ᠶᠢᠰᠣ ᠡᠬᠢᠯᠡᠬᠦ ᠶᠢᠨ ᠳᠣᠬᠠᠢ ᠵᠠᠩᠰᠢᠯ ᠭᠡᠯᠡᠯᠭᠡ
ᠨᠡᠶᠢᠲᠡᠯᠡᠭᠰᠡᠨ ᠴᠠᠭ᠄
2017/1/6
       ᠡᠪᠤᠯ ᠤᠨ ᠲᠦᠢᠯ ᠪᠤᠯᠬᠤ ᠭᠡᠳᠡᠭ᠃ ᠪᠢᠯᠢᠭ ᠤᠨ ᠣᠯᠠᠷᠢᠯ ᠤᠨ ᠠᠷᠪᠠᠨ ᠨᠢᠭᠡᠨ ᠰᠠᠷ᠎ᠠ ᠶᠢᠨ ᠳᠣᠮᠳᠠ ᠣᠯᠠᠷᠢᠯ᠂ ᠠᠷᠭ᠎ᠠ ᠶᠢᠨ ᠣᠯᠠᠷᠢᠯ ᠤᠨ 12 ᠳ᠋ᠣᠭᠠᠷ ᠰᠠᠷ᠎ᠠ ᠶᠢᠨ 21 ᠪᠤᠶᠤ 23 ᠤ ᠡᠳᠦᠷ ᠠᠴᠠ ᠡᠬᠢᠯᠡᠨ᠎ᠡ᠃ ᠡᠨᠡ ᠤᠯᠠᠷᠢᠯ ᠠᠴᠠ ᠡᠬᠢᠯᠡᠵᠤ ᠶᠢᠰᠣ ᠡᠬᠢᠯᠡᠨ᠎ᠡ᠃ ᠮᠠᠯᠴᠢᠳ ︽ᠶᠢᠰᠣ ᠣᠷᠣᠪᠠᠯ ᠨᠢᠭᠡ ᠨᠠᠰᠣ ᠨᠡᠮᠡᠭᠳᠡᠨ᠎ᠡ︾᠂ ︽ᠶᠢᠰᠣ ᠡᠬᠢᠯᠡᠪᠡᠯ ᠴᠠᠭ ᠨᠠᠰᠢ ᠪᠠᠨ᠂ ᠹᠦ᠋ ᠡᠬᠢᠯᠡᠪᠡᠯ ᠴᠠᠭ ᠴᠠᠰᠢ ᠪᠠᠨ︾ ᠭᠡᠯᠴᠡᠳᠡᠭ᠃ ᠠᠷᠢᠶᠠᠳᠠᠨ ᠠᠮᠢᠳᠠᠨ ᠤ ᠦᠰᠣ ᠮᠠᠰᠢ ᠰᠠᠶᠢᠨ ᠪᠤᠯᠤᠨ᠎ᠠ᠃ ᠶᠡᠭᠡ ᠳᠠᠯᠠᠢ ᠠᠴᠠ ᠪᠣᠰᠣᠳ ᠭᠤᠤᠯ ᠮᠦᠷᠡᠨ᠂ ᠨᠠᠭᠤᠷ ᠴᠦᠮ ᠬᠦᠯᠳᠡᠨ᠎ᠡ᠃ ᠪᠤᠯᠠᠭ ᠤᠨ ᠣᠰᠣ ᠳᠠᠪᠠᠯᠳᠠᠭ᠃ ᠵᠢᠯ ᠵᠢᠯ ᠤᠨ ᠡᠪᠤᠯ ᠳᠤ ᠶᠡᠭᠡ ᠬᠦᠢᠳᠡᠨ ᠡᠬᠢᠯᠡᠬᠦ ᠳᠤ ᠮᠤᠩᠭᠤᠯᠴᠣᠳ ᠶᠢᠰᠣ ᠡᠬᠢᠯᠡᠵᠤ ᠪᠤᠢ ᠭᠡᠵᠤ  ᠬᠡᠯᠡᠳᠡᠭ᠃ ᠶᠢᠰᠣ ᠡᠬᠢᠯᠡᠭᠰᠡᠨ ᠡᠳᠣᠷ ᠠᠴᠠ ᠡᠬᠢᠯᠡᠵᠤ᠂ ᠵᠢᠯ ᠤᠨ ᠦᠩᠭᠡ ᠰᠣᠯᠢᠭᠳᠠᠨ ᠨᠠᠷᠠᠨ ᠳᠣᠭᠳᠠᠵᠣ᠂ ᠡᠳᠣᠷ ᠨᠢ ᠡᠳᠣᠷ ᠪᠦᠷᠢ ᠨᠢᠭᠡ ᠮᠦᠬᠦᠯᠢᠭ ᠲᠠᠷᠢᠶᠠᠨ ᠤ ᠴᠢᠨᠡᠭᠡᠨ ᠤᠷᠳᠤᠳᠠᠳᠠᠭ ᠭᠡᠵᠣ ᠭᠡᠯᠡᠳᠡᠭ᠃ ᠳᠡᠭᠡᠭᠡᠳ ᠡᠨᠡ ᠡᠳᠣᠷ ᠭᠡᠷ ᠣᠷᠣᠨ ᠤ ᠪᠠᠨ ᠰᠢᠷᠦᠢ ᠳᠣᠭᠤᠰᠣ ᠶᠢ ᠬᠦᠪᠢᠵᠤ᠂ ᠬᠤᠪᠴᠠᠰᠣ ᠬᠤᠨᠠᠷ ᠤᠨ ᠢᠶᠠᠨ ᠭᠭᠢᠷ ᠢ ᠴᠡᠪᠡᠷᠯᠡᠨ᠂ ᠪᠤᠶᠠᠨ ᠭᠡᠰᠢᠭ ᠲᠠᠢ ᠰᠢᠨ᠎ᠡ ᠣᠯᠠᠷᠢᠯ ᠳᠠᠭᠠᠨ ᠣᠷᠣᠯ᠎ᠠ ᠭᠡᠳ ᠪᠣᠣᠰᠠ ᠬᠤᠭᠤᠯᠠ ᠪᠠᠨ ᠬᠢᠵᠤ ᠢᠳᠡᠳᠡᠭ ᠵᠠᠩᠰᠢᠯ ᠲᠠᠢ ᠃ ᠪᠠᠰᠠ ᠶᠢᠰᠣ ᠶᠢᠨ ᠳᠣᠬᠠᠢ ᠣᠯᠠᠨ ᠵᠦᠢᠯ ᠤᠨ ᠬᠡᠯᠡ ᠬᠡᠯᠡᠯᠴᠡᠭᠡ ᠲᠠᠢ ᠪᠠᠶᠢᠳᠠᠭ᠃ ᠭᠤᠷᠪᠠᠨ ᠶᠢᠰᠤ ᠢᠷᠡᠬᠦ ᠳᠤ ︽ᠲᠡᠮᠣᠷ ᠦᠨᠳᠡᠭᠡᠨ ᠪᠠᠯᠪᠠ ᠬᠦᠷᠦᠵᠤ᠂ ᠲᠡᠮᠡᠭᠡᠨ ᠤ ᠰᠡᠬᠦᠯ ᠳᠡᠰ ᠬᠦᠷᠦᠳᠡᠭ︾ ᠭᠡᠳ ᠬᠤᠪᠴᠠᠰᠣ ᠬᠤᠨᠠᠷ ᠢᠶᠠᠨ  ᠵᠤᠵᠠᠭᠠᠯᠠᠵᠤ ᠡᠮᠣᠰᠣᠭᠡᠳ᠂ ᠬᠠᠰᠢᠶ᠎ᠠ ᠬᠦᠷᠢᠶ᠎ᠡ ᠪᠠᠨ ᠰᠡᠯᠪᠢᠵᠤ᠂ ᠳᠦᠯ ᠮᠠᠯ ᠢᠶᠠᠨ ᠳᠣᠯᠠᠭᠠᠯᠠᠵᠤ ᠪᠠᠶᠢᠳᠠᠭ᠃ ︽ᠳᠠᠪᠤᠨ ᠶᠢᠰᠣ ᠦᠩᠭᠡᠷᠡᠬᠦᠯᠡᠷ ᠳᠠᠪᠠᠭ ᠲᠠᠢ ᠮᠢᠬᠠᠨ ᠬᠦᠷᠦᠳᠡᠭ ᠦᠭᠡᠢ︾ ᠭᠡᠳ ᠬᠦᠢᠳᠡᠨ ᠦᠨᠳᠦᠰᠦᠨ ᠳᠡᠭᠡᠨ ᠨᠠᠮᠵᠢᠯ᠎ᠠ ᠭᠡᠵᠤ ᠦᠵᠡᠳᠡᠭ᠃         ᠶᠢᠰᠣ ᠡᠬᠢᠯᠡᠬᠦ ᠳᠤ ᠶᠢᠰᠣᠨ ᠶᠢᠰᠣ ᠶᠢᠨ ᠨᠠᠶᠠᠨ ᠨᠢᠭᠡᠨ ᠨᠠᠰᠣᠳᠠᠢ ᠨᠠᠰᠣᠳᠠᠨ ᠳᠤ ᠳᠡᠮᠡᠭᠡᠨ ᠤ ᠨᠣᠣᠰᠣᠨ ᠬᠠᠨᠵᠢᠶᠠᠷ ᠡᠮᠣᠰᠭᠡᠵᠤ᠂ ᠬᠤᠷᠢᠰᠬ᠎ᠠ ᠮᠡᠳᠣ ᠨᠢᠯᠬ᠎ᠠ ᠮᠠᠯ ᠤᠨ ᠠᠷᠠᠰᠣ ᠪᠠᠷ ᠨᠢᠷᠤᠭᠤ ᠭᠡᠳᠡᠰᠣ ᠶᠢᠨ ᠪᠣᠭᠤᠳᠠᠭ ᠣᠶᠣᠵᠣ ᠪᠦᠰᠡᠯᠡᠬᠦᠯᠵᠤ᠂ ᠨᠠᠰᠣᠳᠠᠨ ᠢᠶᠠᠨ ᠰᠠᠶᠢᠨ ᠳᠣᠯᠠᠭᠠᠯᠠᠨ᠂ ᠬᠦᠢᠳᠡᠨ ᠪᠤᠯᠵᠤ ᠨᠠᠰᠣᠳᠠᠢ ᠬᠦᠮᠦᠨ ᠬᠦᠯᠳᠡᠵᠣ ᠳᠠᠭᠠᠷᠠᠭᠠᠳ ᠡᠪᠡᠳᠴᠢᠯᠡᠬᠦ ᠶᠢ ᠬᠢᠴᠢᠶᠡᠨ᠎ᠡ᠃ ᠰᠡᠳᠬᠢᠯ ᠰᠠᠨᠠᠭᠠᠨ ᠤ ᠳᠠᠯ᠎ᠠ ᠪᠠᠷ ᠪᠠᠰᠠ ᠪᠠᠶᠠᠷᠯᠠᠭᠤᠯᠵᠤ᠂ ︽ᠶᠢᠰᠣ ᠡᠬᠢᠯᠡᠯ᠎ᠡ᠂ ᠲᠠ ᠶᠡᠷᠡᠨ ᠨᠠᠰᠣ ᠬᠦᠷᠦᠯ᠎ᠡ ᠰᠢᠣ︾ ᠭᠡᠵᠤ᠂ ᠨᠠᠶᠠᠨ ᠨᠢᠭᠡᠨ ᠨᠠᠰᠣ ᠶᠢ ᠨᠢ ᠵᠠᠶᠢᠯᠠᠭᠤᠯᠵᠤ ᠭᠡᠯᠡᠨ᠎ᠡ᠃ ᠬᠦᠭᠰᠢᠨ ᠬᠦᠮᠦᠨ ᠭᠡᠤᠭᠡᠳ ᠬᠤᠶᠠᠷ ᠠᠳᠠᠯᠢ ᠰᠡᠳᠬᠢᠴᠡ ᠲᠠᠢ ᠪᠤᠯᠳᠠᠭ ᠭᠡᠵᠤ ᠦᠵᠡᠳᠡᠭ ᠪᠤᠯᠬᠤᠷ ᠨᠠᠶᠠᠨ ᠨᠢᠭᠡᠨ  ᠨᠠᠰᠣᠳᠠᠢ ᠳᠠᠭᠠᠨ ᠦᠬᠦᠵᠤ ᠦᠷ᠎ᠡ ᠬᠤᠶᠢᠴᠢᠰ ᠲᠠᠭᠠᠨ ᠭᠠᠢ ᠳᠠᠷᠢᠬᠤ ᠪᠤᠢ ᠭᠡᠵᠤ ᠠᠶᠤᠵᠤ ᠪᠠᠶᠢᠭᠰᠠᠨ ᠨᠠᠰᠣᠳᠠᠨ ︽ᠠ᠂ ᠪᠢ ᠶᠡᠷᠡᠨ ᠨᠠᠰᠣ ᠬᠦᠷᠦᠯ᠎ᠡ︾ ᠭᠡᠵᠤ ᠪᠠᠶᠠᠷᠯᠠᠵᠤ᠂ ᠦᠬᠦᠬᠦ ᠠᠳᠡᠬᠦ ᠠᠴᠠ ᠠᠶᠤᠬᠤ ᠦᠭᠡᠢ ᠪᠤᠯᠳᠠᠭ ᠭᠡᠨ᠎ᠡ᠃ ᠶᠢᠰᠣ ᠡᠬᠢᠯᠡᠭᠰᠡᠨ ᠳᠤ ᠡᠳᠣᠷ ᠣᠷᠳᠣᠳᠬᠤ ᠪᠤᠯᠤᠯ᠎ᠠ ᠭᠡᠵᠤ᠂ ᠦᠯᠢᠭᠡᠷ ᠳᠣᠭᠤᠵᠢ ᠬᠡᠯᠡᠬᠦ ᠶᠢ ᠴᠢᠩᠨᠠᠬᠤ ᠭᠡᠤᠭᠡᠳ ᠣᠯᠠᠨ ᠪᠤᠯᠤᠨ᠎ᠠ ᠭᠡᠵᠤ ᠨᠠᠰᠣᠳᠠᠢ ᠬᠦᠮᠦᠨ ᠪᠠᠶᠠᠷᠯᠠᠳᠠᠭ ᠭᠡᠨ᠎ᠡ᠃ ᠣᠷᠳᠣ ᠰᠦᠨᠢ ᠭᠡᠤᠭᠡᠳ ᠤᠳ ᠨᠤᠶᠢᠷ ᠲᠤ ᠳᠠᠷᠣᠭᠳᠠᠵᠣ᠂ ᠨᠠᠰᠣᠳᠠᠢ ᠬᠦᠮᠦᠨ ᠨᠦᠢᠷ ᠬᠤᠯᠵᠢᠨ᠂ ᠰᠦᠨᠢ ᠦᠩᠭᠡᠷᠡᠵᠤ ᠦᠭᠬᠦ ᠦᠭᠡᠢ ᠵᠤᠪᠠᠳᠠᠭ ᠪᠤᠯᠬᠤᠷ᠂ ᠨᠠᠰᠣᠳᠠᠢ ᠬᠦᠮᠦᠨ ᠶᠢᠰᠣ ᠡᠬᠢᠯᠡᠬᠦ ᠶᠢ ᠬᠤᠷᠤᠭᠤ ᠳᠠᠷᠤᠨ ᠳᠣᠭᠠᠯᠠᠵᠤ ᠬᠦᠯᠢᠶᠡᠳᠡᠭ ᠭᠡᠨ᠎ᠡ᠃ ᠲᠡᠶᠢᠮᠤ ᠠᠴᠠ ᠶᠢᠰᠣ ᠡᠬᠢᠯᠡᠭᠰᠡᠨ ᠡᠳᠣᠷ ᠰᠠᠶᠢᠬᠠᠨ ᠬᠤᠭᠤᠯᠠ ᠬᠢᠵᠤ᠂ ᠨᠠᠰᠣᠳᠠᠨ ᠭᠡᠤᠭᠡᠳ ᠬᠤᠶᠠᠷ ᠢᠶᠠᠨ ᠪᠠᠶᠠᠷᠯᠠᠭᠤᠯᠳᠠᠭ ᠪᠠᠶᠢᠵᠡᠢ᠃  ᠶᠡᠷᠤ ᠨᠢ ︽ᠶᠢᠰᠣ ᠡᠬᠢᠯᠡᠯ᠎ᠡ︾ ᠭᠡᠳᠡᠭ ᠨᠢ ᠡᠨᠡ ᠵᠢᠯ ᠤᠨ ᠬᠠᠮᠤᠭ ᠤᠨ ᠬᠦᠢᠳᠡᠨ ᠡᠬᠢᠯᠡᠯ᠎ᠡ ᠭᠡᠰᠡᠨ ᠣᠳᠬ᠎ᠠ ᠲᠠᠢ ᠭᠡᠨ᠎ᠡ᠃ ᠳᠣᠭᠠᠨ ᠤ ᠪᠡᠯᠭᠡᠳᠡᠯ ᠤᠨ ᠳᠠᠯ᠎ᠠ ᠪᠠᠷ ᠶᠢᠰᠣ ᠪᠣᠯ ︽ᠬᠠᠮᠤᠭ︾ ︽ᠲᠦᠢᠯ︾ ᠭᠡᠰᠡᠨ ᠦᠭᠡ ᠶᠢᠨ ᠲᠦᠯᠦᠭᠡᠯᠡᠯ ᠪᠤᠶᠤ ᠪᠡᠯᠭᠡᠳᠡᠯ ᠪᠤᠯᠳᠠᠭ᠃           ᠡᠪᠤᠯ ᠤᠨ.