ᠰᠢᠨ᠎ᠡ ᠡᠬᠦᠳᠦᠭᠰᠡᠨ ᠡᠷᠦᠬᠡ ᠭᠤᠯᠣᠮᠳᠠ ᠶᠢᠨ ᠢᠷᠦᠬᠡᠯ
ᠨᠡᠶᠢᠲᠡᠯᠡᠭᠰᠡᠨ ᠴᠠᠭ᠄
2016/9/5
ᠤᠸᠠ ᠰᠤᠸᠠᠰᠳᠢ᠃ ᠬᠠᠮᠤᠬ ᠪᠤᠷᠬᠠᠨ ᠪᠤᠳᠢᠰᠠᠳ᠋ᠸ᠎ᠠ ᠳᠤᠷ ᠮᠦᠷᠬᠦᠮᠦ᠃ ᠬᠠᠴᠠᠪᠴᠢᠨ ᠳᠡᠭᠡᠷ᠎ᠡ ᠴᠢᠨᠤ ᠬᠠᠨ ᠮᠥᠩᠬᠡ ᠲᠡᠭᠷᠢ ᠡᠵᠡᠯᠡᠨ ᠰᠠᠭᠤᠳᠤᠭᠠᠢ᠃ ᠬᠠᠮᠤᠬ ᠶᠡᠭᠡ ᠪᠠᠭ᠎ᠠ ᠤᠯᠤᠰ ᠢᠷᠭᠡᠨ ᠠᠳᠠ ᠬᠤᠷᠠᠨ ᠢᠷᠡᠳᠥᠭᠡᠢ᠃ ᠡᠬᠦᠳᠡᠨ ᠳᠡᠭᠡᠷ᠎ᠡ ᠴᠢᠨᠤ ᠡᠬᠦᠳᠦᠭᠰᠡᠨ ᠮᠥᠩᠬᠡ ᠲᠡᠭᠷᠢ ᠡᠵᠡᠯᠡᠨ ᠰᠠᠭᠤᠳᠤᠭᠠᠢ᠃ ᠡᠳᠦᠨ ᠪᠥᠬᠦᠳᠡ ᠤᠯᠤᠰ ᠢᠷᠭᠡᠨ ᠠᠳᠡ ᠬᠤᠷᠠᠨ ᠢᠷᠡᠳᠦᠭᠡᠢ᠃ ᠡᠬᠦᠯᠡᠨ ᠤ ᠴᠢᠯᠦᠭᠡ ᠪᠠᠷ ᠭᠠᠷᠤᠬᠰᠠᠨ ᠨᠠᠷᠨ ᠮᠡᠳᠦ ᠤᠷᠭᠤᠳᠤᠭᠠᠢ᠃ ᠡᠳᠦᠭᠡᠨ ᠡᠭᠡ ᠶᠢᠨ ᠡᠷᠦᠭᠡ ᠪᠠᠷ ᠤᠷᠭᠤᠬᠰᠠᠨ ᠴᠡᠴᠡᠭ ᠮᠡᠳᠦ ᠪᠠᠶᠠᠵᠢᠨ ᠳᠡᠯᠭᠡᠷᠡᠳᠦᠭᠡᠢ᠃ ᠡᠬᠦᠷᠢᠳᠡ ᠬᠢᠴᠢᠶᠠᠨ ᠪᠠᠷᠢᠬᠰᠠᠨ ᠤᠷᠳᠤ ᠴᠠᠭᠠᠨ ᠭᠡᠷ ᠴᠢᠨᠢ ᠪᠠᠳᠤ ᠪᠤᠯᠳᠤᠭᠠᠢ᠃ ᠥᠨᠢᠳᠡ ᠰᠠᠭᠤᠬᠴᠢ ᠡᠵᠡᠨ ᠨᠢ ᠮᠥᠩᠬᠡ ᠵᠢᠷᠭᠠᠨ ᠵᠠᠶᠠᠭᠠᠨ ᠠᠳᠤᠭᠠᠢ᠃ ᠪᠠᠷᠠᠭᠤᠨᠳᠠ ᠴᠢᠨᠤ ᠪᠠᠳᠮ᠎ᠠ ᠰᠠᠮᠪᠠᠸ᠎ᠠ ᠪᠠᠭᠰᠢ ᠡᠵᠡᠯᠡᠨ ᠰᠠᠭᠤᠳᠤᠭᠠᠢ᠃ ᠪᠠᠭ᠎ᠠ ᠶᠡᠭᠡ ᠤᠯᠤᠰ ᠢᠷᠭᠡᠨ ᠠᠳᠡ ᠬᠤᠷᠠᠨ ᠢᠷᠡᠳᠦᠭᠡᠢ᠃ ᠪᠠᠭᠠᠳᠤᠷ ᠠᠤᠭ᠎ᠠ ᠬᠦᠴᠦᠲᠦ ᠪᠤᠯᠵᠤ ᠪᠠᠭ᠎ᠠ ᠶᠡᠭᠡ ᠶᠢᠨ ᠠᠬ᠎ᠠ ᠪᠤᠯᠤᠨ ᠰᠠᠭᠤᠳᠤᠭᠠᠢ᠃ ᠪᠠᠶᠢᠭᠤᠯᠤᠨ ᠪᠠᠷᠢᠬᠰᠠᠨ ᠤᠷᠳᠤ ᠴᠠᠭᠠᠨ ᠭᠡᠷ ᠴᠢᠨᠤ ᠪᠠᠳᠤ ᠪᠤᠯᠳᠤᠭᠠᠢ᠃ ᠪᠠᠳᠤᠳᠠ ᠰᠠᠭᠤᠬᠴᠢ ᠡᠵᠡᠨ ᠨᠢ ᠮᠥᠩᠬᠡ ᠵᠢᠷᠭᠠᠨ ᠵᠠᠶᠠᠭᠠᠨ ᠠᠳᠤᠭᠠᠢ᠃ ᠬᠤᠶᠢᠮᠤᠷ ᠴᠢᠨᠤ ᠬᠤᠩᠰᠢᠮ ᠪᠤᠳᠢᠰᠠᠳ᠋ᠸ᠎ᠠ ᠡᠵᠡᠯᠡᠨ ᠰᠠᠭᠤᠳᠤᠭᠠᠢ᠃ ᠬᠤᠯᠠ ᠤᠶᠢᠷ᠎ᠠ ᠶᠢᠨ ᠤᠯᠤᠰ ᠢᠷᠭᠡᠨ ᠠᠳᠡ ᠬᠤᠷᠠᠨ ᠴᠡᠩᠬᠡᠳᠦᠭᠡᠢ᠃ ᠬᠤᠷᠢᠶ᠎ᠠ ᠬᠥᠷᠢᠶ᠎ᠡ ᠴᠢᠨᠤ ᠥᠷᠭᠡᠵᠢᠨ ᠳᠡᠯᠭᠡᠷᠡᠳᠦᠭᠡᠢ᠃ ᠬᠤᠳᠠᠯᠠ ᠶᠢᠨ ᠪᠤᠶᠠᠨ ᠭᠡᠰᠢᠭ ᠠᠳᠡ ᠳᠤᠬᠳᠠᠳᠤᠭᠠᠢ᠃ ᠬᠤᠤᠰᠯᠠᠨ ᠪᠠᠷᠢᠬᠰᠠᠨ ᠤᠷᠳᠤ ᠴᠠᠭᠠᠨ ᠭᠡᠷ ᠴᠢᠨᠤ ᠪᠠᠳᠤ ᠪᠤᠯᠳᠤᠭᠠᠢ᠃ ᠬᠤᠳᠠᠯᠳᠠ ᠰᠠᠭᠤᠬᠴᠢ ᠡᠵᠡᠨ ᠨᠢ ᠮᠥᠩᠬᠡ ᠵᠢᠷᠭᠠᠨ ᠵᠠᠶᠠᠭᠠᠨ ᠠᠳᠤᠭᠠᠢ᠃ ᠵᠡᠬᠦᠨᠳᠡ ᠴᠢᠨᠤ ᠬᠥᠭᠡ ᠮᠥᠩᠬᠡ ᠲᠡᠭᠷᠢ ᠡᠵᠡᠯᠡᠨ ᠰᠠᠭᠤᠳᠤᠭᠠᠢ᠃ ᠬᠦᠳᠡᠯᠬᠦ ᠶᠡᠭᠡ ᠪᠠᠭ᠎ᠠ ᠤᠯᠤᠰ ᠢᠷᠭᠡᠨ ᠠᠳᠡ ᠬᠤᠷᠠᠨ ᠢᠷᠡᠳᠦᠭᠡᠢ᠃ ᠬᠦᠪᠡᠬᠦᠳ ᠥᠬᠢᠳ ᠢᠶᠠᠷ ᠢᠶᠠᠨ ᠳᠡᠬᠦᠷᠡᠨ ᠬᠤᠷᠠᠳᠤᠭᠠᠢ᠃ ᠬᠥᠷ ᠨᠠᠭᠠᠳᠤᠮ ᠢᠶᠠᠷ ᠴᠡᠩᠬᠡᠯᠳᠦᠨ ᠵᠢᠷᠭᠠᠳᠤᠭᠠᠢ᠃ ᠬᠦᠪᠡᠭᠡᠯᠡᠨ ᠪᠠᠷᠢᠬᠰᠠᠨ ᠤᠷᠳᠤ ᠴᠠᠭᠠᠨ ᠭᠡᠷ ᠴᠢᠨᠤ ᠪᠠᠳᠤ ᠪᠤᠯᠳᠤᠭᠠᠢ᠃ ᠬᠦᠳᠡᠯᠦᠰᠢ ᠦᠭᠡᠢ ᠰᠠᠭᠤᠬᠴᠢ ᠡᠵᠡᠨ ᠨᠢ ᠮᠥᠩᠬᠡ ᠵᠢᠷᠭᠠᠨ ᠵᠠᠶᠠᠭᠠᠨ ᠠᠳᠤᠭᠠᠢ᠃ ᠳᠡᠭᠡᠷ᠎ᠡ ᠲᠡᠭᠷᠢ ᠠᠴᠠ ᠳ᠋ᠠᠯᠪᠠᠨ ᠴᠢᠨᠠᠭᠡᠨ᠃ ᠳᠤᠤᠷ᠎ᠠ ᠡᠳᠦᠭᠡᠨ ᠠᠴᠠ ᠠᠯᠪᠠᠨᠠ ᠴᠢᠨᠠᠭᠡᠨ ᠳᠤᠯᠤᠢ ᠡᠵᠡᠨ ᠤ ᠦᠷ᠎ᠠ ᠵᠢᠩᠨᠠᠮᠠ ᠭᠡᠷ ᠢᠶᠠᠨ ᠪᠠᠷᠢᠨ ᠰᠠᠭᠤ᠃ ᠵᠢᠷᠪᠡᠭᠡᠨᠠᠮᠠ ᠪᠠᠷᠠᠭᠠᠨ ᠢᠶᠠᠨ ᠬᠤᠷᠢᠶᠠᠨ ᠰᠠᠭᠤ᠃ ᠠᠯᠳᠠᠨ ᠸᠠᠴᠢᠷ ᠬᠠᠳᠬᠤᠨ ᠰᠠᠭᠤ᠃ ᠠᠷᠠᠴᠠ ᠠᠷᠢᠬᠢ ᠪᠠᠷ ᠮᠢᠯᠢᠶᠡᠨ ᠰᠠᠭᠤ᠃ ᠥᠷᠢᠶᠠᠨ ᠤᠯᠠᠨ ᠮᠤᠷᠢᠨ ᠢᠶᠠᠨ ᠤᠨᠤᠨ ᠵᠢᠷᠭ᠎ᠠ᠃ ᠥᠷᠭᠡᠨ ᠬᠥᠰᠢᠭᠡ ᠪᠠᠨ ᠳᠡᠳᠡᠨ ᠵᠢᠷᠭ᠎ᠠ᠃ ᠥᠬᠢᠳ ᠬᠥᠪᠡᠬᠦᠳ ᠢᠶᠠᠷ ᠢᠶᠠᠨ ᠳᠠᠬᠢᠯ ᠳᠠᠪᠠᠬ ᠢ ᠳᠠᠯᠪᠢᠭᠤᠯᠤᠨ ᠵᠢᠷᠭ᠎ᠠ᠃ ᠦᠳᠡ ᠰᠠᠶᠢᠳ ᠢᠶᠠᠷ ᠢᠶᠠᠨ ᠦᠴᠢᠭ ᠬᠡᠯᠡᠬᠦᠯ ᠤᠨ ᠵᠢᠷᠭ᠎ᠠ ᠡᠶᠢᠨ ᠵᠢᠷᠭᠠᠬᠤ ᠪᠤᠯᠳᠤᠭᠠᠢ᠃ ᠳᠡᠭᠡᠷ᠎ᠡ ᠶᠠᠷᠠᠨ ᠶᠢᠰᠦᠨ ᠮᠥᠩᠬᠡ ᠲᠡᠭᠷᠢ ᠠᠴᠠ ᠪᠤᠯᠤᠳ ᠬᠡᠳᠠ ᠪᠠᠷᠢᠨ ᠪᠤᠳᠢᠰᠤᠩ ᠬᠦᠪᠡᠬᠦᠳ ᠳᠥᠷᠦᠨ ᠤᠶᠢᠭᠤᠷ ᠮᠤᠳᠤᠨ ᠳᠤᠷ ᠤᠩᠭᠤᠳᠬᠠᠨ ᠤᠯᠤᠰ ᠮᠤᠩᠭᠤᠯ ᠳᠠᠭᠠᠨ ᠳᠠᠷᠬᠠᠭᠠᠨ ᠰᠠᠭᠤ᠃ ᠬᠠᠨ ᠡᠴᠢᠭᠡ ᠶᠢᠨ ᠴᠠᠬᠢᠬᠰᠠᠨ ᠬᠠᠳᠤᠨ ᠡᠬᠡ ᠶᠢᠨ ᠦᠯᠢᠶᠡᠭᠰᠡᠨ ᠪᠤᠯᠤᠳ ᠬᠡᠳᠡᠨ ᠡᠴᠢᠭᠡ ᠲᠤ ᠬᠡᠯᠳᠡᠭᠡᠢ ᠬᠤᠮᠤᠭᠤᠯ ᠬᠤᠨᠤᠯᠭᠠᠳᠤ ᠬᠠᠷᠠᠩᠭᠤᠢ ᠶᠢ ᠭᠡᠶᠢᠭᠦᠯᠦᠭᠴᠢ ᠬᠠᠳᠠᠭᠤ ᠶᠢ ᠵᠥᠭᠡᠯᠡᠳᠭᠡᠭᠴᠢ ᠭᠠᠯ ᠤᠨ ᠬᠠᠨ ᠮᠢᠷᠠᠨᠽᠠ ᠤᠳᠬᠠᠨ ᠭᠠᠯᠠᠬᠠᠨ᠃ ᠲᠥᠪ ᠶᠡᠭᠡ ᠲᠥᠷᠦ ᠶᠢ ᠴᠢᠨᠤ ᠳᠡᠮᠤᠷ ᠢᠶᠠᠷ ᠬᠠᠳᠠᠳᠤᠭᠠᠢ᠃ ᠲᠥᠷᠦᠭᠰᠡᠨ ᠪᠡᠶ᠎ᠡ ᠶᠢ ᠴᠢᠨᠤ ᠮᠥᠩᠬᠡ ᠪᠠᠷ ᠬᠠᠳᠠᠳᠤᠭᠠᠢ᠃ ᠡᠩᠬᠡ ᠶᠡᠭᠡ ᠲᠥᠷᠦ ᠶᠢ ᠴᠢᠨᠤ ᠡᠷᠳᠡᠨᠢ ᠪᠠᠷ ᠬᠠᠳᠠᠳᠤᠭᠠᠢ᠃ ᠡᠨᠡ ᠪᠡᠶ᠎ᠡ ᠶᠢ ᠴᠢᠨᠤ ᠮᠥᠩᠬᠡ ᠪᠠᠷ ᠬᠠᠳᠠᠳᠤᠭᠠᠢ᠃ ᠬᠤᠳᠤᠬ ᠲᠤ ᠲᠡᠭᠷᠢ ᠠᠴᠠ ᠬᠤᠪᠢᠯᠭᠠᠨ ᠢᠶᠠᠷ ᠪᠥᠳᠦᠭᠰᠡᠨ᠃ ᠳᠡᠮᠦᠵᠢᠨ ᠴᠢᠩᠬᠢᠰ ᠬᠠᠭᠠᠨ ᠴᠢᠬᠤᠯᠳᠠᠷ ᠴᠤᠯᠤᠳᠠᠢ ᠴᠠᠮᠤᠢ ᠨᠡᠷᠡᠲᠦ ᠠᠪᠠᠭ᠋ᠠᠢ ᠪᠠᠷᠢ ᠶᠢ ᠵᠤᠬᠢᠶᠠᠵᠤ ᠢᠷᠡᠵᠦ ᠮᠥᠷᠬᠦᠨ ᠰᠥᠬᠦᠳᠦᠨ ᠰᠠᠭᠤᠬᠤ ᠲᠥᠷᠦ ᠶᠤᠰᠤᠨ ᠡᠨᠡ ᠪᠢᠯᠠ᠃ ᠡᠷᠭᠡᠲᠦ ᠳᠡᠭᠷᠢ ᠠᠴᠠ ᠡᠳᠦᠬᠦᠯᠦᠨ ᠲᠥᠷᠦᠭᠰᠡᠨ ᠶᠢᠰᠦᠭᠡᠢ ᠪᠠᠭᠠᠳᠤᠷ ᠡᠴᠢᠭᠡ ᠳᠡᠭᠡᠨ ᠥᠬᠡᠯᠦᠨ ᠬᠠᠳᠤᠨ ᠡᠭᠡ ᠳᠡᠭᠡᠨ ᠮᠥᠷᠬᠦᠨ ᠰᠥᠬᠦᠳᠦᠨ ᠰᠠᠭᠤᠬᠤ᠃ ᠲᠥᠷᠦ ᠶᠢᠨ ᠶᠤᠰᠤᠨ ᠡᠨᠡ ᠪᠢᠯᠠ᠃
 
ᠢᠷᠡᠯᠲᠡ᠄ ᠠᠶᠢᠮᠠᠭ ᠤᠨ ᠵᠠᠰᠠᠭ ᠤᠨ ᠶᠠᠪᠣᠳᠠᠯ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号