭᠤᠯᠤᠨ ᠨᠠᠭᠠᠯᠲᠤᠭᠤᠯᠵᠤ ᠲᠠᠯᠤ ᠶᠢᠨ ᠪᠠᠷᠢᠭᠤᠯ ᠠᠴᠠ ᠪᠠᠷᠢᠵᠤ ᠮᠠᠩᠨᠠᠢ ᠳᠠᠭᠠᠨ ᠡᠷᠭᠦᠨ ᠰᠢᠪᠰᠢᠯᠭᠡ ᠲᠠᠭᠠᠳᠬᠠᠯ ᠬᠢᠨ᠎ᠡ᠃ ᠢᠩᠬᠢᠭᠡᠳ ᠲᠤᠯᠭᠠᠨ ᠤ ᠠᠷᠭᠠᠯ ᠤᠨ ᠵᠦᠭᠡᠯᠡᠨ ᠭᠠᠯ ᠳᠤ ᠬᠦᠨᠲᠡᠢ ᠲᠠᠯᠪᠢᠵᠤ ᠰᠢᠲᠠᠭᠠᠨ᠎ᠠ᠃ ᠵᠠᠪᠠᠯ ᠲᠤᠯᠭᠠᠨ ᠤ ᠬᠤᠶᠢᠲᠤ ᠲᠠᠯ᠎ᠠ ᠠᠴᠠ ᠤᠷᠤᠭᠰᠢ ᠬᠠᠨᠲᠤᠭᠤᠯᠤᠨ ᠰᠢᠲᠠᠭᠠᠨ᠎ᠠ᠃ ᠲᠠᠯᠤ ᠰᠢᠲᠠᠵᠤ ᠪᠠᠶᠢᠬᠤ ᠦᠶ᠎ᠡ ᠳᠤ ᠬᠠᠮᠲᠤ ᠪᠠᠶᠢᠭ᠎ᠠ ᠬᠦᠮᠦᠰ ᠤᠨ ᠬᠡᠨ ᠨᠢ ᠴᠤ ᠭᠡᠰᠡᠨ ᠡᠯᠲᠡᠪ ᠦᠭᠡ ᠬᠡᠯᠡᠵᠤ ᠪᠤᠯᠲᠠᠭ ᠦᠭᠡᠢ ᠶᠤᠮ ᠭᠡᠨ᠎ᠡ᠃ ᠲᠠᠯᠤ ᠰᠢᠲᠠᠵᠤ ᠪᠠᠷᠠᠭᠰᠠᠨ ᠦᠭᠡᠢ ᠦᠶ᠎ᠡ ᠳᠤ ᠬᠠᠪᠴᠢᠭᠤᠷ ᠢᠶᠠᠷ ᠭᠦᠩᠭᠡᠭᠡᠨ ᠠᠪᠴᠦ᠂ ᠵᠠᠰᠠᠵᠤ ᠲᠡᠭᠰᠢᠯᠡᠭᠰᠡᠨ ᠦᠨᠡᠰᠦᠨ ᠲᠡᠭᠡᠷ᠎ᠡ ᠲᠠᠯᠪᠢᠭᠠᠳ ᠬᠦᠷᠦᠭᠡᠭᠰᠡᠨ ᠤ ᠲᠠᠷᠠᠭ᠎ᠠ ᠪᠠᠷᠢᠭᠤᠯ ᠠᠴᠠ ᠨᠢ ᠪᠠᠷᠢᠵᠤ ᠲᠠᠯᠤ ᠶᠢᠨ ᠰᠢᠲᠠᠵᠤ ᠬᠠᠭᠠᠷᠠᠭᠰᠠᠨ ᠵᠢᠷᠤᠭᠠᠰᠤ ᠶᠢ ᠦᠵᠡᠨ ᠰᠢᠨᠵᠢᠲᠡᠭ᠃       ᠮᠤᠩᠭᠤᠯᠴᠤᠳ ᠤᠨ ᠬᠤᠨᠢᠨ ᠲᠠᠯᠤ ᠶᠢᠨ ᠲᠤᠬᠠᠢ ᠶᠤᠰᠤ ᠵᠢᠷᠤᠮ ᠲᠤᠩ ᠤᠯᠠᠨ ᠪᠠᠶᠢᠲᠠᠭ ᠶᠤᠮ᠃ ᠵᠠᠷᠢᠮ ᠠᠶᠢᠯ ᠠᠯᠢ ᠨᠢᠭᠡ ᠲᠤᠷᠤᠢ ᠪᠠᠭᠤᠷᠠᠢ ᠤᠨᠠᠭ᠎ᠠ ᠲᠠᠭ᠎ᠠ ᠶᠢᠨ ᠮᠤᠨᠲᠠᠭ᠎ᠠ ᠳᠤ ᠬᠡᠲᠦ ᠬᠡᠲᠦᠨ ᠲᠠᠯᠤ ᠶᠢ ᠪᠠᠷᠢᠭᠤᠯ ᠠᠴᠠ ᠨᠢ ᠬᠡᠯᠬᠢᠵᠦ ᠵᠡᠭᠦᠯᠭᠡᠨ ᠲᠠᠯᠪᠢᠲᠠᠭ ᠪᠤᠢ᠃ ᠡᠨᠡ ᠨᠢ ᠠᠲᠤᠭᠤᠨ ᠰᠦᠷᠦᠭ ᠲᠤ ᠴᠢᠨ᠋ᠸ᠎ᠠ ᠬᠠᠯᠲᠠᠬᠤ ᠶᠢ ᠬᠤᠷᠢᠭᠯᠠᠲᠠᠭ ᠬᠡᠨ᠎ᠡ᠃ ᠵᠠᠷᠢᠮ ᠠᠶᠢᠯ ᠲᠠᠬᠢᠲᠠᠭ ᠰᠠᠭᠯᠠᠭᠠᠷ ᠮᠤᠲᠤᠨ ᠳᠠᠭᠠᠨ ᠠᠷᠢᠭᠤᠨ ᠲᠠᠯᠤ ᠭᠡᠵᠦ ᠤᠶᠠᠵᠤ ᠲᠠᠯᠪᠢᠲᠠᠭ ᠴᠤ ᠪᠤᠢ᠃ ᠵᠠᠷᠢᠮ ᠠᠶᠢᠯ ᠬᠦᠨᠲᠦᠲᠤ ᠵᠤᠴᠢᠨ ᠢᠷᠡᠪᠡᠯ ᠲᠠᠯᠤ᠂ ᠲᠦᠷᠪᠡᠨ ᠦᠨᠲᠦᠷ ᠬᠠᠪᠢᠰᠤ ᠴᠢᠨᠠᠵᠤ ᠦᠭᠲᠡᠭ ᠴᠤ ᠪᠤᠢ᠃ ᠡᠨᠡ ᠨᠢ ᠬᠤᠨᠢᠨ ᠤ ᠤᠭᠤᠴᠠ ᠪᠠᠷ ᠲᠠᠶᠢᠯᠠᠭᠰᠠᠨ ᠲᠠᠢ ᠲᠡᠩᠴᠡᠲᠡᠭ ᠭᠡᠨ᠎ᠡ᠃ ᠲᠠᠯᠤ ᠶᠢᠨ ᠲᠤᠬᠠᠢ ᠴᠡᠭᠡᠷᠯᠡᠬᠦ ᠵᠦᠢᠯ ᠴᠤ ᠤᠯᠠᠨ ᠪᠤᠢ᠂ ᠵᠢᠭᠡ ᠬᠦᠮᠦᠨ ᠨᠠᠭᠠᠴᠤ ᠶᠢᠨ ᠲᠡᠷᠭᠡᠲᠡ ᠲᠠᠯᠤ ᠪᠠᠷᠢᠵᠤ ᠪᠤᠯᠲᠠᠭ ᠦᠭᠡᠢ ᠃ ᠲᠠᠯᠤᠨ ᠮᠢᠬ᠎ᠠ ᠶᠢ ᠭᠠᠭᠴᠠᠭᠠᠷ ᠢᠲᠡᠵᠦ ᠪᠤᠯᠲᠠᠭ ᠦᠭᠡᠢ᠂ ᠵᠠᠪᠠᠯ ᠪᠤᠰᠤᠳ ᠲᠤ ᠲᠠᠯᠤᠨ ᠤ ᠬᠠᠭᠤᠲᠠᠰᠤ ᠭᠡᠵᠦ ᠦᠭᠬᠦᠨ ᠬᠤᠪᠢᠶᠠᠵᠤ ᠢᠲᠡᠬᠦ ᠬᠡᠷᠡᠭᠲᠡᠢ᠃ ᠲᠠᠯᠤᠨ ᠤ ᠶᠠᠰᠤ ᠶᠢ ᠬᠠᠶᠠᠬᠤ ᠳᠤ ᠡᠪᠲᠡᠯᠡᠵᠤ ᠬᠠᠶᠠᠬᠤ ᠬᠡᠷᠡᠭᠲᠡᠢ ᠭᠡᠬᠦ ᠮᠡᠲᠦ ᠭᠠᠵᠠᠷ ᠭᠠᠵᠠᠷ ᠤᠨ ᠠᠲᠠᠯᠢ ᠪᠤᠰᠤ ᠵᠠᠩᠰᠢᠯ ᠪᠠ ᠲᠠᠯᠤᠨ ᠤ ᠲᠤᠬᠠᠢ ᠲᠤᠮᠤᠭ ᠦᠯᠢᠭᠡᠷ ᠤᠯᠠᠨ ᠪᠠᠶᠢᠲᠠᠭ ᠪᠢᠯᠡ            ︵ᠤᠷᠳᠤᠰ ᠮᠤᠩᠭᠤᠯ ᠰᠦᠯᠵᠢᠶ᠎ᠠ︶    
 
ᠢᠷᠡᠯᠲᠡ᠄ ︵ᠤᠷᠳᠤᠰ ᠮᠤᠩᠭᠤᠯ ᠰᠦᠯᠵᠢᠶ᠎ᠠ︶
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号