ᠲᠦᠢᠯ ᠤᠷᠤᠬᠤ ᠡᠳᠣᠷ ᠡᠬᠦᠯᠡ ᠲᠠᠢ ᠪᠤᠯ ᠢᠷᠡᠬᠦ ᠵᠢᠯ ᠳᠣᠯᠠᠭᠠᠨ ᠪᠤᠯᠤᠨ᠎ᠠ᠃ ᠬᠤᠶᠠᠳᠡᠬᠢ ᠡᠳᠣᠷ ᠨᠢ ᠡᠬᠦᠯᠡ ᠭᠠᠷᠪᠠᠯ ᠢᠷᠡᠬᠦ ᠵᠢᠯ ᠪᠠᠭ᠎ᠠ ᠭᠠᠩᠳᠠᠨ᠎ᠠ᠂ ᠭᠤᠷᠪᠠᠳᠠᠬᠢ ᠡᠳᠣᠷ ᠨᠢ ᠡᠬᠦᠯᠡ ᠭᠠᠷᠪᠠᠯ ᠢᠷᠡᠬᠦ ᠵᠢᠯ ᠶᠡᠭᠡ ᠭᠠᠩᠳᠠᠬᠤ ᠪᠤᠯᠤᠨ᠎ᠠ᠃ ᠲᠦᠷᠪᠡᠳᠡᠬᠢ ᠡᠳᠣᠷ ᠨᠢ ᠡᠬᠦᠯᠡ ᠭᠠᠷᠪᠠᠯ ᠢᠷᠡᠬᠦ ᠵᠢᠯ ᠳᠤ ᠳᠠᠷᠢᠶᠠᠨ ᠤ ᠣᠷᠭᠤᠴᠠ ᠮᠠᠭᠤ ᠪᠠᠶᠢᠵᠤ᠂ ᠳᠠᠪᠤᠳᠠᠬᠢ ᠡᠳᠣᠷ ᠨᠢ ᠡᠬᠦᠯᠡ ᠭᠠᠷᠪᠠᠯ ᠳᠠᠷᠠᠭ᠎ᠠ ᠵᠢᠯ ᠳᠤ ᠪᠠᠭ᠎ᠠ ᠵᠡᠷᠭᠡ ᠶᠢᠨ ᠪᠤᠷᠤᠭᠠᠨ ᠲᠠᠢ ᠪᠠᠶᠢᠵᠤ᠂ ᠵᠢᠷᠭᠤᠳᠣᠭᠠᠷ ᠡᠳᠣᠷ ᠨᠢ ᠡᠬᠦᠯᠡ ᠭᠠᠷᠪᠠᠯ ᠶᠡᠭᠡ ᠪᠤᠷᠤᠭᠠᠨ ᠲᠠᠢ᠂ ᠳᠣᠯᠣᠳᠣᠭᠠᠷ ᠡᠳᠣᠷ ᠨᠢ ᠡᠬᠦᠯᠡ ᠭᠠᠷᠪᠠᠯ ᠳᠠᠷᠠᠭ᠎ᠠ ᠵᠢᠯ ᠨᠢ ᠦᠶᠡᠷ ᠶᠡᠭᠡ᠂ ᠨᠠᠢᠮᠠᠳᠣᠭᠠᠷ ᠡᠳᠣᠷ ᠨᠢ ᠡᠬᠦᠯᠡ ᠭᠠᠷᠪᠠᠯ ᠳᠠᠯᠠᠢ ᠶᠢᠨ ᠣᠰᠣ ᠶᠡᠭᠡᠰᠬᠦ᠂ ᠶᠢᠰᠦᠳᠦᠭᠡᠷ ᠡᠳᠣᠷ ᠨᠢ ᠡᠬᠦᠯᠡ ᠭᠠᠷᠪᠠᠯ ᠶᠡᠭᠡ ᠬᠠᠯᠠᠭᠤᠨ ᠵᠢᠯ ᠪᠤᠯᠬᠤ᠂ ᠠᠷᠪᠠ ᠠᠴᠠ ᠠᠷᠪᠠᠨ ᠬᠤᠶᠠᠳᠣᠭᠠᠷ ᠡᠳᠣᠷ  ᠨᠢ ᠡᠬᠦᠯᠡ ᠭᠠᠷᠪᠠᠯ ᠳᠠᠷᠢᠶᠠᠨ ᠳᠤ ᠮᠠᠭᠤ ᠭᠡᠳᠡᠭ᠃ ᠵᠢᠯ ᠪᠦᠷᠢ ᠶᠢᠨ ᠡᠪᠤᠯ ᠤᠨ ᠲᠦᠢᠯ ᠣᠷᠣᠬᠤ ᠡᠳᠣᠷ ᠡᠬᠢᠯᠡᠨ ᠶᠢᠰᠣ ᠣᠷᠣᠳᠠᠭ᠃ ᠢᠩᠭᠢᠭᠡᠳ ᠨᠢᠭᠡ ᠶᠢᠰᠣ᠂ ᠬᠤᠶᠠᠷ ᠶᠢᠰᠣ᠂ ᠭᠤᠷᠪᠠ ᠶᠢᠰᠣ ᠁ ᠭᠡᠮᠡᠨ ᠳᠠᠷᠠᠭᠠᠯᠠᠨ ᠶᠢᠰᠣ ᠶᠢᠰᠣ ᠣᠷᠣᠵᠣ ᠪᠦᠬᠦᠳᠡ ᠶᠢᠰᠣᠨ ᠶᠢᠰᠣ  ᠨᠠᠶᠠᠨ ᠨᠢᠭᠡᠨ ᠡᠳᠣᠷ ᠦᠷᠬᠦᠯᠵᠢᠯᠡᠳᠡᠭ᠃ ᠭᠡᠬᠦ ᠳᠡᠭᠡᠨ ᠳᠠᠪᠤ ᠶᠢᠰᠣ ᠶᠢᠨ ᠬᠠᠮᠤᠭ ᠰᠡᠬᠦᠯᠴᠢ ᠶᠢᠨ ᠡᠳᠣᠷ ᠵᠠᠪᠠᠯ ᠬᠠᠪᠤᠷ ᠤᠨ ᠠᠭᠤᠷ ᠤᠷᠤᠨ᠎ᠠ᠃ ᠨᠡᠷ᠎ᠡ ᠶᠢ ᠨᠢ ᠰᠣᠨᠣᠰᠣᠮᠠᠭᠴᠠ ᠨᠢᠳᠡᠷ ᠢ ᠨᠢ ᠮᠡᠳᠡᠬᠦ ᠭᠡᠮᠡᠭᠰᠡᠨᠴᠢᠯᠡᠨ᠂ ᠶᠢᠰᠣᠨ ᠶᠢᠰᠣ ᠨᠢ ᠨᠢᠭᠡ ᠵᠢᠯ ᠤᠨ ᠬᠦᠢᠳᠡᠨ ᠣᠯᠠᠷᠢᠯ ᠢ ᠵᠢᠭᠠᠳᠠᠭ᠃ ᠢᠯᠠᠩᠭᠤᠶ᠎ᠠ ᠡᠪᠤᠯ  ᠤᠨ ᠣᠯᠠᠷᠢᠯ ᠳᠠᠬᠢ ᠬᠠᠮᠤᠭ ᠬᠦᠢᠳᠡᠨ ᠴᠠᠭ ᠨᠢ ᠭᠤᠷᠪᠠ ᠶᠢᠰᠣ ᠪᠠ ᠳᠦᠷᠪᠡ ᠶᠢᠰᠣ ᠳᠡᠭᠡᠷ᠎ᠡ ᠳᠠᠭᠠᠷᠠᠳᠠᠭ᠂ ᠠᠷᠠᠳ  ᠤᠨ ᠠᠮᠠᠨ ᠶᠠᠷᠢᠶᠠᠨ ᠳᠤ ᠴᠦ ︽ᠭᠤᠷᠪᠠ ᠶᠢᠰᠣᠨ ᠤ ᠬᠦᠢᠳᠡᠨ ᠳᠤ ᠭᠤᠨ᠎ᠠ ᠦᠭᠡᠷ ᠤᠨ ᠳᠣᠯᠣᠭᠠᠢ ᠳᠡᠯᠪᠡ ᠬᠦᠯᠳᠡᠳᠡᠭ︾ ᠭᠡᠵᠤ ᠵᠦᠢᠷᠯᠡᠨ ᠭᠡᠯᠡᠳᠡᠭ ᠶᠤᠮ᠃  
 
ᠢᠷᠡᠯᠲᠡ᠄ ᠬᠤᠯᠪᠣᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号